ᠬᠤᠶᠠᠷ ᠨᠠᠶᠢᠵᠢ ᠪᠠᠨ ᠦᠬᠡᠶᠢᠯᠡᠨ ᠳᠤᠷᠠᠰᠣᠨᠠᠮ
ᠨᠡᠶᠢᠲᠡᠯᠡᠭᠰᠡᠨ ᠴᠠᠭ᠄
2023/10/16
   ᠬᠤᠶᠠᠷ ᠨᠠᠶᠢᠵᠢ ᠪᠠᠨ ᠦᠬᠡᠶᠢᠯᠡᠨ ᠳᠤᠷᠠᠰᠣᠨᠠᠮ              ᠮᠥᠩᠭᠡᠨᠠᠰᠣᠨ   ᠠᠶᠠᠨ ᠵᠠᠮ ᠤᠨ ᠬᠠᠷᠭᠤᠢ ᠳᠤ ᠠᠨᠳᠠ ᠬᠤᠶᠠᠷ ᠨᠠᠶᠢᠵᠠ ᠮᠢᠨᠢ  ᠠᠷᠠᠢ ᠡᠷᠲᠡ ᠨᠠᠮᠠᠢᠢ ᠤᠷᠬᠢᠭᠠᠳ ᠲᠡᠭᠷᠢ ᠶᠢᠨ ᠬᠠᠶᠠᠭᠠᠨ ᠳᠤ ᠤᠳᠣᠯ᠎ᠠ ᠳ᠋ᠠ  ᠠᠷᠣ ᠠᠴᠠ ᠴᠢᠨᠢ ᠪᠢᠴᠢᠭᠰᠡᠨ ᠨᠢᠯᠪᠤᠰᠣ ᠲᠠᠢ ᠰᠢᠯᠦᠭ ᠢᠶᠠᠨ ᠵᠤᠯᠠ ᠪᠣᠯᠭᠠᠵᠣ  ᠠᠶᠤᠤᠯᠢᠬᠠᠢ ᠳᠤ ᠪᠠᠨ ᠠᠰᠠᠭᠠᠭᠠᠳ ᠦᠬᠡᠶᠢᠯᠡᠵᠦ ᠰᠠᠭᠤᠨᠠᠮ᠂ ᠥᠨᠦᠴᠢᠷᠡᠵᠦ ᠮᠥᠷᠦᠭᠡᠳᠦᠨᠡᠮ᠃    ᠤᠷᠴᠢᠯᠠᠩ ᠤᠨ ᠵᠠᠢ ᠳᠤ ᠤᠨᠠᠭ᠎ᠠ ᠲᠠᠭ᠎ᠠ ᠰᠢᠭ᠋ ᠡᠷᠭᠡᠯᠡᠨ ᠲᠤᠭᠯᠠᠵᠣ ᠶᠠᠪᠤᠭᠰᠠᠨ ᠰᠠᠨ  ᠸᠴᠢᠷ ᠡᠷᠳᠡᠨᠢ ᠰᠢᠭ ᠦᠨᠡᠨᠴᠢ ᠢᠲᠡᠭᠡᠯ ᠤᠨ ᠮᠢᠨᠢ ᠨᠠᠨᠳᠢᠨ ᠬᠤᠯᠪᠤᠭ᠎ᠠ ᠰᠠᠨᠠᠭᠳᠠᠨ᠎ᠠ  ᠢᠲᠡᠭᠡᠯᠲᠦ ᠳᠦᠯᠭᠡᠨ ᠠᠭᠠᠯᠢᠨ ᠳᠤ ᠴᠢᠨᠢ ᠤᠰᠣᠨ ᠤ ᠰᠢᠪᠠᠭᠤᠳ ᠬᠤᠷᠭᠤᠳᠠᠳᠠᠭ ᠰᠠᠨ  ᠢᠨᠢᠶᠡᠮᠰᠦᠭᠯᠡᠵᠦ ᠶᠠᠷᠢᠭᠰᠠᠨ ᠦᠭᠡ ᠪᠥᠬᠦᠨ ᠴᠢᠨᠢ ᠬᠠᠳᠠᠨ ᠬᠤᠰᠢᠭᠤᠨ ᠠᠴᠠ ᠰᠤᠨᠤᠰᠳᠠᠬᠤ ᠶᠤᠮ᠃    ᠵᠢᠷᠭᠠᠯᠠᠩᠲᠣ ᠶᠢᠨ ᠣᠰᠤᠨ ᠮᠠᠨᠠᠨ ᠵᠢᠷᠦᠬᠡ ᠶᠢ ᠮᠢᠨᠢ ᠡᠮᠵᠡᠭᠯᠡᠭᠦᠯᠵᠦ ᠪᠤᠳᠠᠩᠳᠤᠨ᠎ᠠ  ᠵᠢᠭᠠᠬᠠᠨ ᠰᠢᠷᠭ᠎ᠠ ᠶᠢᠨ ᠳᠦᠪᠡᠷᠭᠡᠨ ᠴᠢᠩᠨᠠᠭᠰᠠᠨ ᠲᠠᠭᠠᠳᠣ ᠶᠢᠨ ᠣᠪᠤᠭ᠎ᠠ ᠠᠯᠤᠰ ᠠᠴᠠ ᠰᠡᠭᠦᠷᠡᠰᠦᠯᠡᠵᠦ ᠳᠦᠩᠭᠦ᠋ᠢᠨ᠎ᠡ  ᠽᠠᠮᠪᠤᠯᠢᠩ ᠤᠨ ᠲᠤᠭᠤᠰᠣᠨ ᠳᠤ ᠵᠠᠶᠠᠭ᠎ᠠ ᠪᠠᠨ ᠬᠤᠯᠪᠤᠵᠣ ᠠᠨᠳᠠ ᠪᠠᠷᠢᠯᠳᠤᠭᠰᠠᠨ ᠮᠥᠴᠡ ᠮᠢᠨᠢ  ᠵᠠᠬ᠎ᠠ ᠦᠬᠡᠢ ᠨᠡᠯᠦᠶᠢᠬᠦ ᠨᠠᠭᠤᠷ ᠤᠨ ᠬᠤᠨ ᠰᠢᠭ᠋ ᠡᠵᠡᠬᠦ᠋ᠢᠷᠡᠵᠦ ᠬᠤᠴᠤᠷᠤᠯ᠎ᠠ ᠨᠠᠳᠠ ᠲᠠᠢ ᠴᠤᠭ᠃ 
ᠢᠷᠡᠯᠲᠡ᠄ ᠰᠢᠯᠢ ᠶᠢᠨ ᠭᠤᠤᠯ ᠠᠶᠢᠮᠠᠭ ᠤᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ