ᠴᠠᠰᠤ ᠯᠠᠪᠰᠠᠯᠠᠬᠤ ᠰᠠᠶᠢᠬᠠᠨ
ᠨᠡᠶᠢᠲᠡᠯᠡᠭᠰᠡᠨ ᠴᠠᠭ᠄
2022/5/12
            ᠴᠠᠰᠤ ᠯᠠᠪᠰᠠᠯᠠᠬᠤ ᠰᠠᠶᠢᠬᠠᠨ                                 ᠨᠠ᠊ · ᠵᠢᠷᠭᠠᠯᠴᠠᠰᠤ ᠵᠤᠭᠰᠤᠭ᠎ᠠ ᠦᠭᠡᠢ ᠯᠠᠪᠰᠠᠯᠠᠬᠤ ᠶᠢᠨ ᠲᠠᠭᠠᠲᠠᠢ ᠰᠠᠶᠢᠬᠠᠨ ᠭᠡᠵᠦ ᠡ᠂ ᠠᠭᠤᠷ ᠠᠮᠢᠰᠬᠤᠯ ᠴᠡᠪ ᠴᠡᠪᠡᠷᠬᠡᠨᠴᠢᠮᠡᠭᠡ ᠱᠤᠤᠭᠢᠶᠠᠨ ᠦᠭᠡᠢ ᠰᠡᠪᠰᠡᠭᠡᠷᠳᠡᠬᠦ ᠶᠢᠨ ᠠᠶᠠᠲᠠᠢ ᠵᠦᠭᠡᠯᠡᠨ ᠭᠡᠵᠦ ᠡ᠂ ᠡᠷᠭᠢᠨ ᠲᠤᠭᠤᠷᠢᠨ ᠨᠠᠮ ᠵᠢᠮᠬᠡᠨᠴᠡᠴᠡᠭᠡᠰ ᠮᠢᠷᠠᠯᠵᠠᠭᠰᠠᠨ ᠮᠤᠳᠤᠳ ᠤᠨ ᠨᠤᠭᠤᠭᠠᠨ ᠨᠠᠮᠠᠭ᠎ᠠ ᠰᠠᠯᠠᠭ᠎ᠠ ᠡ᠂ ᠤᠯᠠᠷᠢᠯ ᠤᠨ ᠭᠤᠶᠤᠬᠠᠨ ᠦᠵᠡᠰᠭᠦᠯᠡᠩᠴᠢᠩ ᠦᠨᠡᠨᠴᠢ ᠪᠠᠷ ᠰᠦᠰᠦᠭᠯᠡᠬᠦ ᠳᠡᠭᠡᠳᠦ ᠶᠡᠭᠡ ᠲᠡᠭᠷᠢ ᠮᠢᠨᠢ ᠡ᠂ ᠡᠪᠦᠯ ᠤᠨ ᠰᠤᠶᠤᠷᠬᠠᠭᠰᠠᠨ ᠷᠠᠰᠢᠶᠠᠨ ᠲᠡᠵᠢᠭᠡᠯᠴᠠᠭ ᠠᠭᠠᠷ ᠤᠨ ᠵᠢᠮ᠎ᠡ ᠪᠠᠷ ᠤᠷᠤᠰᠢᠬᠤ ᠠᠬᠤᠢ ᠪᠠᠶᠢᠭᠠᠯᠢ ᠶᠢᠨ ᠬᠥᠨᠳᠡᠭᠡᠰᠢ ᠦᠭᠡᠢ ᠳᠠᠷᠬᠠᠨ ᠦᠵᠡᠮᠵᠢ ᠭᠤᠶᠤᠮᠰᠤᠭ ᠴᠡᠯᠡᠭᠡᠷ ᠴᠡᠮᠴᠡᠭᠡᠷ ᠵᠦᠢᠯ ᠤᠨ ᠤᠷᠭᠤᠮᠠᠯ ᠤᠨ ᠬᠠᠷᠠᠭᠳᠠᠬᠤ ᠨᠢ ᠵᠦᠢᠷᠯᠡᠰᠢ ᠦᠭᠡᠢ ᠤᠷᠠᠯᠢᠭ ᠵᠢᠷᠤᠭᠯᠠᠯ ᠤᠨ ᠳᠡᠯᠭᠡᠴᠡ ᠴᠠᠩᠬᠠᠭ᠎ᠠ ᠪᠠᠨ ᠲᠠᠶᠢᠯᠬᠤ ᠭᠠᠵᠠᠷ ᠤᠨ ᠬᠦᠷᠦᠰᠦᠨ ᠠᠴᠠ ᠠᠮᠤᠭᠤᠯᠠᠩ ᠬᠤᠷᠸ᠎ᠠ ᠶᠢᠨ ᠬᠠᠯᠠᠭᠤᠨ ᠠᠮᠢᠰᠬᠤᠯ ᠰᠡᠩᠭᠢᠨᠡᠵᠦᠴᠡᠩᠬᠡᠷ ᠬᠦᠬᠡ ᠤᠭᠲᠠᠷᠭᠤᠢ ᠠᠴᠠ ᠠᠶᠠᠷᠬᠠᠨ ᠬᠠᠶᠢᠯᠬᠤ ᠨᠢ ᠡᠩᠬᠡ ᠮᠡᠨᠳᠦ ᠶᠢᠨ ᠢᠪᠡᠭᠡᠯᠲᠦ ᠴᠠᠭᠠᠨ ᠬᠠᠳᠠᠭ ᠪᠠᠶᠢᠨᠠᠮᠠᠯᠤᠰ ᠤᠨ ᠠᠭᠤᠳᠠᠮ ᠪᠠᠷ᠎ᠠ ᠬᠠᠷᠠᠭ᠎ᠠ ᠠᠯᠳᠠᠮ᠎ᠠ ᠴᠡᠯᠡᠶᠢᠭᠡᠳ ᠭᠬᠢᠷ ᠦᠭᠡᠢ ᠴᠠᠭᠠᠰᠤ ᠶᠢ ᠳᠡᠯᠭᠡᠭᠰᠡᠨ ᠮᠡᠲᠦ ᠲᠡᠨᠢᠭᠦᠬᠡᠨᠠᠭᠤᠯᠠ ᠬᠠᠶᠢᠷᠬᠠᠨ ᠮᠦᠩᠭᠦᠨ ᠬᠤᠶᠠᠭ ᠬᠡᠲᠦᠷᠡᠨ ᠰᠦᠨᠳᠡᠷᠯᠡᠬᠦ ᠨᠢ ᠲᠠᠯ᠎ᠠ ᠶᠢᠨ ᠳᠤᠮᠳᠠ ᠪᠠᠨ ᠤᠮᠤᠭᠯᠠᠩ ᠰᠦᠷᠯᠢᠭᠬᠡᠨ ᠠᠶᠢᠯ ᠬᠤᠲᠠ ᠶᠢᠨ ᠪᠠᠭᠤᠴᠠ ᠰᠠᠭᠤᠷᠢᠰᠢᠯ ᠲᠡᠭᠷᠢ ᠶᠢᠨ ᠬᠠᠨ᠎ᠠ ᠲᠠᠢ ᠵᠠᠯᠭᠠᠯᠳᠤᠵᠤ ᠢᠯᠦᠮ ᠵᠢᠯᠦᠮ ᠠᠰᠤᠷᠤ ᠲᠦᠪᠬᠢᠨᠡᠭᠦᠨ ᠠᠷᠭᠠᠯ ᠤᠨ ᠤᠲᠤᠭ᠎ᠠ ᠰᠤᠭᠤᠨᠠᠭᠯᠠᠬᠤ ᠬᠦᠳᠡᠭᠡ ᠬᠡᠭᠡᠷ᠎ᠡ ᠶᠢᠨ ᠡᠪᠦᠯᠵᠢᠶ᠎ᠡ ᠤᠲᠤᠷ ᠤᠨ ᠮᠠᠯ ᠰᠦᠷᠦᠭ ᠨᠢ ᠲᠠᠶᠢᠪᠤᠭᠤᠬᠠᠨᠡᠪᠦᠯ ᠤᠨ ᠴᠠᠰᠤ ᠯᠠᠪᠰᠠᠯᠠᠬᠤ ᠶᠢᠨ ᠢᠳᠡ ᠬᠦᠴᠦ ᠭᠡᠵᠦ ᠡ᠂ ᠢᠷᠡᠬᠦ ᠵᠢᠯ ᠤᠨ ᠡᠪᠡᠰᠦ ᠪᠡᠯᠴᠢᠭᠡᠷ ᠤᠨ ᠠᠷᠢᠭᠤᠨ ᠰᠢᠮ᠎ᠡ ᠡᠷᠭᠢ ᠭᠠᠩᠭ᠎ᠠ ᠬᠠᠭᠤᠷᠠᠢ ᠭᠤᠣᠯ ᠤᠨ ᠬᠡᠪᠡᠯᠢ ᠶᠢ ᠮᠢᠯᠢᠶᠠᠬᠤ ᠭᠡᠵᠦ ᠡ᠂ ᠠᠮᠢᠯᠠᠨ ᠬᠦᠬᠡᠷᠡᠬᠦ ᠶᠢᠨ ᠬᠢᠨᠢ ᠪᠡᠯᠭᠡᠲᠦ ᠵᠡᠭᠦᠳᠦᠯᠡᠯᠡᠭᠡᠯᠵᠢᠯᠡᠬᠦ ᠳᠦᠷᠪᠡᠨ ᠤᠯᠠᠷᠢᠯ ᠤᠨ ᠳᠤᠬᠢᠲᠠᠢ ᠵᠤᠬᠢᠷᠠᠬᠤ ᠨᠢ ᠡ᠂ ᠡᠶᠡᠪᠡᠷᠬᠦᠦ ᠳᠤᠯᠠᠭᠠᠨ ᠤᠷᠢᠬᠠᠨ ᠬᠠᠪᠤᠷ ᠤᠨ ᠵᠦᠩᠨᠡᠯᠡᠭᠦᠷᠢᠳᠡ ᠳᠡᠭᠡᠳᠦᠯᠡᠬᠦ ᠡᠬᠡ ᠭᠠᠵᠠᠷ ᠤᠨ ᠰᠢᠲᠦᠭᠡᠨ ᠮᠢᠨᠢ ᠡ᠂ ᠡᠰᠡᠨᠢᠨ ᠲᠦᠯᠵᠢᠬᠦ ᠶᠢᠨ ᠦᠯᠵᠡᠢ ᠬᠡᠰᠢᠭᠲᠦ ᠦᠯᠦᠭᠡᠢ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤ