ᠰᠦᠨᠢᠳ ᠵᠡᠬᠦᠨ ᠬᠤᠰᠢᠭᠤᠨ ᠤ ᠲᠤᠲᠤᠭᠠᠲᠤ ᠶᠢ ᠬᠠᠮᠠᠭᠠᠯᠠᠬᠤ ᠲᠤᠪᠴᠢᠶᠠᠨ ᠤ ᠨᠢᠬᠡᠲᠤᠭᠡᠷ ᠨᠠᠮ ᠤᠨ ᠡᠬᠦᠷ ᠨᠢ ᠭᠤᠤᠯ ᠰᠡᠳᠤᠪᠲᠦ ᠨᠠᠮ ᠤᠨ ᠡᠲᠦᠷᠯᠢᠭ ᠤᠨ ᠠᠵᠢᠯᠯᠠᠭ᠎ᠠ ᠦᠷᠨᠢᠬᠦᠯᠪᠡ
ᠨᠡᠶᠢᠲᠡᠯᠡᠭᠰᠡᠨ ᠴᠠᠭ᠄
2023/10/16
     ᠤᠷᠴᠢᠮ ᠤᠨ ᠡᠲᠤᠷ᠂ ᠰᠢᠯᠢ ᠶᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤᠨ ᠤ ᠲᠤᠲᠤᠭᠠᠲᠤ ᠶᠢ ᠬᠠᠮᠠᠭᠠᠯᠠᠬᠤ ᠲᠤᠪᠴᠢᠶᠠᠨ ᠤ ᠨᠢᠬᠡᠲᠤᠭᠡᠷ ᠨᠠᠮ  ᠤᠨ ᠡᠬᠦᠷ ᠨᠢ ︽ᠦᠨᠲᠤᠰᠤᠲᠡᠨ ᠨᠦᠬᠦᠳ ᠪᠦᠯᠬᠦᠮᠲᠡᠵᠦ᠂ ᠰᠠᠳᠬᠢᠯ ᠢᠶᠠᠨ ᠨᠢᠬᠡᠳᠬᠡᠨ ᠨᠠᠮ ᠳᠤ ᠪᠠᠨ ᠵᠢᠳᠬᠦᠬᠦ᠂ ᠲᠣᠮᠲᠠᠲᠣ ᠶᠢᠨ ᠦᠨᠲᠤᠰᠤᠲᠡᠨ ᠤ ᠬᠠᠮᠲᠤ ᠶᠢᠨ ᠴᠤᠭᠴᠠ ᠶᠢᠨ ᠤᠬᠠᠮᠰᠠᠷ ᠢ ᠪᠠᠲᠣ ᠴᠤᠭᠴᠠᠯᠠᠬᠤ︾ ᠭᠤᠤᠯ ᠰᠡᠳᠤᠪᠳᠦ ᠨᠠᠮ ᠤᠨ ᠡᠲᠦᠷᠯᠢᠭ ᠤᠨ ᠠᠵᠢᠯᠯᠠᠭ᠎ᠠ ᠦᠷᠨᠢᠬᠦᠯᠦᠨ᠂ ᠪᠦᠬᠦ ᠨᠠᠮ ᠤᠨ ᠬᠡᠰᠢᠬᠦᠳ ᠢᠶᠠᠨ ᠵᠤᠬᠢᠶᠠᠨ ᠪᠠᠶᠢᠭᠤᠯᠤᠨ ᠰᠦᠨᠢᠳ ᠵᠡᠬᠦᠨ ᠬᠤᠰᠢᠭᠤᠨ ᠤ ᠦᠨᠲᠤᠰᠤᠲᠡᠨ ᠤ ᠪᠦᠯᠬᠦᠮᠲᠡᠯ ᠳᠠᠪᠰᠢᠯᠲᠠ ᠶᠢᠨ ᠬᠦᠮᠤᠵᠢᠯ ᠤᠨ ᠰᠠᠭᠤᠷᠢᠨ ᠭᠠᠵᠠᠷ ᠢᠶᠠᠷ ᠲᠤᠭᠤᠷᠢᠨ ᠦᠵᠡᠵᠦ ᠰᠤᠷᠤᠯᠴᠠᠪᠠ᠃
1.jpg   
    ᠦᠨᠲᠤᠰᠤᠲᠡᠨ ᠤ ᠪᠦᠯᠬᠦᠮᠲᠡᠯ ᠳᠠᠪᠰᠢᠯᠲᠠ ᠶᠢᠨ ᠬᠦᠮᠤᠵᠢᠯ ᠤᠨ ᠰᠠᠭᠤᠷᠢᠨ ᠭᠠᠵᠠᠷ ᠤᠨ ᠲᠠᠶᠢᠯᠪᠤᠷᠢᠯᠠᠭᠴᠢ ᠠᠴᠠ ᠰᠡᠳᠬᠢᠯ ᠬᠦᠳᠡᠯᠬᠡᠮ᠎ᠡ ︽ᠭᠤᠷᠪᠠᠨ ᠮᠢᠩᠭᠠᠨ ᠦᠨᠤᠴᠢᠨ ᠬᠡᠥᠬᠡᠳ ᠢ ᠦᠷᠡᠴᠢᠯᠡᠨ ᠳᠡᠵᠢᠭᠡᠭᠰᠡᠨ︾ ᠰᠠᠶᠢᠬᠠᠨ ᠦᠯᠢᠭᠡᠷ ᠢ ᠠᠮᠢᠲᠤᠯᠢᠭ ᠢᠶᠠᠷ ᠬᠤᠪᠢᠶᠠᠯᠴᠠᠨ᠂ ᠬᠠᠭᠤᠳᠠᠰᠤ ᠬᠠᠭᠤᠳᠠᠰᠤ ᠳᠠᠩᠰᠠ ᠡᠪᠬᠡᠮᠡᠯ᠂ ᠲᠡᠤᠬᠡ  ᠶᠢᠨ ᠲᠤᠷᠠᠰᠬᠠᠯᠲᠤ ᠵᠦᠢᠯᠡᠰ ᠪᠦᠲᠤᠬᠡᠯ ᠢ ᠲᠠᠶᠢᠯᠪᠤᠷᠢᠯᠠᠬᠤ ᠪᠠᠷ ᠳᠠᠮᠵᠢᠨ᠂ ᠤᠯᠠᠨ ᠢᠶᠠᠷ ᠢᠶᠠᠨ ᠲᠠᠯ᠎ᠠ ᠨᠤᠲᠤᠭ ᠤᠨ ᠠᠷᠠᠳ ᠲᠦᠮᠡᠨ ᠤ ᠪᠤᠷᠤᠭᠵᠢᠭᠤᠨ᠂ ᠡᠬᠡᠯ ᠵᠢᠷ  ᠤᠨ᠂ ᠴᠠᠶᠢᠯᠭᠠᠨ ᠰᠡᠳᠬᠢᠯ ᠲᠠᠢ ᠮᠦᠷᠲᠡᠭᠡᠨ ᠠᠭᠤᠤ ᠶᠡᠭᠡ ᠤᠯᠤᠰ ᠬᠡᠷ ᠤᠨ ᠬᠠᠶᠢᠷ᠎ᠠ ᠰᠡᠳᠬᠢᠯᠬᠡ ᠪᠤᠯᠤᠨ ᠪᠦᠯᠬᠦᠮᠲᠡᠨ ᠨᠢᠭᠲᠠᠷᠠᠬᠤ ᠵᠤᠷᠢᠭ ᠰᠠᠨᠠᠭ᠎ᠠ ᠶᠢ ᠬᠦᠨ ᠤᠶᠢᠯᠠᠭᠠᠵᠤ᠂ ᠡᠨᠡ ᠬᠦ ᠦᠨᠲᠤᠰᠤᠲᠡᠨ ᠤ ᠶᠡᠭᠡ ᠵᠢᠷᠤᠮ ᠨᠢ ᠬᠦᠮᠦᠨ ᠬᠦᠮᠦᠨ ᠤ ᠬᠤᠭᠤᠷᠤᠨᠳᠤᠬᠢ ᠬᠠᠮᠤᠭ ᠤᠨ ᠰᠠᠶᠢᠨ ᠰᠠᠶᠢᠬᠠᠨ᠂ ᠬᠠᠮᠤᠭ ᠤᠨ ᠦᠨᠡᠨᠴᠢ ᠲᠤᠲᠤᠨᠤ ᠰᠡᠳᠬᠢᠯᠬᠡ ᠶᠢ ᠦᠨᠡᠨ ᠬᠦ ᠨᠢᠭᠳᠠᠷᠠᠭᠤᠯᠪᠠ᠃
5.jpg    
    ᠠᠵᠢᠯᠯᠠᠭ᠎ᠠ ᠳᠤ ᠤᠷᠤᠯᠴᠠᠭᠰᠠᠨ ᠪᠦᠬᠦ ᠨᠠᠮ ᠤᠨ ᠬᠡᠰᠢᠬᠦᠳ ᠲᠡᠤᠬᠡ ᠶᠢᠨ ᠤᠯᠠ ᠮᠦᠷ ᠢ ᠡᠷᠢᠯᠬᠢᠯᠡᠬᠦ ᠪᠠᠷ ᠳᠠᠮᠵᠢᠨ᠂ ᠨᠢᠬᠡᠨ ᠤᠳᠠᠭᠠᠨ ᠤ ᠬᠦᠨ ᠬᠦᠨᠵᠡᠬᠡᠢ ᠨᠠᠮᠴᠢ ᠴᠢᠨᠠᠷ ᠤᠨ ᠬᠦᠮᠤᠵᠢᠯ ᠬᠦᠷᠳᠡᠵᠦ᠂ ᠲᠣᠮᠲᠠᠲᠣ ᠶᠢᠨ ᠦᠨᠲᠤᠰᠤᠲᠡᠨ ᠤ ᠬᠠᠮᠲᠤ ᠶᠢᠨ ᠴᠤᠭᠴᠠ ᠶᠢᠨ ᠤᠬᠠᠮᠰᠠᠷ ᠢ ᠪᠠᠲᠣ ᠴᠤᠭᠴᠠᠯᠠᠬᠤ ᠴᠢᠬᠤᠯᠠ ᠠᠴᠢ ᠬᠤᠯᠪᠤᠭᠲᠠᠯ ᠢ ᠤᠯᠠᠮ ᠨᠢᠬᠡ ᠠᠯᠬᠤᠮ ᠦᠢᠯᠠᠭᠠᠪᠠ᠃ ︵ᠰᠦᠨᠢᠳ ᠵᠡᠬᠦᠨ ᠬᠤᠰᠢᠭᠤᠨ ᠤ ᠲᠤᠲᠤᠭᠠᠲᠤ ᠶᠢ ᠬᠠᠮᠠᠭᠠᠯᠠᠬᠤ ᠲᠤᠪᠴᠢᠶ᠎ᠠ ᠶᠢᠨ  ᠤᠶᠠᠰᠤᠨ᠎ᠠ ᠮᠡᠲᠡᠭᠡᠯᠡᠪᠡ︶ 
ᠢᠷᠡᠯᠲᠡ᠄ ᠰᠢᠯᠢ ᠶᠢᠨ ᠭᠤᠤᠯ ᠠᠶᠢᠮᠠᠭ ᠤᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ