ᠡᠪᠦᠯ ᠠᠶᠢᠰᠤᠢ | ᠨᠠ᠊ · ᠵᠢᠷᠭᠠᠯ | | | ᠮᠤᠳᠤᠨ ᠤ ᠨᠠᠪᠴᠢᠰ ᠭᠠᠵᠠᠷ ᠢ ᠦᠨᠦᠰᠬᠦ ᠳᠤ ᠤᠷᠭᠤᠮᠠᠯ ᠤᠨ ᠴᠡᠴᠡᠭᠡᠰ ᠨᠢ ᠠᠯᠠᠭ᠎ᠠ ᠪᠠᠨ ᠳᠡᠯᠭᠡᠵᠦ | ᠮᠦᠩᠭᠦᠨ ᠬᠢᠷᠠᠭᠤ ᠤᠯᠠᠷᠢᠯ ᠢ ᠮᠡᠳᠡᠭᠡᠯᠡᠬᠦ ᠳᠤ ᠪᠤᠯᠵᠤᠮᠤᠷ ᠰᠢᠪᠠᠭᠤᠳ ᠨᠢ ᠵᠦᠢᠯ ᠢᠶᠠᠷ ᠱᠤᠯᠤᠭᠠᠨᠠᠵᠤ | ᠮᠡᠳᠡᠬᠦ ᠦᠯᠦ ᠮᠡᠳᠡᠬᠦ ᠶᠢᠨ ᠵᠠᠪᠰᠠᠷ ᠡᠪᠦᠯ ᠤᠨ ᠦᠩᠭᠡ ᠬᠡᠳᠦᠶᠢᠨ ᠠᠬᠤᠢ ᠪᠠᠶᠢᠭᠠᠯᠢ ᠶᠢ ᠵᠢᠷᠤᠭᠯᠠᠵᠤ | ᠮᠠᠨᠠᠨ ᠬᠦᠪᠪᠦᠯᠵᠡᠨ ᠭᠡᠨᠡᠳᠲᠡ ᠪᠠᠷ ᠪᠣᠷᠤᠭᠠᠯᠠᠬᠤ ᠬᠠᠴᠢᠨ ᠬᠤᠪᠢᠷᠠᠯ ᠢ ᠳᠦᠷᠭᠢᠯᠳᠦᠨ ᠭᠠᠶᠢᠬᠠᠯᠳᠤᠨᠠᠮ᠃ | | | ᠰᠢᠪᠡᠷᠡᠬᠦ ᠪᠣᠷᠤᠭᠠᠨ ᠨᠠᠮᠤᠷᠵᠢᠨ ᠦᠷᠭᠦᠯᠵᠢᠯᠡᠨ ᠡᠪᠡᠰᠦ ᠲᠠᠷᠢᠶᠠᠨ ᠤ ᠠᠵᠢᠯ ᠬᠡᠪ ᠢᠶᠠᠨ ᠠᠯᠳᠠᠬᠤ ᠳᠤ | ᠰᠡᠯᠪᠢᠵᠦ ᠪᠠᠬᠢᠯᠡᠬᠦ ᠡᠪᠦᠯᠵᠢᠶ᠎ᠡ ᠶᠢᠨ ᠪᠠᠭᠤᠴᠠ ᠳᠤ ᠡᠪᠦᠭᠡᠳ ᠬᠦᠭᠰᠢᠳ ᠡᠳᠦᠷᠵᠢᠨ ᠮᠤᠩᠭᠢᠨᠠᠯᠳᠤᠵᠤ | ᠰᠠᠭᠠᠯᠢ ᠰᠦ ᠪᠠᠨ ᠬᠤᠷᠢᠶᠠᠬᠤ ᠦᠬᠢᠳ ᠪᠡᠷᠢᠶᠡᠳ ᠠᠷᠭᠠᠯ ᠴᠦᠪᠦᠳᠡᠯ ᠭᠡᠳ ᠰᠠᠨᠠᠭ᠎ᠠ ᠪᠣᠯᠬᠤ ᠳᠤ | ᠰᠠᠯᠬᠢᠯᠠᠵᠤ ᠬᠦᠢᠲᠡᠷᠡᠬᠦ ᠴᠠᠭ ᠠᠭᠠᠷ ᠤᠨ ᠪᠠᠴᠢᠮ ᠴᠢᠮᠡᠭᠡ ᠶᠢ ᠷᠠᠳᠢᠤ᠋ ᠲᠧᠯᠸᠢᠰ ᠶᠠᠭᠠᠷᠠᠤ ᠰᠠᠴᠤᠨᠠᠮ᠃ | | | ᠡᠭᠡᠭᠡ ᠠᠳᠠᠯᠢ ᠪᠤᠭᠤᠵᠢ ᠲᠠᠢ ᠬᠦᠬᠡ ᠡᠪᠡᠰᠦ ᠲᠦᠷᠦᠭᠦᠦ ᠵᠢᠯ ᠠᠴᠠ ᠳᠠᠬᠢᠨ ᠬᠦᠨᠳᠦ ᠪᠣᠯᠤᠯ᠎ᠠ ᠭᠡᠵᠦ | ᠡᠷᠲᠡᠯᠡᠨ ᠪᠣᠰᠤᠭᠰᠠᠨ ᠢᠳᠡᠷ ᠡᠷ᠎ᠡ ᠬᠠᠳᠤᠯᠠᠩ ᠳᠤ ᠰᠢᠪᠠᠷᠲᠠᠭᠰᠠᠨ ᠲᠡᠷᠭᠡ ᠪᠠᠨ ᠲᠠᠲᠠᠭᠤᠯᠬᠤ ᠳᠤ | ᠡᠪᠦᠯᠵᠢᠶ᠎ᠡ ᠵᠦᠭ ᠪᠣᠷᠳᠤᠭ᠎ᠠ ᠵᠦᠭᠡᠭᠡᠬᠦ ᠠᠶᠢᠯ ᠤᠨ ᠵᠠᠯᠠᠭᠤᠰ ᠲᠠᠷᠢᠶᠠᠨ ᠵᠤᠷᠬ᠎ᠠ ᠪᠠᠷ ᠦᠢᠮᠡᠯᠳᠦᠵᠦ | ᠠᠲᠡᠭᠡ ᠲᠡᠨᠲᠡᠭᠡ ᠠᠴᠠ ᠲᠡᠷᠭᠡ ᠬᠦᠰᠭᠡ ᠶᠢ ᠳᠠᠭᠤᠳᠠᠨ ᠦᠶᠡᠷ ᠭᠠᠲᠤᠯᠬᠤ ᠪᠠᠷ ᠬᠦᠴᠦ ᠰᠢᠪᠬᠠᠨᠠᠮ᠃ | | | ᠨᠠᠮᠤᠷ ᠤᠨ ᠠᠵᠢᠯ ᠢᠶᠠᠨ ᠠᠷᠠᠢ ᠭᠡᠵᠦ ᠰᠡᠭᠦᠯ ᠰᠢᠪᠳᠤᠷᠠᠬᠤ ᠳᠤ ᠨᠠᠷᠢᠨ ᠪᠣᠷᠤᠭᠠᠨ ᠠᠬᠢᠭᠠᠳ ᠵᠦᠰᠡᠷᠡᠵᠦ | ᠨᠡᠲᠦᠶᠢᠬᠦ ᠡᠭᠦᠯᠡ ᠬᠤᠷᠤᠮᠬᠠᠨ ᠵᠠᠭᠤᠷ᠎ᠠ ᠡᠪᠬᠡᠷᠡᠯᠳᠦᠨ ᠬᠤᠶᠢᠯᠠᠷᠠᠭᠠᠳ ᠴᠠᠰᠤ ᠪᠤᠷᠤᠭᠠᠨ ᠬᠤᠳᠬᠤᠯᠳᠤᠵᠤ | ᠨᠡᠮᠨᠡᠭᠡ ᠳᠠᠪᠬᠤᠴᠠᠭ᠎ᠠ ᠶᠢ ᠨᠢ ᠵᠤᠵᠠᠭᠠᠯᠠᠨ ᠬᠡᠳᠦᠨ ᠶᠠᠳᠠᠷ ᠢᠶᠠᠨ ᠬᠠᠰᠢᠶ᠎ᠠ ᠲᠦᠬᠦᠭᠦᠯᠦᠨ ᠵᠠᠪ ᠶᠠᠳᠠᠬᠤ ᠳᠤ | ᠨᠦᠭᠡᠴᠡᠯᠡᠬᠦ ᠶᠤᠰᠤᠲᠡᠢ ᠠᠮᠤ ᠬᠦᠨᠡᠰᠦ ᠨᠣᠭᠤᠭ᠎ᠠ ᠳᠠᠪᠤᠰᠤ ᠶᠢ ᠪᠠᠨ ᠢᠯᠡᠭᠦᠬᠡᠨ ᠠᠪᠬᠤ ᠶᠢ ᠱᠠᠭᠠᠷᠳᠠᠨᠠᠮ᠃ | | | ᠲᠦᠯᠡᠰᠢ ᠨᠡᠭᠦᠷᠡᠰᠦ ᠶᠢᠨ ᠦᠨ᠎ᠡ ᠬᠠᠩᠰᠢ ᠲᠡᠭᠷᠢ ᠳᠤ ᠲᠤᠯᠤᠯ᠎ᠠ ᠭᠡᠵᠦ ᠬᠤᠲᠠ ᠬᠦᠳᠡᠭᠡ ᠳᠦᠷᠭᠢᠯᠳᠦᠵᠦ | ᠲᠡᠳᠬᠦᠪᠦᠷᠢ ᠨᠦᠬᠦᠪᠦᠷᠢ ᠶᠢᠨ ᠴᠢᠮᠡᠭᠡ ᠳᠤᠭᠤᠯᠳᠠᠨ ᠮᠠᠯᠴᠢᠨ ᠲᠠᠷᠢᠶᠠᠴᠢᠳ ᠨᠠᠭᠠᠰᠢ ᠴᠠᠭᠠᠰᠢ ᠪᠤᠷᠭᠢᠯᠳᠤᠵᠤ | ᠲᠠᠷᠢᠯᠭ᠎ᠠ ᠰᠡᠷᠭᠡᠶᠢᠯᠡᠯᠲᠡ ᠲᠦᠷᠭᠡᠨ ᠭᠤᠪᠢᠭᠤᠯᠤᠯᠭ᠎ᠠ ᠶᠢᠨ ᠤᠴᠢᠷ ᠲᠤ ᠵᠠᠮ ᠱᠤᠭᠤᠮ ᠤᠳ ᠢ ᠴᠢᠩᠳᠠᠯᠠᠵᠤ | ᠳᠠᠮ ᠤᠨ ᠮᠠᠶᠢᠮᠠᠶᠢᠴᠢᠨ ᠶᠠᠪᠤᠭᠤᠯ ᠬᠤᠳᠠᠯᠳᠤᠭᠠᠴᠢᠨ ᠵᠠᠪᠰᠠᠷ ᠤᠨ ᠡᠲᠡᠭᠡᠳ ᠰᠠᠭᠤᠳᠠᠯ ᠠᠯᠳᠠᠨ ᠭᠦᠶᠦᠯᠳᠦᠨᠡᠮ᠃ | | | ᠦᠤᠷ ᠢᠶᠠᠷ ᠪᠤᠰᠬᠤ ᠳᠤ ᠪᠣᠷᠤᠭᠠᠨ ᠱᠠᠭᠢᠨ ᠬᠦᠢᠲᠡᠨ ᠠᠮᠢᠰᠬᠤᠯ ᠴᠢᠭᠢᠭ ᠤᠨ ᠦᠨᠦᠷ ᠬᠠᠮᠠᠷ ᠴᠤᠷᠭᠢᠵᠤ | ᠦᠳᠡ ᠣᠶᠢᠷᠠᠳᠬᠤ ᠳᠤ ᠴᠠᠰᠤ ᠯᠠᠪᠰᠠᠯᠠᠨ ᠤᠰᠤ ᠮᠦᠰᠦ ᠰᠢᠪᠠᠷ ᠰᠢᠷᠤᠢ ᠵᠢᠭᠤᠷᠠᠯᠳᠤᠨ ᠭᠤᠯᠴᠢᠭᠠᠨᠠᠵᠤ | ᠦᠵᠡᠵᠦ ᠰᠣᠨᠢᠷᠬᠠᠬᠤ ᠶᠢᠨ ᠵᠠᠪ ᠦᠭᠡᠢ ᠦᠭᠡᠷ᠎ᠡ ᠨᠢᠭᠡᠨ ᠶᠢᠷᠲᠢᠨᠴᠦ ᠬᠠᠷᠠᠭᠠᠨ ᠤ ᠡᠮᠦᠨ᠎ᠡ ᠳᠡᠯᠭᠡᠭᠳᠡᠵᠦ | ᠣᠯᠠᠭᠠᠨ ᠰᠢᠷᠠᠪᠲᠤᠷ ᠬᠦᠬᠡ ᠦᠩᠭᠡ ᠶᠢᠨ ᠰᠡᠷᠡᠮᠵᠢ ᠶᠢᠨ ᠳᠤᠬᠢᠶ᠎ᠠ ᠡᠪᠦᠯ ᠤᠨ ᠰᠤᠯᠤᠩᠭ᠎ᠠ ᠮᠢᠷᠠᠯᠵᠠᠨᠠᠮ᠃ | | | ᠡᠨᠡ ᠵᠢᠯ ᠤᠨ ᠦᠩᠭᠡ ᠬᠤᠪᠤᠷᠬᠠᠨ ᠤᠴᠠᠷᠠᠯ ᠭᠡᠵᠦ ᠤᠲᠤᠷ ᠤᠨ ᠮᠠᠯᠴᠢᠳ ᠲᠤᠯᠤᠭᠠᠢ ᠰᠠᠵᠢᠬᠤ ᠳᠤ | ᠡᠯᠳᠡᠪ ᠡᠰᠡᠨ ᠤ ᠴᠢᠮᠡᠭᠡ ᠰᠤᠷᠠᠭ ᠢᠶᠠᠷ ᠪᠠᠶᠢᠨ ᠪᠠᠶᠢᠨ ᠬᠦᠯ ᠢ ᠬᠤᠷᠢᠶᠠᠨ ᠭᠡᠷ ᠤᠨ ᠮᠣᠬᠤᠷ ᠰᠠᠬᠢᠵᠤ | ᠡᠭᠦᠳᠡᠨ ᠠᠴᠠ ᠪᠠᠨ ᠬᠤᠯᠠᠳᠬᠤ ᠴᠢᠯᠦᠭᠡ ᠦᠭᠡᠢ ᠦᠷᠯᠦᠭᠡ ᠦᠳᠡᠰᠢ ᠶᠢᠨ ᠬᠤᠭᠤᠷᠤᠨᠳᠤ ᠭᠦᠶᠦᠬᠦ ᠳᠤ | ᠡᠪᠦᠯ ᠤᠨ ᠠᠭᠤᠷ ᠬᠡᠨ ᠢ ᠴᠤ ᠬᠦᠯᠢᠶᠡᠯ ᠦᠭᠡᠢ ᠡᠭᠦᠳᠡᠨ ᠳᠤ ᠰᠠᠭᠠᠲᠠᠨ ᠡᠳᠦᠷ ᠲᠤᠭᠠᠯᠠᠯ ᠢ ᠳᠡᠯᠭᠡᠨᠡᠮ᠃ | |