ᠡᠪᠦᠯ ᠤᠨ ᠦᠳᠡᠰᠢ | ᠨᠠ᠊ · ᠵᠢᠷᠭᠠᠯ | | | ᠠᠭᠤᠯᠠᠰ ᠤᠨ ᠴᠠᠭᠠᠨ᠎ᠠ ᠨᠠᠷᠠ ᠵᠢᠷᠭᠠᠵᠤ ᠨᠤᠲᠤᠭ ᠤᠨ ᠪᠠᠷ᠎ᠠ ᠠᠯᠭᠤᠷ ᠠᠯᠤᠰᠬᠠᠨ ᠰᠦᠮᠡᠯᠵᠡᠨ᠎ᠡ | ᠠᠶᠢᠯ ᠡᠷᠦᠬᠡ ᠠᠴᠠ ᠤᠲᠤᠭ᠎ᠠ ᠰᠣᠭᠤᠨᠠᠭᠯᠠᠵᠤ ᠠᠷᠭᠠᠯ ᠬᠤᠷᠮᠤᠶᠢᠯᠠᠭᠰᠠᠨ ᠡᠮᠡᠭᠡᠨ ᠰᠠᠷᠠᠪᠴᠢᠯᠠᠨ᠎ᠠ | ᠡᠪᠦᠯᠵᠢᠶ᠎ᠡ ᠪᠠᠨ ᠵᠦᠭᠯᠡᠭᠰᠡᠨ ᠦᠬᠡᠷ ᠬᠤᠨᠢᠨ ᠰᠦᠷᠦᠭ ᠡᠩᠭᠡᠷ ᠤᠨ ᠴᠣᠪᠣᠭ᠎ᠠ ᠪᠠᠷ ᠬᠡᠩᠬᠦᠯᠵᠡᠨᠡ | ᠤᠷᠭ᠎ᠠ ᠪᠠᠨ ᠲᠤᠬᠤᠶᠢᠯᠠᠭᠰᠠᠨ ᠮᠠᠯᠴᠢᠨ ᠬᠦᠮᠦᠨ ᠤᠯᠠᠷᠢᠯ ᠲᠠᠭᠤᠵᠤ ᠠᠮᠢᠳᠤᠷᠠᠯ ᠢᠶᠠᠨ ᠡᠷᠭᠦᠨ᠎ᠡ᠃ | | | ᠬᠤᠲᠠᠯᠠᠭᠰᠠᠨ ᠰᠦᠷᠦᠭ ᠮᠠᠨᠢ ᠲᠠᠪᠠᠲᠠᠶᠢᠬᠠᠨ ᠬᠡᠪᠢᠵᠦ ᠬᠤᠷ ᠦᠬᠡᠷ ᠤᠳ ᠡᠪᠡᠷ ᠰᠡᠷᠡᠶᠢᠯᠭᠡᠨᠡ | ᠬᠤᠷᠠᠭ᠎ᠠ ᠲᠤᠭᠤᠯ ᠨᠦᠮᠦᠷᠢ ᠳᠡᠷᠡᠯᠡᠵᠦ ᠬᠤᠴᠠ ᠤᠬᠤᠨ᠎ᠠ ᠣᠮᠤᠭ ᠪᠠᠳᠠᠷᠠᠨ ᠬᠠᠭᠠᠪᠴᠢ ᠰᠠᠬᠢᠨ᠎ᠠ | ᠠᠳᠤᠭᠤᠨ ᠰᠦᠷᠦᠭ ᠪᠡᠯᠴᠢᠭᠡᠷ ᠢᠶᠠᠨ ᠬᠠᠶᠢᠵᠤ ᠠᠷᠤ ᠶᠢᠨ ᠬᠦᠨᠳᠡᠢ ᠪᠠᠷ ᠲᠠᠶᠢᠪᠤᠭᠤᠨ ᠨᠦᠷᠭᠢᠨᠡ | ᠠᠮᠢᠲᠠᠨ ᠵᠢᠭᠦᠷᠲᠡᠨ ᠵᠤᠭ᠎ᠠ ᠵᠢᠷᠭᠢᠯᠳᠦᠨ ᠠᠲᠠᠷ ᠬᠡᠭᠡᠷ᠎ᠡ ᠠᠮᠤᠭᠤᠯᠠᠩ ᠲᠠᠭᠠᠲᠠᠶᠢᠬᠠᠨ ᠤᠷᠴᠢᠨᠠ᠃ | | | ᠦᠯᠢᠭᠡᠷ ᠬᠦᠤᠷᠨᠢᠬᠦ ᠡᠪᠦᠭᠡᠳ ᠤᠨ ᠴᠢᠷᠠᠢ ᠳᠤ ᠦᠴᠦᠭᠡᠳᠦᠷ ᠦᠨᠦᠳᠦᠷ ᠤᠨ ᠲᠡᠤᠬᠡ ᠳᠡᠯᠭᠡᠭᠳᠡᠨ᠎ᠡ | ᠦᠨᠢᠷ ᠠᠮᠢᠳᠤᠷᠠᠯ ᠤᠨ ᠲᠤᠯᠭ᠎ᠠ ᠪᠠᠨ ᠳᠦᠷᠡᠯᠵᠡᠭᠦᠯᠬᠦ ᠦᠷ᠎ᠡ ᠬᠡᠤᠬᠡᠳ ᠲᠤ ᠮᠠᠷᠭᠠᠰᠢ ᠶᠢ ᠵᠢᠭᠠᠨ᠎ᠠ᠃ | |