ᠡᠪᠦᠯ ᠤᠨ ᠴᠠᠰᠤ | | ᠨᠠ᠊ · ᠵᠢᠷᠭᠠᠯ | | | ᠬᠠᠬᠢᠷ ᠬᠦᠢᠲᠡᠨ ᠵᠢᠬᠡᠭᠦᠨ ᠵᠢᠪᠡᠷ ᠬᠠᠴᠠᠷ ᠢ ᠵᠦᠰᠦᠵᠦ ᠬᠠᠤᠭᠢᠬᠤ ᠰᠠᠯᠬᠢᠨ ᠳᠤ ᠴᠠᠰᠤ ᠪᠤᠷᠠᠨᠠ | ᠬᠠᠷᠠᠭᠠᠨ ᠤ ᠦᠵᠦᠭᠦᠷ ᠰᠢᠭᠤᠷᠭ᠎ᠠ ᠳᠤᠭᠰᠢᠷᠠᠵᠤ ᠬᠠᠮᠤᠭ ᠠᠮᠢᠲᠠᠨ ᠨᠦᠮᠦᠷᠢ ᠬᠤᠷᠭᠤᠳᠠᠨ᠎ᠠ | ᠲᠠᠬᠤ ᠬᠡᠲᠦᠷᠡᠭᠰᠡᠨ ᠠᠳᠤᠭᠤᠴᠢᠨ ᠭᠤᠸᠠᠢ ᠳᠠᠪᠠᠭ᠎ᠠ ᠶᠢᠨ ᠠᠷᠤ ᠳᠤ ᠳᠦᠷᠦᠭᠡ ᠦᠨᠳᠡᠶᠢᠨᠡ | ᠳᠡᠪᠡᠯ ᠡᠮᠦᠰᠦᠭᠰᠡᠨ ᠬᠤᠨᠢᠴᠢᠨ ᠡᠪᠦᠭᠡᠨ ᠳᠡᠷᠡᠰᠦᠲᠦ ᠶᠢᠨ ᠬᠦᠨᠳᠡᠢ ᠳᠤ ᠰᠦᠷᠦᠭ ᠬᠤᠮᠢᠨ᠎ᠠ᠃ | | | ᠬᠡᠪᠲᠡᠷᠢ ᠬᠠᠭᠤᠷᠠᠶᠢᠯᠠᠭᠰᠠᠨ ᠪᠤᠭᠤᠷᠤᠯ ᠡᠵᠢ ᠬᠡᠷᠡᠮ ᠤᠨ ᠴᠠᠰᠤ ᠶᠢ ᠡᠭᠦᠷᠴᠦ ᠶᠠᠭᠠᠷᠠᠨ᠎ᠠ | ᠬᠦᠷᠵᠡᠩ ᠳᠡᠪᠢᠰᠬᠦ ᠵᠠᠯᠠᠭᠤ ᠪᠦᠰᠡᠭᠦᠢ ᠬᠦᠯᠦᠰᠦ ᠤᠷᠤᠰᠬᠠᠨ ᠱᠠᠯᠠᠮᠠᠭᠠᠢ ᠪᠤᠰᠢᠭᠤᠯᠠᠨᠠ | ᠤᠲᠤᠷ ᠤᠨ ᠵᠠᠮ ᠢᠶᠠᠷ ᠬᠦᠰᠭᠡ ᠬᠦᠲᠦᠯᠵᠦ ᠶᠠᠳᠠᠷ ᠰᠦᠷᠦᠭ ᠲᠤ ᠬᠦᠨᠡᠰᠦ ᠬᠦᠷᠭᠡᠨ᠎ᠡ | ᠤᠴᠠᠷᠠᠭᠰᠠᠨ ᠬᠤᠶᠠᠷ ᠬᠡᠯᠡᠯᠴᠡᠬᠦ ᠵᠠᠪ ᠦᠭᠡᠢ ᠤᠷᠲᠤ ᠬᠤᠶᠢᠲᠦ ᠪᠠᠭᠤᠴᠠ ᠶᠢ ᠴᠢᠭᠯᠡᠨ᠎ᠡ᠃ | | | ᠴᠠᠰᠤ ᠲᠠᠢ ᠡᠪᠦᠯ ᠤᠨ ᠬᠦᠳᠡᠭᠡ ᠴᠠᠩᠳᠤᠭᠰᠠᠨ ᠲᠠᠯ᠎ᠠ ᠲᠠᠢ ᠪᠠᠨ ᠬᠠᠬᠢᠷᠤᠨᠠ | ᠴᠢᠳᠠᠯ ᠰᠢᠯᠭᠠᠬᠤ ᠤᠳᠤᠮᠲᠤ ᠬᠦᠮᠦᠰ ᠤᠵᠠᠭᠤᠷ ᠲᠡᠤᠬᠡ ᠶᠢᠨ ᠬᠦᠢ ᠵᠠᠯᠭᠠᠨ᠎ᠠ᠃ | |