ᠴᠠᠰᠤ  ᠵᠢᠷᠤᠭᠯᠠᠬᠤᠢ
ᠨᠡᠶᠢᠲᠡᠯᠡᠭᠰᠡᠨ ᠴᠠᠭ᠄
2022/5/12
          ᠴᠠᠰᠤ  ᠵᠢᠷᠤᠭᠯᠠᠬᠤᠢ                             ᠨᠠ᠊ · ᠵᠢᠷᠭᠠᠯᠤᠯᠠᠷᠢᠯ ᠤᠨ ᠵᠢᠮ᠎ᠡ ᠪᠠᠷ ᠢᠶᠠᠨ ᠤᠭᠲᠤᠵᠤ ᠢᠷᠡᠭᠰᠡᠨ ᠡᠪᠦᠯ ᠤᠨ ᠡᠬᠢᠨ ᠤ ᠬᠦᠷ ᠴᠠᠰᠤ ᠮᠢᠨᠤᠤᠷᠢᠳᠤ ᠴᠠᠭ ᠤᠨ ᠦᠯᠢᠭᠡᠷ ᠳᠣᠮᠤᠭ ᠢ ᠬᠠᠭᠤᠴᠢᠯᠠᠭᠤᠯᠬᠤ ᠪᠡᠯᠭᠡᠲᠦ ᠠᠷᠢᠭᠤᠨ ᠷᠠᠰᠢᠶᠠᠨ ᠪᠢᠯᠡᠤᠮᠳᠠᠭᠠᠰᠤᠭᠰᠠᠨ ᠬᠦᠷᠦᠰᠦ ᠲᠠᠴᠢᠷᠳᠠᠭᠰᠠᠨ ᠪᠠᠶᠢᠭᠠᠯᠢ ᠶᠢᠨ ᠴᠠᠩᠬᠠᠭ᠎ᠠ ᠶᠢ ᠲᠠᠶᠢᠯᠬᠤ ᠰᠢᠮ᠎ᠡᠤᠷᠤᠰᠬᠠᠯ ᠭᠤᠷᠤᠬ᠎ᠠ ᠨᠠᠭᠤᠷ ᠪᠦᠷᠢᠲᠦ ᠳᠤ ᠨᠡᠮᠡᠷᠢᠯᠡᠬᠦ ᠲᠡᠭᠷᠢ ᠶᠢᠨ ᠢᠪᠡᠭᠡᠯᠲᠦ ᠠᠳᠢᠰᠯᠠᠯ ᠪᠢᠯᠡ᠃ᠤᠲᠤᠭ᠎ᠠ ᠤᠨᠢᠶᠠᠷ ᠮᠠᠨᠠᠨ ᠪᠤᠳᠠᠩ ᠪᠦᠬᠦᠨ ᠢ ᠦᠯᠳᠡᠨ ᠳᠠᠷᠤᠭᠰᠠᠨ ᠴᠡᠪᠡᠷ ᠰᠠᠶᠢᠬᠠᠨ ᠠᠮᠢᠰᠬᠤᠯᠤᠳᠠᠭᠠᠨ ᠬᠤᠨᠤᠭ ᠤᠨ ᠰᠢᠷᠬ᠎ᠠ ᠰᠤᠷᠪᠢ ᠶᠢ ᠢᠯᠪᠢᠨ ᠠᠨᠠᠭᠠᠬᠤ ᠡᠬᠡ ᠭᠠᠵᠠᠷ ᠤᠨ ᠮᠢᠨᠢ ᠠᠮᠢᠵᠢᠷᠠᠯᠤᠷᠳᠤ ᠠᠭᠤᠯᠠ ᠠᠷᠤ ᠶᠢᠨ ᠬᠠᠶᠢᠷᠬᠠᠨ ᠮᠢᠨᠢ ᠮᠦᠩᠭᠦᠨ ᠬᠤᠶᠠᠭ ᠬᠡᠳᠦᠷᠡᠭᠡᠳ ᠠᠳᠠᠪᠠᠰᠢ ᠭᠤᠶᠤᠮᠰᠤᠭᠤᠳᠠ ᠬᠠᠶᠢᠯᠠᠰᠤ ᠶᠢᠨ ᠪᠠᠭᠰᠤᠷᠭ᠎ᠠ ᠴᠡᠴᠡᠭ ᠨᠢ ᠤᠤᠭᠠᠯ ᠪᠠᠶᠢᠭᠠᠯᠢ ᠶᠢᠨ ᠳᠠᠷᠬᠠᠨ ᠰᠦᠷ ᠪᠠᠳᠠᠷᠠᠩᠭᠤᠢ᠃ᠬᠡᠳᠦᠨ ᠵᠢᠯ ᠢᠶᠠᠷ ᠢᠶᠠᠨ ᠬᠡᠪᠡᠯᠢ ᠰᠢᠷᠭᠢᠭᠡᠭᠰᠡᠨ ᠬᠠᠭᠤᠴᠢᠨ ᠠᠷᠠᠯ ᠴᠠᠰᠤᠨ ᠤ ᠪᠦᠪᠡᠶᠢᠯᠡᠯ ᠢᠶᠠᠷ ᠮᠢᠷᠠᠯᠵᠠᠵᠤᠬᠡᠪ ᠢᠶᠠᠨ ᠠᠯᠳᠠᠭᠰᠠᠨ ᠲᠠᠯ᠎ᠠ ᠬᠦᠳᠡᠭᠡ ᠶᠢᠨ ᠠᠩ ᠴᠠᠪᠠ ᠴᠠᠰᠤᠨ ᠤ ᠭᠤᠶᠤᠯᠠᠯ ᠢᠶᠠᠷ ᠡᠵᠡᠭᠦᠢ ᠨᠡᠯᠦᠶᠢᠵᠤᠬᠡᠭᠵᠡᠷᠡᠭᠰᠡᠨ ᠰᠢᠯᠢ ᠶᠢᠨ ᠬᠠᠭᠰᠠᠷᠠᠭᠰᠠᠨ ᠬᠤᠵᠤᠤᠯ᠎ᠠ ᠴᠠᠰᠤᠨ ᠤ ᠬᠤᠴᠢᠯᠭ᠎ᠠ ᠪᠠᠷ ᠨᠠᠮ ᠳᠤᠭᠤᠢ ᠠᠨᠢᠵᠤᠬᠡᠮᠡᠯᠢᠭᠳᠡᠭᠰᠡᠨ ᠵᠤ ᠶᠢᠨ ᠬᠤᠰᠠᠷᠠᠭᠰᠠᠨ ᠦᠵᠢᠯ ᠴᠠᠰᠤᠨ ᠤ ᠠᠨᠢᠷ ᠢᠶᠠᠷ ᠲᠠᠶᠢᠪᠤᠭᠤᠨ ᠵᠡᠭᠦᠳᠦ ᠮᠠᠨᠠᠬᠤᠢ᠃ᠬᠦᠯ ᠦᠭᠡᠢ ᠲᠣᠭᠤᠰᠤᠨ ᠤ ᠠᠮᠠᠭᠠᠢ ᠦᠭᠡᠢ ᠳᠤᠪᠲᠤᠯᠤᠭ᠎ᠠ ᠶᠢ ᠯᠠᠪᠰᠠᠯᠠᠬᠤ ᠴᠠᠰᠤ ᠠᠶᠠᠲᠠᠶᠢᠬᠠᠨ ᠥᠷᠦᠭᠡᠯᠳᠡᠵᠦᠬᠦᠵᠦᠭᠦᠦ ᠦᠭᠡᠢ ᠰᠠᠯᠬᠢᠨ ᠤ ᠵᠢᠯᠤᠭᠤ ᠦᠭᠡᠢ ᠰᠢᠯᠪᠢᠭᠦᠷᠳᠡᠬᠦ ᠶᠢ ᠵᠦᠭᠡᠯᠡᠨ ᠴᠠᠰᠤ ᠪᠡᠯᠴᠢᠭᠡᠷ ᠲᠤ ᠨᠢ ᠴᠣᠮᠤᠵᠤᠬᠦᠬᠡᠷᠡᠬᠦ ᠴᠠᠭ ᠤᠨ ᠠᠮᠢᠰᠬᠤᠯ ᠢᠶᠠᠷ ᠲᠦᠮᠡᠨ ᠤᠷᠭᠤᠮᠠᠯ ᠴᠠᠰᠤᠨ ᠤ ᠳᠤᠤᠷ᠎ᠠ ᠬᠤᠨᠤᠭ ᠲᠤᠭᠠᠯᠠᠨ ᠢᠴᠡᠭᠡᠯᠡᠵᠦᠬᠦᠬᠡᠮᠳᠦᠭ ᠠᠭᠤᠯᠠᠰ ᠤᠨ ᠮᠢᠨᠢ ᠮᠦᠩᠭᠦᠨ ᠰᠠᠷᠢᠳᠠᠭ ᠤᠷᠭᠢᠯ ᠳᠡᠯᠡᠭᠡᠢ ᠶᠢ ᠪᠠᠷᠠᠯᠠᠵᠤ ᠰᠦᠷᠯᠢᠭ ᠰᠦᠨᠳᠡᠷᠯᠡᠬᠦᠢ᠃ᠰᠠᠷᠠᠪᠴᠢᠨ ᠤ ᠲᠠᠭᠲᠠᠭ᠎ᠠ ᠵᠢᠭᠦᠷ ᠢᠶᠠᠨ ᠰᠡᠭᠰᠦᠷᠦᠨ ᠮᠤᠳᠤᠳ ᠤᠨ ᠦᠵᠡᠮᠵᠢ ᠶᠢ ᠪᠠᠭ᠋ᠠᠷᠬᠠᠨ ᠳᠠᠭᠤᠯᠠᠯᠳᠤᠵᠤᠰᠡᠯᠡᠭᠦᠳᠡᠭᠰᠡᠨ ᠱᠠᠭᠠᠵᠠᠭᠠᠢ ᠤᠯᠢᠶᠠᠰᠤᠨ ᠤ ᠰᠠᠯᠠᠭᠠᠨ ᠳᠤ ᠴᠤᠭᠯᠠᠷᠠᠨ ᠬᠤᠷᠠᠭᠰᠠᠨ ᠴᠠᠰᠤ ᠶᠢ ᠱᠠᠭᠰᠢᠯᠳᠤᠵᠤᠰᠠᠯᠬᠢᠨ ᠳᠤ ᠰᠢᠭᠤᠷᠠᠬᠤ ᠬᠦᠮᠦᠨ ᠬᠠᠷ᠎ᠠ ᠲᠤᠯᠤᠭᠠᠶᠢᠲᠠᠳ ᠤᠨ ᠪᠠᠷ᠎ᠠ ᠶᠢ ᠰᠡᠮᠡᠭᠡᠷ ᠱᠤᠯᠤᠭᠠᠨᠠᠨ ᠱᠤᠭᠯᠠᠯᠳᠤᠵᠤᠰᠠᠶᠢᠬᠠᠨ ᠪᠠᠶᠢᠭᠠᠯᠢ ᠬᠤᠷ᠎ᠠ ᠴᠠᠰᠤ ᠲᠠᠢ ᠪᠠᠨ ᠪᠦᠲᠦᠨ ᠤᠷᠤᠰᠢᠬᠤ ᠶᠢᠨ ᠦᠯᠵᠡᠶᠢᠲᠦ ᠬᠡᠰᠢᠭ ᠢ ᠪᠡᠯᠭᠡᠳᠡᠬᠦᠢ᠃ᠬᠦᠯᠳᠡᠭᠦᠰᠦ ᠴᠣᠬᠤᠬᠤ ᠡᠪᠦᠭᠡᠳ ᠤᠨ ᠠᠯᠬᠤᠭ᠎ᠠ ᠬᠤᠯᠠ ᠶᠢᠨ ᠬᠤᠯᠠ ᠠᠴᠠ ᠰᠠᠭᠤᠷᠢᠰᠢᠯ ᠵᠦᠭ ᠢᠶᠠᠨ ᠠᠶᠠᠷ ᠲᠦᠬᠦᠵᠦᠬᠦᠯ ᠳᠡᠪᠢᠰᠦᠭᠦᠯᠬᠢᠯᠡᠬᠦ ᠠᠶᠢᠯ ᠤᠨ ᠬᠡᠤᠬᠡᠳ ᠢᠳᠡᠰᠢ ᠪᠠᠨ ᠪᠠᠵᠠᠭᠠᠬᠤ ᠰᠠᠭᠠᠬᠠᠯᠲᠠ ᠶᠢᠨ ᠡᠭᠦᠳᠡᠨ ᠳᠤ ᠪᠦᠭᠡᠮᠨᠡᠷᠡᠯᠳᠦᠵᠦᠬᠦᠷᠡᠯᠳᠡᠢ ᠱᠤᠩᠬᠤᠷ ᠬᠤᠲᠠᠴᠢ ᠬᠠᠯᠲᠠᠷ ᠠᠯᠤᠰ ᠤᠨ ᠴᠢᠮᠡᠭᠡ ᠪᠠᠷ ᠠᠩ ᠤᠨ ᠴᠤᠪᠤᠭ᠎ᠠ ᠶᠢ ᠦᠨᠦᠷᠯᠡᠨ ᠬᠡᠶᠢᠷᠬᠡᠯᠳᠦᠵᠦᠬᠦᠳᠡᠭᠡ ᠶᠢᠨ ᠬᠦᠮᠦᠨ ᠤ ᠡᠪᠦᠯᠵᠢᠶ᠎ᠡ ᠶᠢᠨ ᠠᠶᠠᠨ ᠴᠤ ᠴᠠᠰᠤ ᠲᠠᠢ ᠪᠠᠨ ᠴᠤᠭ ᠢᠶᠠᠷ ᠰᠢᠨ᠎ᠡ ᠡᠳᠦᠷ ᠢ ᠪᠠᠨ ᠤᠭᠲᠤᠬᠤᠢ᠃ᠬᠠᠷᠠᠭᠠᠨ ᠤ ᠡᠮᠦᠨ᠎ᠡ ᠡᠩ ᠦᠭᠡᠢ ᠠᠭᠤᠳᠠᠮ ᠮᠦᠩᠭᠦᠨ ᠶᠢᠷᠲᠢᠨᠴᠦ ᠶᠢᠨ ᠵᠢᠷᠤᠭ ᠤᠨ ᠦᠵᠡᠰᠭᠦᠯᠡᠩ ᠳᠡᠯᠭᠡᠵᠦᠬᠠᠴᠢᠨ ᠤᠷᠠᠯᠠᠯ ᠶᠠᠩᠵᠤ ᠶᠢᠨ ᠴᠡᠴᠡᠭᠡᠰ ᠡᠪᠡᠰᠦ ᠤᠷᠭᠤᠮᠠᠯ ᠪᠦᠬᠦᠨ ᠢ ᠲᠡᠭᠷᠢ ᠶᠢᠨ ᠬᠤᠷ᠎ᠠ ᠪᠠᠷ ᠠᠷᠢᠭᠤᠰᠬᠠᠵᠤᠬᠦᠳᠦᠰᠦᠨ ᠳᠡᠭᠡᠷ᠎ᠡ ᠳᠤᠰᠬᠤ ᠳᠤ ᠤᠰᠤ ᠴᠤ ᠬᠦᠷᠦᠰᠦᠨ ᠳᠡᠭᠡᠷ᠎ᠡ ᠲᠤᠰᠬᠤ ᠳᠤ ᠲᠤᠰᠤ ᠭᠡᠬᠦ ᠠᠷᠠᠳ ᠤᠨ ᠦᠭᠡᠬᠦᠰᠡᠯ ᠤᠨ ᠳᠠᠭᠤᠤ ᠪᠠᠷ ᠬᠠᠪᠤᠷ ᠢ ᠤᠭᠲᠤᠬᠤ ᠬᠦᠬᠡᠭᠡ ᠡᠪᠦᠯ ᠤᠨ ᠬᠠᠭᠳᠠ ᠳᠤ ᠬᠠᠶᠢᠷᠠᠯᠠᠭᠰᠠᠨ ᠦᠨᠡᠲᠦ ᠪᠡᠯᠡᠭ᠃ᠴᠠᠭ ᠤᠨ ᠬᠦᠷᠳᠦ ᠪᠠᠷ ᠢᠶᠠᠨ ᠠᠶᠢᠯᠴᠢᠯᠠᠬᠤ ᠬᠦᠷ ᠴᠠᠰᠤ ᠴᠢᠯᠡᠭᠡ ᠪᠠᠨ ᠲᠠᠯᠪᠢᠭᠤᠷᠠᠲᠠᠯ᠎ᠠ ᠯᠠᠪᠰᠠᠯᠠᠬᠤ ᠶᠢ ᠪᠠᠭ᠋ᠠᠷᠬᠠᠵᠤᠴᠢᠭᠢᠭ ᠬᠤᠷ᠎ᠠ ᠲᠠᠢ ᠴᠡᠪᠡᠷ ᠠᠷᠢᠭᠤᠨ ᠠᠮᠢᠰᠬᠤᠯ ᠳᠤ ᠠᠮᠢᠲᠠᠨ ᠵᠢᠷᠭᠤᠭᠠᠨ ᠵᠦᠢᠯ ᠠᠮᠤᠭᠤᠯᠠᠩ ᠲᠠᠭᠠᠲᠠᠢ ᠡᠪᠦᠯᠵᠢᠵᠦᠴᠠᠰᠤ ᠵᠤᠭᠰᠤᠯ ᠦᠭᠡᠢ ᠤᠷᠤᠭᠠᠰᠠᠢ ᠯᠠ ᠭᠡᠵᠦ ᠬᠡᠴᠢᠨᠡᠨ ᠵᠢᠯ ᠤᠨ ᠬᠠᠭᠰᠠᠷᠠᠭᠰᠠᠨ ᠭᠠᠴᠢᠭ ᠢ ᠪᠠᠨ ᠭᠦᠨ ᠨᠠᠮᠠᠨᠴᠢᠯᠠᠵᠤᠴᠡᠴᠡᠭ ᠮᠦᠰᠢᠶᠡᠵᠦ ᠵᠢᠭᠦᠷᠲᠡᠨ ᠪᠦᠵᠢᠭᠯᠡᠬᠦ ᠶᠢᠨ ᠦᠨᠢᠷ ᠲᠠᠩᠰᠤᠭ ᠡᠷᠢᠨ ᠳᠤ ᠬᠠᠨ ᠳᠡᠯᠡᠬᠡᠢ ᠮᠢᠨᠢ ᠪᠠᠶᠠᠰᠤᠨ ᠵᠢᠷᠭᠠᠨᠠᠮ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤ