ᠠᠪᠤ ᠶᠢᠨ ᠬᠠᠶᠢᠷ᠎ᠠ
ᠨᠡᠶᠢᠲᠡᠯᠡᠭᠰᠡᠨ ᠴᠠᠭ᠄
2022/4/25
        ᠠᠪᠤ ᠶᠢᠨ ᠬᠠᠶᠢᠷ᠎ᠠ                                           ᠳᠠᠯᠠᠩᠭᠤᠷᠪᠠᠦᠷ ᠤᠨ ᠭᠡᠭᠡ ᠲᠠᠢ ᠤᠷᠤᠯᠳᠤᠨ ᠪᠣᠰᠳᠠᠭ ᠮᠢᠨᠤ ᠠᠪᠤᠦᠷᠭᠦᠯᠵᠢ ᠶᠠᠭᠠᠷᠠᠭᠠᠳ ᠪᠠᠷᠠᠳᠠᠭ ᠦᠭᠡᠢ ᠬᠦᠭᠰᠢᠨᠦᠷ᠎ᠡ ᠪᠠᠨ ᠭᠡᠵᠤ ᠵᠢᠳᠬᠦᠭᠰᠡᠭᠡᠷ ᠪᠠᠶᠢᠵᠤᠦᠰᠦ ᠨᠢ ᠴᠠᠶᠢᠷᠠᠵᠤ ᠦᠭᠡ ᠲᠠᠭᠤ ᠴᠤ ᠴᠥᠬᠡᠷᠡᠪᠡ ᠬᠥᠭᠡᠷᠦᠬᠦᠢ      ᠠᠯᠳᠠᠨ ᠨᠠᠷᠠᠨ ᠤ ᠰᠢᠷᠭᠠᠯ ᠲᠤᠶᠠᠭ᠎ᠠ ᠠᠪᠤ ᠶᠢᠨ ᠠᠮᠢᠳᠤᠷᠠᠯ ᠢ ᠭᠡᠶᠢᠭᠦᠯᠵᠦ      ᠠᠳᠤᠭᠤ ᠮᠠᠯ ᠠᠲᠠᠷ ᠲᠠᠷᠢᠶ᠎ᠠ ᠪᠦᠬᠦᠨ ᠠᠪᠤ ᠶᠢᠨ ᠴᠢᠳᠠᠯ ᠢ ᠰᠢᠪᠬᠠᠵᠤ      ᠠᠶᠠᠯᠠᠨ ᠠᠶᠠᠯᠠᠨ ᠤᠳᠤᠬᠤ ᠣᠨ ᠴᠠᠭ ᠤᠨ ᠤᠷᠤᠰᠬᠠᠯ      ᠠᠴᠢᠳᠤ ᠠᠪᠤ ᠶᠢ ᠬᠠᠶᠢᠷ᠎ᠠ ᠨᠠᠶᠢᠷ ᠦᠭᠡᠢ ᠳᠠᠭᠠᠷᠢᠯ᠎ᠠ ᠬᠥᠭᠡᠷᠦᠬᠦᠢᠬᠦᠢᠳᠡᠨ ᠡᠪᠦᠯ ᠬᠠᠯᠠᠭᠤᠨ ᠵᠤᠨ ᠤ ᠡᠭᠡᠯᠵᠢ ᠰᠢᠭᠬᠦᠮᠤᠨ ᠤ ᠬᠤᠷᠸ᠎ᠠ ᠶᠢᠨ ᠵᠢᠷᠭᠠᠯ ᠵᠣᠪᠠᠯᠠᠩ ᠬᠤᠶᠠᠷᠬᠥᠳᠡᠭᠡ ᠶᠢᠨ ᠮᠠᠩᠬᠠᠨ ᠳᠤ ᠪᠠᠨ ᠳᠠᠰᠤᠭᠰᠠᠨ ᠠᠪᠤ ᠶᠢᠬᠦᠭᠰᠢᠨ ᠨᠠᠷᠠᠰᠤ ᠰᠢᠭ ᠪᠦᠭᠳᠦᠷ ᠨᠢᠷᠤᠭᠤ ᠲᠠᠢ ᠪᠣᠯᠭᠠᠯ᠎ᠠ ᠬᠥᠭᠡᠷᠦᠬᠦᠢ      ᠡᠷᠢᠯ ᠰᠣᠩᠭᠤᠯᠲᠠ ᠬᠤᠣᠰᠯᠠᠭᠰᠠᠨ ᠠᠮᠢᠳᠤᠷᠠᠯ ᠤᠨ ᠵᠠᠷᠴᠢᠮ ᠳᠤ      ᠡᠷᠦᠬᠡ ᠠᠶᠢᠯ ᠤᠨ ᠥᠭᠡᠳᠡᠯᠡᠬᠦ ᠵᠠᠶᠠᠭ᠎ᠠ ᠶᠢ ᠪᠠᠶ᠎ᠡ ᠳᠤ ᠪᠠᠨ ᠳᠠᠳᠠᠵᠤ      ᠡᠮᠡᠭᠡᠯ ᠲᠠᠢ ᠮᠣᠷᠢᠨ ᠤ ᠨᠢᠷᠤᠭᠤᠨ ᠳᠤ ᠡᠷ᠎ᠡ ᠵᠠᠯᠠᠭᠤ ᠨᠠᠰᠤ ᠪᠠᠨ ᠬᠡᠶᠢᠰᠬᠡᠨ      ᠡᠷᠡᠮᠡᠬᠡᠢ ᠵᠣᠷᠢᠭ ᠢᠳᠡ ᠬᠦᠴᠦ ᠪᠠᠷ ᠢᠶᠠᠨ ᠵᠢᠳᠬᠦᠭᠰᠡᠭᠡᠷ ᠪᠠᠶᠢᠯ᠎ᠠᠰᠣᠶᠣᠯ ᠤᠨ ᠪᠠᠯᠠᠢ ᠶᠢᠨ ᠨᠥᠯᠥᠭᠡ ᠶᠢ ᠨᠡᠪᠲᠡ ᠬᠦᠷᠲᠡᠭᠰᠡᠨ ᠠᠪᠤᠰᠤᠳᠤᠷ ᠪᠢᠴᠢᠭ ᠤᠨ ᠷᠢᠳᠢ ᠰᠢᠳᠢ ᠶᠢ ᠪᠠᠲᠤ ᠢᠲᠡᠭᠡᠵᠦᠰᠣᠷᠬᠤ ᠨᠠᠰᠤᠨ ᠤ ᠨᠠᠮ᠎ᠠ ᠶᠢ ᠮᠡᠳᠡᠯᠭᠡ ᠶᠢᠨ ᠪᠠᠯ ᠢ ᠠᠮᠰᠠᠭᠤᠯᠬᠤ ᠬᠡᠮᠡᠨᠰᠤᠮᠤ ᠬᠤᠰᠢᠭᠤᠨ ᠤ ᠵᠠᠮ ᠢ ᠮᠣᠷᠢ ᠮᠤᠲᠤᠷ ᠢᠶᠠᠷ ᠨᠢᠮᠭᠡᠷᠡᠲᠡᠯ᠎ᠡ ᠳᠠᠪᠬᠢᠯ᠎ᠠ ᠬᠦᠭᠡᠷᠦᠬᠦᠢ       ᠬᠦᠯᠦᠭ ᠤᠨ ᠨᠢᠷᠤᠭᠤᠨ ᠳᠤ ᠣᠨ ᠵᠢᠯ ᠢ ᠠᠶᠠᠯᠠᠭᠤᠯᠵᠤ       ᠬᠥᠳᠡᠭᠡ ᠶᠢᠨ ᠲᠠᠩᠰᠤᠭ ᠪᠡᠯᠴᠢᠭᠡᠷ ᠲᠤ ᠪᠠᠨ ᠮᠠᠯ ᠰᠦᠷᠦᠭ ᠢᠶᠠᠨ ᠪᠡᠯᠴᠢᠭᠡᠨ       ᠬᠥᠪᠡᠭᠡ ᠦᠭᠡᠢ ᠠᠮᠢᠳᠤᠷᠠᠯ ᠤᠨ ᠬᠠᠷᠭᠤᠢ ᠳᠤ       ᠬᠦᠦ ᠶᠢᠨ ᠢᠶᠠᠨ ᠬᠦᠰᠡᠯ ᠢ ᠬᠠᠷᠢᠭᠤᠯᠤᠨ᠎ᠠ ᠬᠥᠭᠡᠷᠦᠬᠦᠢᠠᠯᠤᠰ ᠢ ᠵᠣᠷᠢᠨ ᠠᠶᠢᠯ ᠠᠴᠠ ᠰᠠᠯᠬᠤ ᠪᠣᠯᠭᠠᠨᠠᠨᠢᠰᠬ᠎ᠠ ᠪᠠᠨ ᠴᠢᠯᠡᠲᠡᠯ᠎ᠡ ᠬᠠᠷᠠᠴᠠ ᠪᠠᠷ ᠢᠶᠠᠨ ᠨᠠᠮ᠎ᠠ ᠶᠢ ᠬᠦᠷᠭᠡᠳᠡᠭᠠᠭᠲᠠ ᠶᠢᠨ ᠵᠢᠯᠣᠭᠤ ᠡᠷᠭᠢᠭᠦᠯᠦᠨ ᠠᠷᠤ ᠭᠡᠷ ᠲᠤ ᠪᠠᠨ ᠬᠠᠷᠢᠬᠤ ᠪᠣᠯᠭᠠᠨᠠᠳᠤᠭᠤᠨ ᠤ ᠪᠠᠨ ᠪᠡᠯᠴᠢᠭᠡᠷ ᠠᠴᠠ ᠰᠠᠷᠠᠪᠴᠢᠯᠠᠨ ᠬᠦᠯᠢᠶᠡᠳᠡᠭ ᠶᠤᠮ ᠬᠥᠭᠡᠷᠦᠬᠦᠢ      ᠡᠮᠦᠰᠦᠭᠰᠡᠨ ᠬᠤᠪᠴᠠᠰᠤ ᠪᠠᠨ ᠰᠣᠯᠢᠬᠤ ᠪᠠᠨ ᠮᠡᠳᠡᠬᠦ ᠦᠭᠡᠢ ᠭᠡᠵᠦ ᠡᠵᠢ ᠪᠠᠷ ᠵᠠᠩᠨᠠᠭᠤᠯᠤᠨ ᠪᠠᠶᠢᠳᠠᠭ      ᠡᠪᠦᠳᠦᠭ ᠴᠤᠭᠤᠷᠬᠠᠢ ᠥᠮᠥᠳᠦ ᠪᠠᠨ ᠲᠠᠶᠢᠯᠬᠤ ᠦᠭᠡᠢ ᠭᠡᠵᠦ ᠬᠡᠯᠡᠭᠳᠡᠭᠡᠳ ᠪᠠᠶᠢᠳᠠᠭ      ᠡᠷᠲᠡ ᠣᠷᠣᠢ ᠭᠠᠳᠠᠨ᠎ᠠ ᠭᠦᠶᠦᠵᠦ ᠪᠠᠶᠢᠬᠤ ᠴᠢᠨᠢ ᠭᠡᠳ ᠬᠡᠳᠦᠨ ᠦᠭᠡ ᠪᠠᠷ ᠬᠠᠷᠢᠭᠤᠯᠠᠭᠠᠳ      ᠡᠪ ᠢ ᠨᠢ ᠦᠵᠡᠵᠦ ᠡᠪᠳᠡᠶᠢᠬᠡᠨ ᠥᠩᠭᠡᠷᠡᠭᠦᠯᠳᠡᠭ ᠬᠠᠰᠢᠷ ᠠᠪᠤ ᠮᠢᠨᠢ ᠬᠥᠭᠡᠷᠦᠬᠦᠢᠬᠠᠳᠠᠨ ᠤ ᠵᠠᠪᠰᠠᠷ ᠢᠶᠠᠷ ᠣᠷᠭᠢᠯᠬᠤ ᠲᠤᠩᠭᠠᠯᠠᠭ ᠪᠤᠯᠠᠭ ᠤᠨ ᠤᠰᠤ ᠰᠢᠭ᠋ᠬᠠᠶᠢᠷᠠᠲᠤ ᠠᠪᠤ ᠶᠢᠨ ᠮᠢᠨᠢ ᠨᠠᠳᠠᠳᠤ ᠥᠭᠭᠦᠭᠰᠡᠨ ᠬᠠᠶᠢᠷ᠎ᠠᠬᠠᠨ ᠬᠤᠷᠮᠤᠰᠲᠠ ᠶᠢᠨ ᠭᠦᠨ ᠳᠤ ᠡᠯᠭᠦᠭᠳᠡᠬᠦ ᠨᠠᠷᠠ ᠠᠴᠠ ᠢᠯᠴᠢ ᠲᠠᠢ ᠪᠠᠶᠢᠵᠤᠬᠠᠰᠢᠷ ᠪᠣᠯᠣᠨ ᠪᠦᠷᠢᠮᠦᠰᠦᠨ ᠣᠶᠢᠯᠠᠭᠠᠭᠳᠠᠬᠤ ᠳᠤ ᠶᠠᠭᠤ ᠪᠠᠷ ᠬᠠᠷᠢᠭᠤᠯᠠᠬᠤ ᠪᠤᠢ      ᠬᠦᠰᠡᠯ ᠢᠶᠠᠷ ᠬᠦᠯᠦᠭ ᠪᠣᠯᠭᠠᠨ ᠬᠤᠯᠠ ᠶᠢ ᠵᠣᠷᠢᠬᠤ ᠳᠤ      ᠬᠥᠮᠥᠵᠢᠭᠦᠯᠦᠭᠰᠡᠨ ᠪᠦᠷᠭᠦᠳ ᠨᠢ ᠵᠢᠭᠦᠷ ᠢᠶᠠᠨ ᠳᠡᠯᠭᠡᠭᠰᠡᠨ ᠰᠢᠭ ᠪᠠᠶᠠᠷᠯᠠᠨ      ᠬᠥᠭᠵᠢᠶᠡᠨᠲᠦ ᠬᠤᠳᠠ ᠶᠢᠨ ᠭᠤᠳᠤᠮᠵᠢ ᠳᠤ ᠴᠡᠩᠭᠡᠯᠳᠦᠬᠦ ᠵᠠᠭᠤᠷ᠎ᠠ      ᠬᠦᠭᠰᠢᠨ ᠠᠪᠤ ᠶᠢᠨ ᠢᠶᠠᠨ ᠬᠦᠰᠡᠯᠡᠩ ᠨᠢ ᠪᠠᠶᠢᠳᠠᠭ ᠢᠶᠠᠨ ᠠᠩᠵᠠᠭᠠᠷᠠᠭᠰᠠᠨ ᠦᠭᠡᠢ ᠬᠠᠷᠠᠮᠰᠠᠨ᠎ᠠᠪᠤᠭᠤᠷᠤᠯ ᠬᠤᠷᠸ᠎ᠠ ᠳᠤ ᠠᠴᠢ ᠶᠢᠨ ᠲᠡᠭᠷᠢ ᠪᠠᠷ ᠵᠠᠶᠠᠭᠠᠭᠰᠠᠨᠪᠣᠳᠣᠯ ᠤᠨ ᠭᠦᠨ ᠳᠤ ᠮᠥᠩᠬᠡᠷᠡᠬᠦ ᠶᠣᠰᠣᠲᠠᠢᠪᠤᠷᠬᠠᠨ ᠰᠡᠳᠭᠡᠯᠳᠤ ᠮᠢᠨᠤ ᠠᠪᠤᠪᠣᠷᠣᠭᠵᠢᠭᠤᠨ ᠠᠮᠢᠳᠤᠷᠠᠯ ᠢ ᠭᠡᠶᠢᠭᠦᠯᠬᠦ ᠨᠠᠷᠠ ᠪᠢᠯᠡ      ᠣᠨ ᠵᠢᠯ ᠤᠨ ᠤᠷᠤᠰᠬᠠᠯ ᠠᠪᠤ ᠶᠢ ᠶᠠᠭᠤᠨ ᠳᠤ ᠡᠳᠤᠢ ᠬᠠᠲᠠᠭᠤ ᠲᠠᠭᠠᠷᠢᠪᠠ      ᠤᠴᠢᠵᠤ ᠢᠷᠡᠬᠦ ᠨᠠᠷᠠᠨ ᠰᠠᠷᠠᠨ ᠤ ᠡᠷᠭᠢᠯᠲᠡ ᠨᠢ ᠨᠠᠮᠤᠭᠤᠨ ᠪᠠᠶᠢᠵᠤ ᠪᠣᠯᠬᠤ ᠦᠭᠡᠢ ᠦᠦ      ᠤᠷᠤᠨ ᠨᠤᠲᠤᠭ ᠤᠨ ᠬᠥᠬᠡ ᠲᠡᠭᠷᠢ ᠬᠤᠷ᠎ᠠ ᠪᠣᠷᠣᠭᠠᠨ ᠪᠥᠬᠦᠨ      ᠣᠷᠴᠢᠯᠠᠩ ᠳᠡᠯᠡᠬᠡᠢ ᠳᠤ ᠠᠪᠤ ᠶᠢ ᠥᠨᠢᠳᠡ ᠢᠪᠡᠭᠡᠬᠦ ᠪᠣᠯᠲᠤᠭᠠᠢ᠃           ᠵᠣᠬᠢᠶᠠᠭᠴᠢ ᠶᠢᠨ ᠬᠠᠶ᠋ᠢᠭ᠄ ᠦᠬᠠᠢ ᠬᠤᠲᠠ ᠶᠢᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ 
ᠢᠷᠡᠯᠲᠡ᠄ ᠦᠬᠠᠢ ᠬᠤᠲᠠ ᠶᠢᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ