ᠴᠢᠦᠶ ᠷᠦᠢ ᠨᠢᠶᠠᠨ᠂ ᠡᠷᠡᠭᠲᠡᠶ᠂ ᠮᠣᠩᠭᠤᠯ ᠦᠨᠳᠦᠰᠦᠲᠡᠨ᠂ 1971 ᠣᠨ ᠤ 5 ᠰᠠᠷ᠎ᠠ ᠳᠤ ᠲᠦᠷᠦᠵᠠᠢ᠂ 1998 ᠣᠨ ᠤ 10 ᠰᠠᠷ᠎ᠠ ᠳᠤ ᠳᠤᠮᠳᠠᠳᠤ | ᠤᠯᠤᠰ ᠤᠨ ᠡᠪ ᠬᠠᠮᠲᠤ ᠨᠠᠮ ᠳᠤ ᠡᠯᠰᠡᠭᠳᠡᠵᠦ᠂ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ᠂ ᠨᠢᠭᠡᠳᠦᠭᠡᠷ ᠳᠡᠰ ᠤᠨ ᠴᠠᠭᠳᠠᠭᠠᠨ ᠪᠠᠶᠢᠴᠠᠭᠠᠭᠴᠢ᠂ | ᠭᠤᠷᠪᠠᠳᠤᠭᠠᠷ ᠳᠡᠰ ᠤᠨ ᠳᠡᠭᠡᠳᠦ ᠵᠡᠷᠭᠡ ᠶᠢᠨ ᠴᠠᠭᠳᠠᠭᠠᠨ ᠳᠠᠷᠤᠭ᠎ᠠ᠃ ᠣᠲᠣ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠳᠡᠳ᠋ | ᠳᠠᠷᠤᠭ᠎ᠠ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠨᠠᠮ ᠤᠨ ᠬᠤᠷᠢᠶ᠎ᠠ ᠶᠢᠨ ᠱᠦᠵᠢ᠂ ᠲᠣᠪᠴᠢᠶᠠᠨ ᠳᠠᠷᠤᠭ᠎ᠠ ᠶᠢᠨ ᠲᠤᠰᠢᠶᠠᠯ ᠲᠠᠢ᠃ ᠭᠤᠴᠢᠨ ᠵᠢᠯ ᠤᠨ | ᠴᠠᠭᠳᠠᠭᠠᠨ ᠤ ᠠᠯᠪᠠᠨ ᠳᠤ ᠪᠠᠨ ᠤᠷᠢᠳ ᠬᠤᠵᠢᠳ ᠬᠤᠶᠠᠳᠤᠭᠠᠷ ᠳᠡᠰ ᠤᠨ ᠭᠠᠪᠢᠶ᠎ᠠ᠂ ᠭᠤᠷᠪᠠᠳᠤᠭᠠᠷ ᠳᠡᠰ ᠤᠨ ᠭᠠᠪᠢᠶ᠎ᠠ ᠵᠢᠴᠢ ᠡᠯ᠎ᠡ ᠲᠦᠷᠦᠯ ᠤᠨ ᠬᠥᠬᠢᠭᠦᠯᠦᠯ | ᠰᠠᠶᠢᠰᠢᠶᠠᠯ ᠵᠡᠷᠭᠡ ᠤᠯᠠᠨ ᠵᠦᠢᠯ ᠤᠨ ᠢᠷᠠᠭᠤ ᠠᠯᠳᠠᠷ ᠢ ᠬᠦᠷᠳᠡᠵᠤ᠂ ᠢᠮᠠᠭᠲᠠ ᠬᠠᠮᠤᠭ ᠤᠨ ᠴᠢᠩᠭ᠎ᠠ ᠬᠠᠷᠢᠭᠤᠴᠠᠯᠭ᠎ᠠ ᠡᠭᠦᠷᠭᠡᠯᠡᠯ ᠢᠶᠠᠷ ᠠᠮᠤᠷ ᠲᠦᠪᠰᠢᠨ ᠤ | ᠪᠠᠶᠢᠭᠤᠯᠤᠯᠲᠠ ᠶᠢᠨ ᠠᠵᠢᠯ ᠢ ᠠᠬᠢᠭᠤᠯᠵᠠᠢ᠃ | ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠨᠢ ᠦᠨᠳᠦᠰᠦᠲᠡᠨ ᠤ ᠭᠠᠵᠠᠷ ᠣᠷᠣᠨ ᠤ ᠣᠨᠴᠠᠯᠢᠭ ᠢᠶᠠᠷ ᠢᠯᠡᠷᠬᠡᠶ ᠪᠠᠶᠢᠵᠤ᠂ ᠮᠠᠯᠵᠢᠬᠤ ᠲᠠᠷᠢᠶᠠᠯᠠᠬᠤ | ᠣᠷᠣᠨ ᠤ ᠮᠣᠩᠭᠤᠯ ᠦᠨᠳᠦᠰᠦᠲᠡᠨ ᠤ ᠬᠥᠮᠦᠨ ᠠᠮᠠ ᠶᠢᠨ ᠬᠠᠷᠢᠴᠠᠯ ᠨᠢ 100% ᠳᠤ ᠣᠶᠢᠷᠠᠳᠴᠠᠶ᠃ ᠴᠢᠦᠶ ᠷᠦᠢ ᠨᠢᠶᠠᠨ ᠨᠥᠬᠦᠷ ᠡᠲᠡᠭᠡᠷ ᠨᠢ ᠪᠥᠬᠦ | ᠬᠤᠰᠢᠭᠤᠨ ᠤ ᠲᠣᠭᠲᠠᠭᠤᠨ ᠢ ᠬᠠᠮᠠᠭᠠᠯᠠᠬᠤ ᠠᠵᠢᠯ ᠳᠤ ᠮᠠᠰᠢ ᠶᠡᠭᠡ ᠥᠷᠢᠰᠥᠯᠳᠦᠭᠡᠨ ᠠᠪᠴᠢᠷᠠᠬᠤ ᠨᠢ ᠵᠠᠶᠢᠯᠠᠰᠢ ᠥᠬᠡᠶ ᠭᠡᠳᠡᠭ ᠢ ᠭᠦᠨᠵᠡᠭᠡᠶ ᠣᠶᠢᠯᠠᠭᠠᠵᠤ᠂ | ᠢᠮᠠᠭᠲᠠ ᠤᠯᠤᠰ ᠲᠥᠷᠥ ᠶᠢᠨ ᠠᠮᠤᠷ ᠲᠦᠪᠰᠢᠨ ᠪᠠ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠬᠠᠮᠠᠭᠠᠯᠠᠬᠤ ᠪᠠᠷ ᠬᠠᠮᠤᠭ ᠤᠨ ᠴᠢᠬᠤᠯᠠ ᠡᠭᠦᠷᠭᠡ ᠪᠣᠯᠭᠠᠵᠤ᠂ | ᠬᠢᠯᠢ ᠶᠢᠨ ᠳᠣᠲᠣᠨ᠎ᠠ ᠭᠠᠳᠠᠨᠠᠬᠢ ᠬᠤᠶᠠᠷ ᠵᠢᠭᠰᠠᠭᠠᠯ ᠤᠨ ᠭᠠᠵᠠᠷ ᠢ ᠨᠢᠭᠡᠳᠦᠯᠲᠡᠶ ᠲᠥᠯᠥᠪᠯᠡᠨ᠂ ᠤᠷᠢᠳᠴᠢᠯᠠᠨ ᠠᠷᠭ᠎ᠠ ᠰᠦᠪᠡᠭᠴᠢᠯᠡᠵᠦ᠂ ᠰᠠᠨᠠᠭᠠᠴᠢᠯᠠᠭ᠎ᠠ ᠲᠠᠢ ᠪᠠᠷ | ᠠᠵᠢᠯ ᠬᠢᠳᠡᠭ᠃ 2021 ᠣᠨ ᠠᠴᠠ ᠨᠠᠭᠠᠰᠢ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠳᠤ ᠰᠤᠷᠭᠠᠭᠤᠯᠢ ᠶᠢᠨ ᠬᠦᠷᠢᠶ᠎ᠡ ᠵᠢᠴᠢ ᠡᠷᠬᠢᠨ | ᠲᠣᠭᠤᠷᠢᠨ ᠳᠤ ᠶᠡᠷᠥ ᠨᠢ ᠬᠡᠷᠡᠭ ᠭᠠᠷᠤᠭᠰᠠᠨ ᠥᠬᠡᠶ᠂ ᠮᠠᠰᠢ ᠣᠯᠠᠨ ᠰᠡᠷᠭᠡᠭ ᠵᠠᠩᠭᠢᠯᠠᠭ᠎ᠠ ᠶᠢᠨ ᠬᠡᠷᠡᠭ ᠤᠨ ᠭᠤᠤᠯᠳᠠᠯᠭ᠎ᠠ ᠲᠠᠢ ᠬᠥᠮᠦᠰ ᠲᠤ ︽ᠬᠠᠮᠢᠶᠠᠷᠤᠯᠲᠠ ᠠᠴᠠ | ᠰᠠᠯᠬᠤ ᠥᠬᠡᠶ︾ ︽ᠣᠷᠬᠢᠭᠳᠠᠭᠤᠯᠬᠤ ᠥᠬᠡᠶ︾ ᠰᠠᠶᠢᠨ ᠬᠢᠷᠢ ᠪᠦᠲᠦᠮᠵᠢ ᠤᠯᠪᠠ︔ ᠤᠯᠠᠨ ᠤᠳᠠᠭ᠎ᠠ ᠶᠢᠨ ᠲᠤᠰᠬᠠᠶ ᠴᠡᠭᠴᠡᠯᠡᠨ ᠵᠠᠰᠠᠬᠤ ᠠᠵᠢᠯᠯᠠᠭ᠎ᠠ ᠶᠢ | ᠪᠠᠶᠢᠷᠢᠯᠠᠭᠤᠯᠤᠨ ᠥᠷᠨᠢᠭᠦᠯᠵᠦ᠂ ᠹᠸᠤᠳᠠᠯ ᠤᠨ ᠮᠤᠬᠤᠷ ᠰᠦᠰᠦᠭ ᠤᠨ ᠠᠵᠢᠯᠯᠠᠭ᠎ᠠ ᠪᠠ ︽ᠱᠠᠪᠢ ᠶᠢᠨ ᠴᠤᠭᠯᠠᠭᠠᠨ︾ ᠤ ᠬᠡᠷᠡᠭ ᠢ ᠤᠯᠠᠨ ᠤᠳᠠᠭ᠎ᠠ ᠪᠠᠶᠢᠴᠠᠭᠠᠨ | ᠰᠢᠢᠳᠪᠦᠷᠢᠯᠡᠪᠡ︔ 2022 ᠣᠨ ᠤ 6 ᠰᠠᠷ᠎ᠠ ᠶᠢᠨ ᠳᠤᠮᠳᠠᠴᠢ ᠪᠠᠷ᠂ ᠲᠡᠭᠦᠨ ᠤ ᠨᠢᠭᠡᠳᠦᠯᠲᠡᠶ ᠲᠥᠯᠥᠪᠵᠢᠭᠦᠯᠭᠡ ᠪᠠ ᠵᠢᠯᠣᠭᠤᠳᠣᠯᠭ᠎ᠠ ᠳᠣᠤᠷ᠎ᠠ᠂ ᠬᠤᠷᠴᠢᠨ | ᠪᠠᠷᠠᠭᠤᠨ ᠭᠠᠷᠤᠨ ᠳᠤᠮᠳᠠᠳᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠲᠤᠰᠬᠠᠶ ᠠᠵᠢᠯ ᠤᠨ ᠳᠤᠭᠤᠶᠢᠯᠠᠩ ᠲᠤᠯᠤᠭᠠᠨ ᠠᠵᠢᠯ ᠤᠨ ᠡᠳᠦᠷ ᠢ | ᠥᠩᠭᠡᠷᠡᠭᠡᠵᠦ᠂ 3000 ᠭᠠᠷᠤᠶ ᠺᠢᠯᠦᠮᠧᠲᠷ ᠠᠶᠠᠯᠠᠨ᠂ 10 ᠭᠠᠷᠤᠶ ᠮᠤᠵᠢ ᠬᠤᠲᠠ ᠰᠢᠶᠠᠨ ᠲᠣᠭᠤᠷᠢᠭ ᠢ ᠲᠣᠭᠤᠷᠢᠵᠤ᠂ ᠳᠠᠪᠬᠤᠷ ᠳᠠᠪᠬᠤᠷ ᠬᠦᠴᠢᠷ | ᠪᠡᠷᠬᠡᠰᠢᠶᠡᠯ ᠢ ᠢᠯᠠᠨ ᠳᠠᠪᠠᠵᠤ᠂ ᠴᠠᠭ ᠮᠥᠴᠡ ᠶᠢ ᠠᠯᠳᠠᠯ ᠥᠬᠡᠶ ᠪᠠᠷ ᠬᠠᠷᠢᠶᠠᠲᠤ ᠣᠷᠣᠨ ᠤ ᠰᠠᠭᠤᠭᠠᠯᠢ ᠠᠷᠠᠳ ᠤᠨ ᠭᠠᠳᠠᠨᠠᠬᠢ ᠲᠠᠢ ᠬᠤᠯᠪᠣᠭᠠᠯᠠᠬᠤ ᠪᠥᠬᠦ ᠠᠷᠭ᠎ᠠ | ᠵᠠᠮ ᠢ ᠠᠮᠵᠢᠯᠲᠠ ᠲᠠᠢ ᠲᠡᠰᠦᠯᠵᠦ᠂ ᠲᠥᠷᠥ ᠶᠢᠨ ᠶᠠᠪᠤᠳᠠᠯ ᠳᠤ ᠬᠤᠯᠪᠣᠭᠳᠠᠬᠤ ᠲᠣᠭᠲᠠᠭᠤᠨ ᠪᠠᠶᠢᠳᠠᠯ ᠳᠤ ᠬᠤᠯᠪᠣᠭᠳᠠᠬᠤ ᠠᠶᠤᠯ ᠲᠦᠭᠰᠢᠭᠦᠷᠢ ᠶᠢᠨ ᠬᠡᠮ | ᠰᠣᠭᠤᠭ ᠢ ᠴᠠᠭ ᠲᠤᠬᠠᠶ ᠳᠤ ᠨᠢ ᠠᠷᠢᠯᠭᠠᠪᠠ᠃ | | | | ᠨᠡᠶᠢᠭᠡᠮ ᠤᠨ ᠲᠠᠯ᠎ᠠ ᠶᠢᠨ ᠦᠢᠯᠡᠴᠢᠯᠡᠭᠡ ᠪᠠ ᠬᠠᠮᠢᠶᠠᠷᠤᠯᠲᠠ ᠶᠢ ᠪᠥᠬᠦ ᠲᠠᠯ᠎ᠠ ᠪᠠᠷ ᠥᠷᠨᠢᠭᠦᠯᠵᠦ᠂ ᠨᠡᠶᠢᠭᠡᠮ ᠤᠨ ᠬᠤᠲᠠ ᠶᠢᠨ ᠬᠡᠪᠴᠢᠶᠡᠨ ᠤ ᠵᠠᠰᠠᠯᠲᠠ ᠶᠢᠨ | ᠥᠢᠯᠡᠲᠦᠯ ᠴᠢᠳᠠᠪᠤᠷᠢ ᠶᠢ ᠳᠡᠭᠡᠭᠰᠢᠯᠡᠭᠦᠯᠬᠦ ᠪᠣᠯ ᠳᠣᠲᠣᠭᠠᠳᠤ ᠶᠢ ᠬᠠᠮᠠᠭᠠᠯᠠᠬᠤ ᠦᠨᠳᠦᠰᠦᠨ ᠱᠠᠲᠤᠨ ᠤ ᠰᠠᠭᠤᠷᠢ ᠶᠢ ᠪᠠᠲᠤ ᠪᠠᠬᠢ ᠪᠠᠶᠢᠭᠤᠯᠵᠤ᠂ ᠠᠮᠤᠷ | ᠠᠮᠤᠭᠤᠯᠠᠩ ᠤᠨ ᠪᠠᠶᠢᠭᠤᠯᠤᠯᠲᠠ ᠶᠢ ᠠᠬᠢᠭᠤᠯᠬᠤ ᠶᠢᠨ ᠴᠢᠬᠤᠯᠠ ᠵᠦᠢᠯ ᠮᠥᠨ᠃ ᠴᠢᠦᠶ ᠷᠦᠢ ᠨᠢᠶᠠᠨ ᠨᠥᠬᠦᠷ ᠢᠮᠠᠭᠲᠠ ᠪᠥᠲᠥᠭᠡᠨ ᠪᠠᠶᠢᠭᠤᠯᠤᠯᠲᠠ ᠶᠢ ᠠᠳᠬᠤᠵᠤ | ᠰᠠᠭᠤᠷᠢ ᠲᠠᠯᠪᠢᠬᠤ ᠶᠢ ᠪᠠᠷᠢᠮᠲᠠᠯᠠᠵᠤ᠂ ᠨᠡᠶᠢᠭᠡᠮ ᠤᠨ ᠲᠠᠯ᠎ᠠ ᠶᠢᠨ ᠰᠡᠷᠭᠡᠶᠢᠯᠡᠯᠲᠡ ᠪᠠ ᠬᠠᠮᠢᠶᠠᠷᠤᠯᠲᠠ ᠡᠵᠡᠮᠳᠡᠯ ᠢ ᠴᠢᠩᠭᠠᠳᠬᠠᠬᠤ ᠲᠠᠯ᠎ᠠ ᠪᠠᠷ ᠭᠦᠢᠴᠡᠳ ᠴᠢᠷᠮᠠᠶᠢᠯᠭ᠎ᠠ | ᠭᠠᠷᠭᠠᠵᠠᠶ᠃ ︽ᠣᠯᠠᠨ ᠲᠦᠮᠡᠨᠴᠢ ᠴᠢᠨᠠᠷᠲᠠᠢ ᠠᠮᠤᠷ ᠢ ᠬᠠᠮᠠᠭᠠᠯᠠᠬᠤ ᠰᠡᠷᠭᠡᠶᠢᠯᠡᠨ ᠡᠵᠡᠮᠲᠡᠬᠦ ᠢᠨᠵᠧᠨᠧᠷᠢᠩ︾ ᠤᠨ ᠦᠷ᠎ᠡ ᠪᠦᠳᠦᠮᠵᠢ ᠢ ᠪᠠᠬᠢᠵᠢᠭᠦᠯᠦᠭᠰᠡᠨ ᠰᠠᠭᠤᠷᠢᠨ | ᠳᠡᠭᠡᠷ᠎ᠡ᠂ ᠴᠢᠦᠢ ᠷᠦᠢ ᠨᠢᠶᠠᠨ ᠨᠥᠬᠦᠷ ᠳᠣᠲᠣᠭᠠᠳᠤ ᠶᠢ ᠬᠠᠮᠠᠭᠠᠯᠠᠬᠤ ᠲᠤᠪᠴᠢᠶ᠎ᠠ ᠶᠢᠨ ᠨᠠᠮ ᠤᠨ ᠬᠤᠷᠢᠶ᠎ᠠ ᠶᠢᠨ ᠤᠳᠤᠷᠢᠳᠬᠤ ᠪᠠᠭ ᠢ ᠳᠠᠭᠠᠭᠤᠯᠤᠨ ᠪᠠᠰᠠ ᠴᠢᠮᠡᠭᠡ | ᠮᠡᠳᠡᠭᠡ ᠵᠢᠯᠣᠭᠤᠳᠬᠤ ᠶᠡᠭᠡ ᠲᠢᠩᠬᠢᠮ ᠤᠨ ᠥᠭᠡᠷᠡᠴᠢᠯᠡᠯᠲᠡ ᠶᠢ ᠪᠡᠶᠡᠯᠡᠭᠦᠯᠵᠦ᠂ ︽ᠴᠢᠮᠡᠭᠡ ᠮᠡᠳᠡᠭᠡ᠂ ᠵᠢᠯᠤᠭᠤᠳᠤᠯᠭ᠎ᠠ᠂ ᠠᠵᠢᠯᠯᠠᠭ᠎ᠠ︾ ᠶᠢ ᠨᠢᠭᠡ | ᠴᠤᠬᠴᠠᠵᠢᠭᠤᠯᠤᠬᠰᠠᠨ ᠠᠵᠢᠯᠯᠠᠭᠠᠨ ᠤ ᠲᠣᠭᠲᠠᠴᠠ ᠳᠤ ᠲᠦᠰᠢᠭᠯᠡᠨ᠂ 14 ᠵᠦᠢᠯ ᠤᠨ ᠠᠷᠭ᠎ᠠ ᠪᠠᠷᠢᠯ ᠤᠨ ᠡᠬᠢ ᠪᠠᠶᠠᠯᠢᠭ ᠢ ᠠᠭᠤᠰᠤᠯᠴᠠᠭᠤᠯᠵᠤ᠂ ᠴᠢᠮᠡᠭᠡ ᠮᠡᠳᠡᠭᠡ | ᠵᠢᠯᠤᠭᠤᠳᠬᠤ ᠲᠥᠪ᠂ ᠬᠠᠮᠳᠤᠷᠠᠯ ᠤᠨ ᠪᠠᠶᠢᠯᠳᠤᠭᠠᠨ ᠤ ᠲᠥᠪ ᠪᠣᠯᠤᠨ ᠬᠢᠬᠠᠨ ᠮᠡᠬᠡᠯᠡᠬᠦ ᠶᠢ ᠡᠰᠡᠷᠭᠦᠴᠡᠬᠦ ᠲᠥᠪ ᠢ ᠨᠢᠭᠡ ᠴᠤᠬᠴᠠᠵᠢᠭᠤᠯᠤᠬᠰᠠᠨ ᠠᠵᠢᠯᠯᠠᠭᠠᠨ ᠢ | ᠪᠡᠶᠡᠯᠡᠭᠦᠯᠪᠡ᠃ ᠪᠥᠬᠦ ᠬᠤᠰᠢᠭᠤᠨ ᠤ ᠡᠯ᠎ᠡ ᠳᠤᠮᠳᠠᠳᠤ ᠪᠠᠭ᠎ᠠ ᠰᠤᠷᠭᠠᠭᠤᠯᠢ᠂ ᠵᠢᠭᠠᠨ ᠰᠤᠷᠭᠠᠯᠲᠠ ᠶᠢᠨ ᠴᠡᠭ᠂ ᠠᠷᠠᠳ ᠠᠴᠠ ᠡᠷᠭᠢᠯᠡᠭᠰᠡᠨ ᠬᠡᠤᠬᠡᠳ ᠤᠨ ᠴᠡᠴᠡᠷᠯᠢᠭ | ᠪᠣᠯᠤᠨ 4 ᠡᠮᠨᠡᠯᠭᠡ ᠶᠢᠨ ᠬᠤᠷᠢᠶ᠎ᠠ ᠶᠢᠨ ︽ᠨᠢᠭᠡ ᠲᠣᠪᠴᠢᠭᠤᠷ ᠳᠠᠷᠤᠵᠤ ᠸᠢᠳᠢᠣ᠋ ᠪᠠᠷ ᠲᠦᠭᠰᠢᠭᠦᠷᠢ ᠮᠡᠳᠡᠭᠦᠯᠬᠦ︾ ᠶᠢ ᠪᠦᠬᠦᠨ ᠢ ᠬᠠᠮᠤᠷᠬᠤ ᠶᠢ ᠪᠡᠶᠡᠯᠡᠭᠦᠯᠪᠡ᠃ | ᠰᠢᠨ᠎ᠡ ᠪᠠᠷ ᠬᠤᠳᠠᠯᠳᠤᠨ ᠠᠪᠤᠭᠰᠠᠨ 16 ᠴᠠᠭᠳᠠᠭᠠᠨ ᠤ ᠲᠡᠷᠭᠡ ᠶᠢ ᠪᠦᠬᠦᠨ ᠢ ᠨᠢᠭᠡᠳᠦᠭᠡᠷ ᠹᠷᠣᠨᠲ ᠲᠤ ᠬᠦᠷᠭᠡᠵᠦ᠂ 30 ᠶᠠᠷᠢᠯᠴᠠᠭᠤᠷ ᠪᠠ 2 ᠵᠢᠯᠣᠭᠤᠴᠢ ᠦᠭᠡᠢ | ᠨᠢᠰᠬᠡᠯ ᠢᠶᠠᠷ ᠬᠤᠳᠠ ᠶᠢᠨ ᠬᠡᠪᠴᠢᠶᠡᠨ ᠤ ᠠᠮᠤᠷ ᠲᠦᠪᠰᠢᠨ ᠤ ᠰᠡᠷᠭᠡᠶᠢᠯᠡᠯᠲᠡ ᠪᠠ ᠲᠤᠮᠤ ᠬᠡᠯᠪᠡᠷᠢ ᠶᠢᠨ ᠠᠮᠤᠷ ᠲᠦᠪᠰᠢᠨ ᠤ ᠬᠠᠮᠠᠭᠠᠯᠠᠯᠲᠠ ᠶᠢᠨ ᠲᠤᠬᠠᠢ ᠶᠢᠨ | ᠲᠠᠯᠠᠪᠤᠷ ᠤᠨ ᠵᠢᠯᠤᠭᠤᠳᠤᠯᠭ᠎ᠠ ᠶᠢ ᠪᠦᠬᠦ ᠲᠠᠯ᠎ᠠ ᠪᠠᠷ ᠪᠠᠲᠤᠯᠠᠪᠠ᠃ ︽856︾ ᠶᠢᠨ ᠪᠠᠶᠢᠩᠭᠤᠵᠢᠭᠰᠠᠨ ᠤᠯᠠᠨ ᠲᠦᠷᠦᠯ ᠤᠨ ᠴᠠᠭᠳᠠᠭᠠᠨ ᠤ ᠲᠦᠷᠦᠯ ᠤᠨ | ᠬᠠᠮᠲᠤᠷᠠᠭᠰᠠᠨ ᠦᠢᠯᠡᠴᠢᠯᠡᠭᠡᠨ ᠤ ᠲᠣᠭᠤᠷᠢᠨ ᠴᠠᠭᠳᠠᠵᠤ ᠰᠡᠷᠭᠡᠶᠢᠯᠡᠨ ᠡᠵᠡᠮᠳᠡᠬᠦ ᠲᠣᠭᠲᠠᠴᠠ ᠶᠢ ᠬᠡᠪ ᠤᠨ ᠪᠠᠶᠢᠳᠠᠯ ᠢᠶᠠᠷ ᠡᠬᠢᠯᠡᠭᠦᠯᠵᠦ᠂ 12 ᠡᠩᠨᠡᠭᠡ ᠶᠢᠨ 5000 | ᠭᠠᠷᠤᠢ ᠨᠡᠶᠢᠭᠡᠮ ᠤᠨ ᠬᠦᠴᠦᠨ ᠢ ᠠᠰᠢᠭᠯᠠᠨ ᠤᠯᠠᠨ ᠢᠶᠠᠷ ᠢᠶᠠᠨ ᠰᠡᠷᠭᠡᠶᠢᠯᠡᠵᠦ ᠤᠯᠠᠨ ᠢᠶᠠᠷ ᠢᠶᠠᠨ ᠵᠠᠰᠠᠬᠤ ᠶᠢ ᠪᠣᠳᠠᠲᠠᠶᠢᠵᠢᠭᠤᠯᠪᠠ᠃ ᠪᠥᠬᠦ ᠬᠤᠰᠢᠭᠤᠨ ᠤ 19 | ᠲᠣᠮᠢᠯᠠᠭᠰᠠᠨ ᠰᠠᠯᠪᠤᠷᠢ ᠪᠠ 2 ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠳᠤᠮᠳᠠ ᠠᠩᠭᠢ ᠶᠢ ᠨᠡᠶᠢᠯᠡᠭᠦᠯᠦᠭᠡᠳ 9 ᠴᠠᠭᠳᠠᠭᠠᠨ ᠤ ᠶᠠᠪᠤᠳᠠᠯ ᠤᠨ ᠲᠣᠭᠤᠷᠢᠭ | ᠪᠣᠯᠭᠠᠵᠤ᠂ ᠪᠠᠭ ᠤᠨ ᠪᠦᠷᠢᠯᠳᠦᠬᠦᠨ ᠠᠴᠠ ᠬᠤᠪᠢᠶᠠᠨ ᠬᠠᠮᠢᠶᠠᠷᠴᠤ ᠬᠡᠰᠡᠭᠯᠡᠨ ᠳᠠᠭᠠᠭᠠᠴᠢᠯᠠᠪᠠ᠃ ᠡᠭᠦᠨ ᠠᠴᠠ ᠭᠠᠳᠠᠨ᠎ᠠ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠴᠠᠭᠳᠠᠭᠠᠨ ᠤ ᠶᠠᠪᠤᠳᠠᠯ ᠤᠨ ᠠᠵᠢᠯ ᠢ ᠪᠥᠬᠦ ᠬᠦᠴᠦᠨ ᠢᠶᠠᠷ ᠢᠶᠠᠨ ᠠᠬᠢᠭᠤᠯᠬᠤ ᠶᠢᠨ ᠲᠥᠯᠥᠭᠡ᠂ ᠭᠤᠷᠪᠠᠨ ᠵᠢᠯ ᠰᠢᠬᠠᠮ ᠤᠨ ᠨᠡᠶᠢᠲᠡ 98 ᠵᠢᠩᠬᠢᠨᠢ | ᠠᠷᠠᠳ ᠤᠨ ᠴᠠᠭᠳᠠᠭ᠎ᠠ ᠶᠢ ᠴᠥᠮ ᠦᠨᠳᠦᠰᠦᠨ ᠱᠠᠲᠤᠨ ᠤ ᠲᠣᠮᠢᠯᠠᠭᠰᠠᠨ ᠰᠠᠯᠪᠤᠷᠢ ᠳᠤ ᠲᠤᠮᠢᠯᠠᠭᠰᠠᠨ ᠪᠠᠶᠢᠨ᠎ᠠ᠃ ᠬᠠᠪᠰᠤᠷᠤᠭᠴᠢ ᠴᠠᠭᠳᠠᠭ᠎ᠠ ᠶᠢᠨ ᠴᠠᠭᠳᠠᠭᠠᠨ ᠤ | ᠬᠦᠴᠦᠨ ᠬᠦᠷᠦᠯᠴᠡᠬᠦ ᠥᠬᠡᠶ ᠪᠠᠶᠢᠳᠠᠯ ᠳᠤ ᠴᠢᠭᠯᠡᠭᠦᠯᠦᠨ᠂ ᠤᠤᠯ ᠤᠨ 344 ᠬᠠᠪᠰᠤᠷᠤᠭᠴᠢ ᠴᠠᠭᠳᠠᠭᠠᠨ ᠤ ᠰᠠᠭᠤᠷᠢᠨ ᠳᠡᠭᠡᠷ᠎ᠡ᠂ ᠳᠡᠭᠡᠳᠦ ᠱᠠᠲᠤᠨ ᠤ | ᠬᠤᠯᠪᠣᠭᠳᠠᠯ ᠪᠥᠬᠦᠶ ᠰᠠᠯᠠᠭ᠎ᠠ ᠮᠥᠴᠢᠷ ᠲᠠᠢ ᠵᠣᠬᠢᠴᠠᠭᠤᠯᠤᠨ 130 ᠬᠠᠪᠰᠤᠷᠤᠭᠴᠢ ᠴᠠᠭᠳᠠᠭ᠎ᠠ ᠡᠯᠰᠡᠪᠡ᠃ | | | | ︽ᠠᠮᠤᠷ ᠠᠮᠤᠭᠤᠯᠠᠩ ᠢ ᠪᠣᠯ ᠠᠵᠢᠯᠯᠠᠵᠤ ᠡᠭᠦᠳᠦᠭᠰᠡᠨ ᠠᠴᠠ ᠪᠢᠰᠢ᠂ ᠬᠡᠯᠡᠵᠦ ᠪᠦᠳᠦᠭᠡᠭᠰᠡᠨ ᠦᠭᠡᠢ︕︾ ᠭᠡᠵᠦ ᠴᠢᠦᠶ ᠷᠦᠢ ᠨᠢᠶᠠᠨ ᠨᠥᠬᠦᠷ | ᠦᠷᠭᠦᠯᠵᠢ ᠢᠩᠭᠢᠵᠦ ᠶᠠᠷᠢᠳᠠᠭ ᠪᠥᠭᠡᠳ ᠢᠮᠠᠭᠲᠠ ᠪᠡᠶ᠎ᠡ ᠪᠠᠷ ᠢᠶᠠᠨ ᠤᠷᠢᠳ ᠢᠶᠠᠷ ᠴᠢᠷᠮᠠᠶᠢᠨ ᠠᠵᠢᠯᠯᠠᠵᠤ᠂ ᠰᠠᠨᠠᠭᠠᠴᠢᠯᠠᠭ᠎ᠠ ᠲᠠᠢ ᠪᠠᠷ ᠳᠠᠭᠠᠷᠢᠯᠲᠠ ᠬᠢᠵᠦ᠂ | ᠤᠷᠢᠳ ᠢᠶᠠᠷ ᠳᠠᠶᠢᠰᠤᠨ ᠢ ᠡᠵᠡᠮᠳᠡᠬᠦ ᠶᠢ ᠪᠠᠷᠢᠮᠳᠠᠯᠠᠵᠤ᠂ ᠴᠢᠩᠭ᠎ᠠ ᠴᠣᠬᠢᠯᠲᠠ ᠥᠭᠴᠦ ᠴᠡᠭᠴᠡᠯᠡᠨ ᠵᠠᠰᠠᠵᠤ᠂ ᠠᠮᠤᠷ ᠲᠦᠪᠰᠢᠨ ᠤ ᠪᠠᠶᠢᠳᠠᠯ ᠢ ᠲᠣᠭᠲᠠᠭᠤᠨ ᠢᠶᠠᠷ | ᠡᠵᠡᠮᠳᠡᠪᠡ᠃ ᠢᠯᠠᠩᠭᠤᠶ᠎ᠠ ᠡᠨᠡ ᠵᠢᠯ ᠠᠴᠠ ᠨᠠᠭᠠᠰᠢ᠂ ᠲᠡᠭᠦᠨ ᠤ ᠳᠠᠭᠠᠭᠤᠯᠭ᠎ᠠ ᠳᠣᠤᠷ᠎ᠠ᠂ ᠪᠥᠬᠦ ᠲᠤᠪᠴᠢᠶ᠎ᠠ ᠪᠠᠷ ᠢᠶᠠᠨ ︽ᠵᠠᠭᠤᠨ ᠡᠳᠦᠷ ᠤᠨ ᠠᠵᠢᠯᠯᠠᠭ᠎ᠠ︾ | ︽ᠬᠤᠶᠠᠷ ᠢ ᠠᠷᠢᠯᠭᠠᠨ ᠴᠡᠭᠴᠡᠯᠡᠵᠦ ᠬᠤᠶᠠᠷ ᠲᠤ ᠴᠣᠬᠢᠯᠲᠠ ᠥᠭᠬᠦ︾ ᠲᠤᠰᠬᠠᠶ ᠠᠵᠢᠯᠯᠠᠭ᠎ᠠ ᠳᠤ ᠲᠦᠰᠢᠭᠯᠡᠨ᠂ ᠬᠠᠤᠯᠢ ᠶᠢ ᠵᠥᠷᠢᠴᠡᠭᠰᠡᠨ ᠲᠣᠪᠤᠶᠢᠮ᠎ᠠ ᠶᠠᠯᠠᠲᠤ | ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ ᠬᠦᠴᠦᠲᠡᠶ ᠳᠠᠷᠤᠯᠲᠠ ᠦᠵᠡᠭᠦᠯᠬᠦ ᠪᠠᠶᠢᠳᠠᠯ ᠢ ᠢᠮᠠᠭᠲᠠ ᠪᠠᠷᠢᠮᠲᠠᠯᠠᠭᠰᠠᠭᠠᠷ ᠢᠷᠡᠵᠡᠶ᠃ 2022 ᠣᠨ ᠠᠴᠠ ᠨᠠᠭᠠᠰᠢ᠂ | ︽ᠴᠢᠮᠡᠭᠡ ᠮᠡᠳᠡᠭᠡ᠂ ᠵᠢᠯᠤᠭᠤᠳᠤᠯᠭ᠎ᠠ᠂ ᠠᠵᠢᠯᠯᠠᠭ᠎ᠠ︾ ᠶᠢ ᠨᠢᠭᠡ ᠴᠤᠭᠴᠠᠵᠢᠭᠤᠯᠤᠭᠰᠠᠨ ᠠᠵᠢᠯᠯᠠᠭᠠᠨ ᠤ ᠲᠣᠭᠲᠠᠴᠠ ᠳᠤ ᠲᠦᠰᠢᠭᠯᠡᠨ᠂ ᠪᠥᠬᠦ ᠬᠤᠰᠢᠭᠤᠨ ᠳᠤ | ᠮᠡᠬᠡᠯᠡᠯ ᠪᠠ ᠬᠤᠯᠠᠭᠠᠶᠢᠯᠠᠬᠤ ᠲᠥᠷᠥᠯ ᠤᠨ ᠬᠡᠷᠡᠭ ᠭᠠᠷᠤᠭᠰᠠᠨ ᠨᠢ ᠠᠳᠠᠯᠢ ᠬᠤᠭᠤᠴᠠᠭᠠᠨ ᠤ ᠬᠢ ᠠᠴᠠ ᠲᠣᠰ ᠲᠣᠰ 45% ᠪᠠ 46% ᠪᠠᠷ ᠪᠠᠭᠤᠷᠠᠵᠤ᠂ | ᠡᠷᠡᠭᠦᠤ ᠶᠢᠨ ᠬᠡᠷᠡᠭ ᠤᠨ ᠬᠡᠷᠡᠭ ᠢᠯᠡᠷᠡᠭᠦᠯᠦᠭᠰᠡᠨ ᠨᠤᠷᠮ᠎ᠠ ᠨᠢ 71.5% ᠪᠠᠷ ᠳᠡᠭᠡᠭᠰᠢᠯᠡᠭᠰᠡᠨ ᠪᠠᠶᠢᠨ᠎ᠠ᠃ ᠢᠯᠠᠩᠭᠤᠶ᠎ᠠ ︽ᠨᠠᠢᠮᠠᠨ ᠲᠦᠷᠦᠯ ᠤᠨ ᠬᠡᠷᠡᠭ︾ ᠤᠨ | ᠬᠡᠷᠡᠭ ᠭᠠᠷᠬᠤ ᠨᠣᠷᠮ᠎ᠠ ᠢᠯᠡᠷᠬᠡᠢ ᠪᠠᠭᠤᠷᠠᠪᠠ᠃ ᠡᠭᠦᠨ ᠳᠤ᠄ ᠭᠠᠯ ᠲᠠᠯᠪᠢᠭᠰᠠᠨ᠂ ᠳᠡᠯᠪᠡᠴᠢᠭᠰᠡᠨ᠂ ᠪᠠᠷᠢᠴᠠᠭᠠᠯᠠᠭᠰᠠᠨ᠂ ᠤᠤᠯᠭᠠᠯᠠᠭᠰᠠᠨ ᠵᠡᠷᠭᠡ ᠬᠡᠷᠡᠭ ᠪᠥᠬᠦ | ᠵᠢᠯ ᠳᠤ ᠡᠭᠦᠰᠦᠭᠰᠡᠨ ᠦᠭᠡᠢ᠃ 2022 ᠣᠨ ᠠᠴᠠ ᠨᠠᠭᠠᠰᠢ ᠠᠮᠢᠨ ᠬᠡᠷᠡᠭ 11 ᠰᠠᠷ᠎ᠠ ᠳᠠᠷᠠᠭᠠᠯᠠᠨ ᠡᠭᠦᠰᠦᠭᠰᠡᠨ ᠦᠭᠡᠢ ᠮᠥᠷᠳᠡᠬᠡᠨ ᠬᠦᠴᠦᠷᠬᠡᠭᠯᠡᠨ | ᠨᠥᠵᠢᠳᠯᠡᠭᠰᠡᠨ᠂ ᠳᠡᠭᠡᠷᠡᠮᠳᠡᠭᠰᠡᠨ ᠪᠠ ᠭᠡᠮᠲᠦᠭᠡᠭᠰᠡᠨ ᠲᠥᠷᠥᠯ ᠤᠨ ᠬᠡᠷᠡᠭ ᠴᠤ ᠲᠣᠰ ᠲᠣᠰ ᠬᠤᠶᠠᠷ ᠰᠠᠷ᠎ᠠ᠂ ᠨᠠᠢᠮᠠᠨ ᠰᠠᠷ᠎ᠠ᠂ ᠳᠥᠷᠪᠡᠨ ᠰᠠᠷ᠎ᠠ ᠡᠭᠦᠰᠦᠭᠰᠡᠨ | ᠦᠭᠡᠢ᠃ ᠡᠭᠦᠨ ᠤ ᠵᠡᠷᠭᠡ ᠳᠤ᠂ ᠪᠥᠬᠦ ᠬᠤᠰᠢᠭᠤᠨ ᠤ ᠠᠮᠢᠨ ᠬᠡᠷᠡᠭ ᠢ 13 ᠵᠢᠯ ᠳᠠᠷᠠᠭᠠᠯᠠᠨ ᠪᠦᠬᠦᠨ ᠢ ᠢᠯᠡᠷᠡᠭᠦᠯᠵᠦ᠂ ᠣᠷᠭᠤᠳᠠᠭᠤᠯ ᠬᠡᠷᠡᠭᠳᠡᠨ ᠢ ᠪᠠᠷᠢᠪᠴᠢᠯᠠᠬᠤ | ᠨᠤᠷᠮ᠎ᠠ ᠬᠤᠶᠠᠷ ᠵᠢᠯ ᠳᠠᠷᠠᠭᠠᠯᠠᠨ ᠠᠳᠠᠯᠢ ᠬᠤᠭᠤᠴᠠᠭᠠᠨ ᠤ ᠬᠢ ᠠᠴᠠ ᠲᠣᠰ ᠲᠣᠰ 20% ᠪᠠ 91% ᠪᠠᠷ ᠨᠡᠮᠡᠭᠳᠡᠪᠡ᠃ ︽ᠬᠤᠶᠠᠷ ᠪᠤᠯᠢᠶᠠᠬᠤ ᠨᠢᠭᠡ | ᠬᠤᠯᠠᠭᠠᠶᠢᠯᠠᠬᠤ︾ ᠬᠡᠷᠡᠭ ᠶᠡᠭᠡ ᠪᠠᠷ ᠪᠠᠭᠠᠰᠪᠠ᠃ ᠢᠯᠠᠩᠭᠤᠶ᠎ᠠ ᠴᠠᠬᠢᠯᠭᠠᠨ ᠬᠤᠯᠪᠤᠭ᠎ᠠ ᠰᠦᠯᠵᠢᠶᠠᠨ ᠤ ᠮᠡᠬᠡᠯᠡᠯ ᠤᠨ ᠬᠡᠷᠡᠭ ᠠᠳᠠᠯᠢ ᠬᠤᠭᠤᠴᠠᠭᠠᠨ ᠤ ᠬᠢ ᠠᠴᠠ | 37% ᠪᠠᠷ ᠪᠠᠭᠤᠷᠠᠵᠤ᠂ ᠬᠡᠷᠡᠭ ᠢ ᠢᠯᠡᠷᠡᠭᠦᠯᠬᠦ ᠨᠣᠷᠮ᠎ᠠ 34% ᠪᠠᠷ ᠨᠡᠮᠡᠭᠳᠡᠪᠡ᠃ ᠶᠠᠮᠤᠨ ᠤ ᠰᠢᠪᠠᠳᠠᠨ ᠰᠢᠢᠳᠪᠦᠷᠢᠯᠡᠭᠦᠯᠦᠭᠰᠡᠨ ︽7.06︾ ᠶᠢᠨ ᠬᠠᠤᠯᠢ | ᠪᠤᠰᠤ ᠪᠠᠷ ᠡᠵᠡᠩᠨᠡᠭᠰᠡᠨ ᠬᠡᠷᠡᠭ ᠢ ᠳᠡᠩᠨᠡᠨ ᠢᠯᠡᠷᠡᠭᠦᠯᠵᠦ᠂ 28 ᠶᠠᠯ᠎ᠠ ᠬᠢᠭᠰᠡᠨ ᠰᠡᠵᠢᠭᠳᠡᠨ ᠢ ᠪᠠᠷᠢᠪᠴᠢᠯᠠᠵᠤ᠂ 3000 ᠭᠠᠷᠤᠶ ᠪᠠᠭᠤᠳᠠᠯ ᠬᠠᠭᠤᠷᠮᠠᠭ ᠲᠠᠮᠠᠬᠢ | ︵60 ᠲᠦᠮᠡ︶ ᠶᠢ ᠪᠠᠶᠢᠴᠠᠭᠠᠨ ᠬᠤᠷᠢᠶᠠᠵᠤ᠂ 1 ᠨᠢᠭᠤᠴᠠ ᠣᠷᠤᠮᠵᠢ ᠶᠢ ᠰᠦᠢᠷᠡᠭᠦᠯᠵᠦ᠂ 4 ᠨᠢᠭᠤᠴᠠ ᠣᠷᠤᠮᠵᠢ ᠶᠢ ᠢᠯᠡᠷᠡᠭᠦᠯᠵᠦ᠂ ᠬᠡᠷᠡᠭ ᠲᠤ | ᠬᠤᠯᠪᠣᠭᠳᠠᠭᠰᠠᠨ ᠵᠣᠭᠤᠰ ᠤᠨ ᠲᠤᠭ᠎ᠠ ᠨᠢ 7.5 ᠳ᠋ᠦᠩᠰᠢᠭᠤᠷ ᠭᠠᠷᠤᠶ ᠲᠥᠭᠦᠷᠢᠭ ᠲᠤ ᠬᠦᠷᠴᠡᠶ᠃ ︽4.14︾ ᠤ ᠱᠠᠯᠢᠭ ᠵᠠᠪᠬᠠᠶ ᠵᠦᠢᠯᠡᠰ ᠲᠤ | ᠬᠤᠯᠪᠣᠭᠳᠠᠭᠰᠠᠨ ᠰᠢᠷᠢᠰ ᠬᠡᠷᠡᠭ ᠢ ᠶᠠᠮᠤᠨ ᠤ ᠰᠢᠪᠠᠳᠠᠨ ᠰᠢᠢᠳᠪᠦᠷᠢᠯᠡᠭᠦᠯᠬᠦ ᠬᠡᠷᠡᠭ ᠢᠶᠠᠷ ᠵᠢᠭᠰᠠᠭᠠᠵᠤ᠂ 11 ᠡᠷᠡᠭᠦᠦ ᠶᠢᠨ ᠬᠡᠷᠡᠭ ᠢ ᠢᠯᠡᠷᠡᠭᠦᠯᠵᠦ᠂ 31 ᠵᠠᠰᠠᠭ | ᠵᠠᠬᠢᠷᠭᠠᠨ ᠤ ᠬᠡᠷᠡᠭ ᠢ ᠪᠠᠶᠢᠴᠠᠭᠠᠨ ᠰᠢᠢᠳᠪᠦᠷᠢᠯᠡᠵᠦ᠂ 42 ᠬᠥᠮᠦᠨ ᠢ ᠪᠠᠷᠢᠪᠴᠢᠯᠠᠵᠤ᠂ 78 ᠬᠥᠮᠦᠨ ᠳᠤ ᠵᠠᠰᠠᠭ ᠵᠠᠬᠢᠷᠭᠠᠨ ᠤ ᠰᠢᠢᠳᠭᠡᠯ ᠥᠭᠴᠡᠶ︔ ᠡᠭᠦᠨ ᠠᠴᠠ | ᠭᠠᠳᠠᠨ᠎ᠠ᠂ ᠲᠢᠩᠬᠢᠮ ᠤᠨ ᠰᠢᠪᠠᠳᠠᠨ ᠪᠠᠶᠢᠴᠠᠭᠠᠯᠭᠠᠭᠰᠠᠨ ᠠᠮᠢ ᠠᠬᠤᠶ ᠶᠢᠨ ᠬᠦᠷᠢᠶᠡᠨ ᠳᠤ ᠬᠤᠯᠪᠣᠭᠳᠠᠭᠰᠠᠨ 2 ᠬᠡᠷᠡᠭ ᠢ ᠠᠮᠵᠢᠯᠲᠠᠲᠠᠶ ᠢᠯᠡᠷᠡᠭᠦᠯᠪᠡ᠃ | ᠲᠠᠷᠢᠶᠠᠯᠠᠩ ᠳᠤ ᠬᠡᠷᠡᠭᠯᠡᠬᠦ ᠭᠠᠵᠠᠷ ᠢ ᠬᠠᠤᠯᠢ ᠪᠤᠰᠤ ᠪᠠᠷ ᠡᠵᠡᠯᠡᠨ ᠬᠡᠷᠡᠭᠯᠡᠭᠰᠡᠨ ᠬᠡᠷᠡᠭ ᠣᠯᠠᠨ ᠵᠢᠯ ᠳᠠᠷᠠᠭᠠᠯᠠᠨ ᠨᠡᠯᠢᠶᠡᠳ ᠳᠣᠤᠷ᠎ᠠ ᠢᠯᠡᠷᠡᠵᠦ᠂ ᠨᠠᠰᠤᠵᠢᠯ ᠤᠨ | ᠠᠰᠠᠷᠠᠮᠵᠢ ᠶᠢᠨ ᠮᠡᠬᠡᠯᠡᠯ ᠤᠨ ᠠᠵᠢᠯᠯᠠᠭ᠎ᠠ ᠳᠤ ᠴᠣᠬᠢᠯᠲᠠ ᠥᠭᠭᠦᠭᠰᠡᠨ ᠠᠮᠵᠢᠯᠲᠠ ᠪᠦᠲᠦᠮᠵᠢ ᠪᠥᠬᠦ ᠠᠶᠢᠮᠠᠭ ᠢᠶᠠᠷ ᠢᠶᠠᠨ ᠲᠦᠷᠦᠭᠦᠯᠡᠪᠡ᠃ | ᠨᠠᠮ ᠤᠨ ᠬᠤᠷᠢᠳᠤᠭᠠᠷ ᠶᠡᠭᠡ ᠬᠤᠷᠠᠯ ᠤᠨ ᠠᠮᠤᠷ ᠢ ᠬᠠᠮᠠᠭᠠᠯᠠᠬᠤ ᠲᠣᠭᠲᠠᠭᠤᠨ ᠢ ᠬᠠᠮᠠᠭᠠᠯᠠᠬᠤ ᠳᠤ ᠰᠢᠪᠲᠤᠯᠤᠯᠲᠠ ᠬᠢᠬᠦ ᠶᠢᠨ ᠲᠥᠯᠥᠭᠡ᠂ ᠴᠢᠦᠢ ᠷᠦᠢ | ᠨᠢᠶᠠᠨ ᠨᠥᠬᠦᠷ ᠤᠷᠢᠳᠠᠪᠠᠷ ᠪᠡᠯᠡᠳᠭᠡᠯ ᠠᠵᠢᠯ ᠢ ᠭᠦᠢᠴᠡᠳ ᠬᠢᠵᠦ᠂ ᠰᠠᠨᠠᠭᠠᠴᠢᠯᠠᠭ᠎ᠠ ᠠᠴᠠ ᠪᠠᠨ ᠲᠠᠶᠢᠨ ᠬᠢᠬᠦ ᠶᠢ ᠪᠠᠷᠢᠮᠲᠠᠯᠠᠨ᠂ ᠲᠤᠪᠴᠢᠶ᠎ᠠ ᠶᠢᠨ ᠪᠠᠶᠢᠭᠤᠯᠭ᠎ᠠ ᠶᠢᠨ | 70% ᠤᠨ ᠴᠠᠭᠳᠠᠭ᠎ᠠ ᠶᠢᠨ ᠬᠦᠴᠦᠨ ᠢ ᠦᠨᠳᠦᠰᠦᠨ ᠱᠠᠲᠤᠨ ᠤ ᠨᠢᠭᠡᠳᠦᠭᠡᠷ ᠹᠷᠣᠨᠲ ᠲᠤ ᠪᠠᠭᠤᠯᠭᠠᠵᠤ ︽ᠶᠡᠭᠡ ᠴᠠᠭᠳᠠᠨ ᠰᠡᠷᠭᠡᠶᠢᠯᠡᠯᠲᠡ︾ ᠥᠷᠨᠢᠭᠦᠯᠵᠦ᠂ 55 | ᠴᠠᠭᠳᠠᠭ᠎ᠠ ᠶᠢᠨ ᠬᠦᠴᠦᠨ ᠢ ᠪᠦᠬᠦᠨ ᠢ ᠵᠡᠭᠡᠯᠢ ᠳᠡᠭᠡᠷ᠎ᠡ ᠭᠠᠷᠭᠠᠵᠤ ᠢᠯᠡ ᠪᠠᠷ ᠴᠠᠭᠳᠠᠭ᠎ᠠ ᠶᠢ ᠬᠡᠷᠡᠭᠯᠡᠬᠦ ᠶᠢ ᠴᠢᠩᠭᠠᠳᠬᠠᠵᠤ᠂ 103 ᠴᠠᠭᠳᠠᠭ᠎ᠠ ᠶᠢᠨ ᠬᠦᠴᠦᠨ ᠢ 2 | ᠳᠣᠲᠣᠭᠠᠳᠤ ᠶᠢ ᠬᠠᠮᠠᠭᠠᠯᠠᠬᠤ ᠪᠠᠶᠢᠴᠠᠭᠠᠬᠤ ᠦᠷᠳᠡᠭᠡ᠂ 6 ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠦᠢᠯᠡᠴᠢᠯᠡᠭᠡᠨ ᠤ ᠦᠷᠳᠡᠭᠡ ᠵᠢᠴᠢ 4 ᠭᠠᠳᠠᠷ | ᠣᠷᠤᠨ ᠳᠤ ᠰᠠᠭᠤᠭ᠎ᠠ ᠠᠵᠢᠯᠯᠠᠬᠤ ᠳᠤᠭᠤᠶᠢᠯᠠᠩ ᠳᠤ ᠲᠣᠮᠢᠯᠠᠨ ᠰᠠᠭᠤᠯᠭᠠᠵᠤ᠂ 24 ᠴᠠᠭ ᠢᠶᠠᠷ ᠪᠦᠬᠦᠯᠢ ᠡᠳᠦᠷ ᠢ ᠪᠠᠶᠢᠴᠠᠭᠠᠨ ᠡᠵᠡᠮᠳᠡᠪᠡ᠃ ᠪᠥᠬᠦ ᠬᠤᠰᠢᠭᠤᠨ ᠤ | ᠠᠵᠤ ᠠᠬᠤᠶ ᠶᠢᠨ ᠬᠥᠭᠵᠢᠯᠲᠡ ᠶᠢ ᠬᠠᠮᠠᠭᠠᠯᠠᠵᠤ᠂ ᠵᠥᠷᠢᠴᠡᠯ ᠵᠠᠭᠤᠷᠠᠯᠳᠤᠭᠠᠨ ᠢ ᠪᠠᠶᠢᠴᠠᠭᠠᠨ ᠰᠢᠢᠳᠪᠦᠷᠢᠯᠡᠬᠦ ᠠᠵᠢᠯ ᠢ ᠭᠦᠨᠵᠡᠭᠡᠶᠢᠷᠡᠭᠦᠯᠬᠦ ᠶᠢᠨ ᠲᠥᠯᠥᠭᠡ᠂ ᠴᠢᠦᠶ | ᠷᠦᠢ ᠨᠢᠶᠠᠨ ᠨᠥᠬᠦᠷ ᠴᠠᠭᠳᠠᠭᠠᠨ ᠤ ᠬᠦᠴᠦᠨ ᠢ ᠭᠦᠢᠴᠡᠳ ᠳᠣᠭᠢᠷᠠᠭᠤᠯᠵᠤ᠂ ︽ᠭᠤᠷᠪᠠ ᠶᠢ ᠪᠠᠶᠢᠴᠠᠭᠠᠵᠤ ᠨᠢᠭᠡ ᠶᠢ ᠡᠵᠡᠮᠳᠡᠬᠦ︾ ︽ᠥᠷᠭᠡᠨ ᠤᠯᠠᠨ | ᠴᠠᠭᠳᠠᠭ᠎ᠠ ᠶᠢ ᠡᠷᠦᠬᠡ ᠪᠣᠯᠭᠠᠨ ᠳᠤ ᠭᠦᠨᠵᠡᠭᠡᠶᠢᠷᠡᠭᠦᠯᠬᠦ︾ ᠵᠡᠷᠭᠡ ᠠᠵᠢᠯᠯᠠᠭ᠎ᠠ ᠳᠤ ᠲᠦᠰᠢᠭᠯᠡᠨ ᠵᠥᠷᠢᠴᠡᠯ ᠵᠠᠭᠤᠷᠠᠯᠳᠤᠭᠠᠨ ᠢ ᠣᠶᠢᠯᠠᠭᠠᠬᠤ ᠪᠠ ᠪᠠᠶᠢᠴᠠᠭᠠᠨ | ᠰᠤᠷᠪᠤᠯᠵᠢᠯᠠᠬᠤ ᠠᠵᠢᠯ ᠢ ᠭᠤᠤᠯᠳᠠᠯᠭ᠎ᠠ ᠲᠠᠢ ᠥᠷᠨᠢᠭᠦᠯᠵᠦ᠂ ᠠᠶᠤᠯ ᠲᠦᠭᠰᠢᠭᠦᠷᠢ ᠶᠢᠨ ᠬᠡᠮ ᠰᠣᠭᠤᠭ ᠢ ᠠᠷᠢᠯᠭᠠᠬᠤ ᠠᠵᠢᠯ ᠢ ᠪᠥᠬᠦ ᠬᠦᠴᠦᠨ ᠢᠶᠠᠷ ᠢᠶᠠᠨ | ᠥᠷᠨᠢᠭᠦᠯᠪᠡ᠃ 2022 ᠣᠨ ᠳᠤ᠂ ᠨᠡᠶᠢᠳᠡ 257 ᠵᠥᠷᠢᠴᠡᠯ ᠵᠠᠭᠤᠷᠠᠯᠳᠤᠭᠠᠨ ᠢ ᠳᠠᠷᠠᠭᠠᠯᠠᠨ ᠪᠠᠶᠢᠴᠠᠭᠠᠵᠤ᠂ 244 ᠬᠡᠷᠡᠭ ᠢ ᠰᠢᠢᠳᠪᠦᠷᠢᠯᠡᠪᠡ᠃ ᠡᠷᠡᠭᠦᠦ ᠶᠢᠨ | ᠬᠡᠷᠡᠭ ᠤᠨ ᠶᠠᠯᠠᠲᠤ ᠠᠵᠢᠯᠯᠠᠭ᠎ᠠ ᠶᠢᠨ ᠶᠠᠯ᠎ᠠ ᠬᠢᠭᠰᠡᠨ ᠥᠩᠭᠡᠷᠡᠯᠲᠡ᠂ ᠠᠮᠠᠷᠬᠠᠨ ᠬᠡᠷᠡᠭ ᠭᠠᠷᠭᠠᠵᠤ ᠤᠷᠰᠢᠭ ᠲᠠᠲᠠᠬᠤ ᠮᠡᠳᠡᠷᠡᠯ ᠤᠨ ᠡᠪᠡᠳᠴᠢᠲᠡᠨ ᠵᠡᠷᠭᠡ ᠶᠢ | ᠪᠠᠭᠲᠠᠭᠠᠭᠰᠠᠨ 838 ᠭᠤᠣᠯᠳᠠᠯᠭ᠎ᠠ ᠲᠠᠢ ᠬᠥᠮᠦᠰ ᠢ ᠢᠯᠡ ᠪᠠᠷ ᠬᠠᠮᠢᠶᠠᠷᠬᠤ ᠶᠢ ᠪᠦᠬᠦ ᠲᠠᠯ᠎ᠠ ᠪᠠᠷ ᠪᠡᠶᠡᠯᠡᠭᠦᠯᠪᠡ᠃ ᠡᠮᠬᠢᠯᠡᠨ ᠭᠠᠷᠭᠠᠭᠰᠠᠨ ᠲᠤᠰ ᠭᠠᠵᠠᠷ ᠤᠨ 8 | ᠭᠤᠣᠯᠳᠠᠯᠭ᠎ᠠ ᠲᠠᠢ ᠪᠦᠯᠦᠭᠯᠡᠯ ᠪᠠ 99 ᠭᠤᠣᠯᠳᠠᠯᠭ᠎ᠠ ᠲᠠᠢ ᠬᠦᠮᠦᠨ ᠢ ᠴᠥᠮ ᠬᠠᠮᠢᠶᠠᠷᠤᠨ ᠡᠵᠡᠮᠳᠡᠪᠡ᠃ ᠵᠠᠬᠢᠳᠠᠯ ᠰᠤᠷᠪᠤᠯᠵᠢᠯᠠᠭ᠎ᠠ ᠬᠢᠬᠦ᠂ ᠬᠢᠨᠠᠯᠲᠠ ᠲᠠᠯᠪᠢᠬᠤ᠂ | ᠬᠠᠷᠢᠭᠤᠴᠠᠯᠭ᠎ᠠ ᠨᠡᠬᠡᠮᠵᠢᠯᠡᠬᠦ ︽ᠭᠤᠷᠪᠠ ᠶᠢ ᠵᠡᠷᠭᠡ ᠳᠤ ᠨᠢ ᠶᠠᠪᠤᠭᠤᠯᠬᠤ︾ ᠲᠣᠭᠲᠠᠴᠠ ᠳᠤ ᠲᠦᠰᠢᠭᠯᠡᠨ᠂ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠢ ᠰᠢᠢᠳᠪᠦᠷᠢᠯᠡᠬᠦ | ᠪᠦᠬᠦ ᠲᠠᠯ᠎ᠠ ᠶᠢᠨ ᠠᠵᠢᠯ ᠢ ᠲᠣᠭᠲᠠᠭᠤᠨ ᠢᠶᠠᠷ ᠰᠠᠶᠢᠵᠢᠷᠠᠭᠤᠯᠪᠠ᠃ ︽ᠲᠦᠷᠢᠶᠡᠰᠦᠨ ᠮᠠᠰᠢᠨ ᠲᠡᠷᠭᠡᠨ ᠤ ᠪᠦᠯᠦᠭᠯᠡᠯ ᠤᠨ ᠠᠵᠢᠯ ᠬᠠᠶᠠᠯᠲᠠ︾᠂ ︽ᠮᠤᠳᠤᠨ ᠠᠶᠢᠯ | ᠬᠢᠭᠡᠳ ᠲᠦᠩᠯᠢᠶᠣᠤ ᠶᠢᠨ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤ︾᠂ ︽ᠬᠠᠷ᠎ᠠ ᠨᠠᠭᠤᠷ ᠬᠢᠭᠡᠳ ᠲᠦᠩᠯᠢᠶᠣᠤ ᠶᠢᠨ ᠬᠤᠣᠯᠢᠨ ᠭᠤᠤᠯ ᠬᠤᠲᠠ︾ ᠵᠡᠷᠭᠡ | ᠣᠯᠠᠨ ᠤᠳᠠᠭᠠᠨ ᠤ ᠪᠦᠯᠦᠭᠯᠡᠯ ᠤᠨ ᠴᠢᠨᠠᠷᠲᠠᠶ ᠬᠡᠷᠡᠭ ᠢ ᠴᠠᠭ ᠲᠤᠬᠠᠶ ᠳᠤ ᠨᠢ ᠤᠷᠢᠳᠴᠢᠯᠠᠨ ᠰᠡᠷᠭᠡᠶᠢᠯᠡᠬᠦ ᠪᠠ ᠲᠣᠬᠢᠲᠠᠶ ᠰᠢᠢᠳᠪᠦᠷᠢᠯᠡᠵᠡᠢ᠃ ᠭᠤᠤ ᠶᠢᠨ ᠪᠠᠶᠢᠰᠢᠩ | ᠪᠠᠯᠭᠠᠰᠤ ᠪᠣᠯᠤᠨ ᠰᠢᠨᠡᠵᠠᠮ ᠰᠤᠮᠤ ᠶᠢᠨ ᠣᠯᠠᠨ ᠭᠠᠴᠠᠭᠠᠨ ᠤ ᠠᠷᠠᠳ ᠤᠨ ᠠᠵᠢᠯ ᠰᠠᠭᠠᠲᠠᠭᠠᠭᠰᠠᠨ ᠬᠡᠷᠡᠭ ︵ᠬᠡᠷᠡᠭ︶ ᠢ ᠰᠤᠷᠭᠠᠨ ᠬᠦᠮᠦᠵᠢᠭᠦᠯᠦᠭᠰᠡᠨ ᠪᠠ | ᠴᠣᠬᠢᠯᠲᠠ ᠥᠭᠴᠦ ᠰᠢᠢᠳᠪᠦᠷᠢᠯᠡᠨ᠂ ︽ᠴᠤᠤᠯ ᠭᠤᠤᠯ ᠢ ᠲᠠᠲᠠᠵᠤ ᠯᠢᠶᠣᠤ ᠾᠧ ᠭᠤᠤᠯ ᠳᠤ ᠲᠤᠰᠠᠯᠠᠬᠤ︾ ᠢᠨᠵᠧᠨᠧᠷᠢᠩ ᠤᠨ ᠬᠤᠷᠴᠢᠨ ᠪᠠᠷᠠᠭᠤᠨ ᠭᠠᠷᠤᠨ | ᠳᠤᠮᠳᠠᠳᠤ ᠬᠤᠰᠢᠭᠤᠨ ᠤ ᠬᠡᠰᠡᠭ ᠤᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠪᠥᠬᠦ ᠲᠠᠯ᠎ᠠ ᠪᠠᠷ ᠠᠵᠢᠯ ᠰᠡᠷᠭᠦᠭᠡᠬᠦ ᠶᠢ ᠪᠠᠲᠤᠯᠠᠪᠠ᠃ ᠭᠠᠴᠠᠭ᠎ᠠ | ᠲᠣᠰᠬᠤᠨ ᠤ ᠬᠤᠭᠤᠷᠣᠨᠳᠣ ᠪᠠᠨ ᠬᠠᠷᠢᠯᠴᠠᠨ ᠳᠠᠭᠤᠷᠢᠶᠠᠬᠤ ᠳᠠᠯᠳᠠ ᠬᠡᠮ ᠪᠠ ᠣᠯᠠᠨ ᠬᠥᠮᠦᠨ ᠳᠤ ᠬᠤᠯᠪᠣᠭᠳᠠᠬᠤ ᠬᠡᠯᠪᠡᠷᠢ ᠶᠢᠨ ᠪᠦᠯᠦᠭᠯᠡᠯ ᠤᠨ ᠴᠢᠨᠠᠷᠲᠠᠶ ᠬᠡᠷᠡᠭ | ᠡᠭᠦᠰᠬᠦ ᠶᠢ ᠪᠦᠲᠦᠮᠵᠢᠲᠡᠶ ᠰᠡᠷᠭᠡᠶᠢᠯᠡᠨ ᠬᠤᠷᠢᠭᠯᠠᠪᠠ᠃ ᠵᠠᠬᠢᠲᠠᠯ ᠰᠤᠷᠪᠤᠯᠵᠢᠯᠠᠭ᠎ᠠ ᠬᠢᠬᠦ ᠬᠥᠮᠦᠨ ᠤ ᠲᠤᠭ᠎ᠠ ᠵᠢᠯ ᠳᠠᠷᠠᠭᠠᠯᠠᠨ ᠪᠠᠭᠠᠰᠴᠤ᠂ 2014 ᠣᠨ ᠳᠤ 99 | ᠬᠥᠮᠦᠨ ᠪᠠᠶᠢᠭᠰᠠᠨ ᠠᠴᠠ ᠪᠠᠨ 2019 ᠣᠨ ᠳᠤ 33 ᠬᠥᠮᠦᠨ ᠪᠣᠯᠤᠨ ᠪᠠᠭᠤᠷᠠᠵᠤ᠂ ᠳᠠᠬᠢᠭᠠᠳ 2021 ᠣᠨ᠂ 2022 ᠣᠨ ᠳᠤ ᠵᠠᠬᠢᠲᠠᠯ ᠰᠤᠷᠪᠤᠯᠵᠢᠯᠠᠭ᠎ᠠ | ᠬᠢᠬᠦ ᠬᠥᠮᠦᠨ ᠤ ᠲᠤᠭ᠎ᠠ 0 ᠪᠣᠯᠵᠠᠶ᠃ ᠡᠭᠦᠨ ᠠᠴᠠ ᠭᠠᠳᠠᠨ᠎ᠠ᠂ ᠴᠢᠦᠶ ᠷᠦᠢ ᠨᠢᠶᠠᠨ ᠨᠥᠬᠦᠷ ᠲᠤᠬᠠᠶᠢᠯᠠᠭᠰᠠᠨ ᠠᠵᠢᠯ ᠤᠨ ᠳᠤᠮᠳᠠ ᠪᠠᠨ ᠤᠯᠤᠰ ᠲᠥᠷᠥ ᠶᠢᠨ | ᠵᠣᠭᠰᠤᠯᠲᠠ ᠪᠠᠨ ᠪᠠᠲᠤ ᠴᠡᠭᠡᠵᠢᠯᠡᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠠᠪᠤᠳᠠᠯ ᠢ ᠢᠮᠠᠭᠲᠠ ᠲᠡᠷᠢᠭᠦᠨ ᠴᠢᠬᠤᠯᠠ ᠶᠠᠪᠤᠳᠠᠯ ᠪᠣᠯᠭᠠᠵᠤ᠂ ᠨᠠᠮᠴᠢ | ᠴᠢᠨᠠᠷ᠂ ᠬᠠᠶᠢᠷ᠎ᠠ ᠰᠡᠳᠬᠢᠯᠭᠡ ᠲᠠᠢ ᠪᠠᠶᠢᠵᠤ᠂ ᠡᠯ᠎ᠡ ᠱᠠᠲᠤᠨ ᠤ ᠰᠡᠷᠭᠡᠶᠢᠯᠡᠨ ᠡᠵᠡᠮᠳᠡᠬᠦ ᠪᠠᠶᠢᠷᠢᠯᠠᠭᠤᠯᠤᠯᠲᠠ ᠪᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ | ᠠᠵᠢᠯ ᠢ ᠡᠷᠡᠰ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠣᠯᠠᠨ ᠢ ᠳᠠᠭᠠᠭᠤᠯᠤᠨ ᠬᠠᠮᠤᠭ ᠤᠨ ᠡᠷᠡᠰ ᠰᠢᠭᠤᠷᠬᠠᠶ᠂ ᠬᠠᠮᠤᠭ ᠤᠨ ᠨᠢᠭᠲᠠ ᠴᠢᠩᠭ᠎ᠠ᠂ ᠬᠠᠮᠤᠭ ᠤᠨ | ᠪᠦᠲᠦᠮᠵᠢᠲᠡᠶ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠪᠠᠷ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠡᠪᠳᠡᠷᠡᠰᠢ ᠥᠬᠡᠶ ᠪᠠᠲᠤ ᠪᠠᠬᠢ ︽ᠬᠢᠵᠢᠭ ᠢ | ᠰᠡᠷᠭᠡᠶᠢᠯᠡᠬᠦ ᠬᠡᠷᠡᠮ︾ ᠢ ᠴᠣᠭᠴᠠᠯᠠᠭᠰᠠᠨ ᠪᠠᠶᠢᠨ᠎ᠠ᠃ | ᠳᠤᠷᠠᠳᠬᠠᠯ ᠨᠢᠭᠡᠪᠦᠷᠢ ᠨᠢ ᠴᠥᠮ ᠲᠤᠰᠤᠯ ᠬᠦᠯᠦᠰᠦ ᠪᠠᠷ ᠪᠦᠷᠢᠯᠳᠦᠭᠰᠡᠨ ᠶᠤᠮ᠂ ᠲᠤᠰᠤᠯ ᠬᠦᠴᠦ ᠨᠢᠭᠡᠪᠦᠷᠢ ᠨᠢ ᠴᠥᠮ ᠦᠨᠡᠨᠴᠢ ᠰᠢᠳᠤᠷᠭᠤ ᠶᠢᠨ ᠬᠤᠪᠢ | ᠨᠡᠮᠡᠷᠢ ᠮᠥᠨ᠂ ᠤᠳᠠᠭ᠎ᠠ ᠪᠦᠷᠢ ᠶᠢᠨ ᠬᠤᠪᠢ ᠨᠡᠮᠡᠷᠢ ᠪᠣᠯ ᠴᠥᠮ ᠠᠷᠢᠭᠤᠨ ᠲᠠᠷᠬᠠᠨ ᠡᠭᠦᠷᠭᠡ ᠮᠥᠨ᠃ ᠴᠢᠦᠶ ᠷᠦᠢ ᠨᠢᠶᠠᠨ ᠨᠥᠬᠦᠷ ᠬᠠᠯᠠᠭᠤᠨ ᠴᠢᠰᠤ ᠪᠠ | ᠦᠨᠡᠨᠴᠢ ᠰᠡᠳᠬᠢᠯ ᠢᠶᠠᠷ ᠢᠶᠠᠨ ᠬᠢᠵᠠᠭᠠᠯᠠᠰᠢ ᠥᠬᠡᠶ ᠬᠦᠴᠦᠨ ᠴᠢᠳᠠᠯ ᠢᠶᠠᠨ ᠡᠷᠭᠦᠵᠦ᠂ ᠠᠮᠤᠷ ᠠᠮᠤᠭᠤᠯᠠᠩ ᠤᠨ ᠪᠥᠲᠥᠭᠡᠨ ᠪᠠᠶᠢᠭᠤᠯᠤᠯᠲᠠ ᠶᠢ ᠠᠬᠢᠭᠤᠯᠬᠤ | ᠶᠠᠪᠤᠴᠠ ᠳᠤ ᠤᠳᠠᠭ᠎ᠠ ᠳᠠᠷᠠᠭ᠎ᠠ ᠶᠢᠨ ᠰᠢᠯᠭᠠᠯᠲᠠ ᠶᠢ ᠥᠩᠭᠡᠷᠡᠭᠦᠯᠵᠦ᠂ ᠤᠳᠠᠭ᠎ᠠ ᠳᠠᠷᠠᠭ᠎ᠠ ᠶᠢᠨ ᠰᠢᠯᠭᠠᠯᠲᠠ ᠶᠢ ᠲᠡᠰᠪᠦᠷᠢᠯᠡᠨ᠂ ᠤᠳᠠᠭ᠎ᠠ ᠳᠠᠷᠠᠭ᠎ᠠ ᠶᠢᠨ | ᠳᠠᠪᠠᠯᠲᠠ ᠶᠢ ᠪᠡᠶᠡᠯᠡᠭᠦᠯᠵᠦ᠂ ᠵᠦᠢᠯ ᠪᠦᠷᠢ ᠶᠢᠨ ᠢᠷᠠᠭᠤ ᠠᠯᠳᠠᠷ ᠢ ᠭᠥᠷᠳᠡᠵᠦ᠂ ᠦᠨᠢᠳᠡ ᠶᠢᠨ ᠠᠮᠤᠷ ᠠᠮᠤᠭᠤᠯᠠᠩ ᠢ ᠰᠠᠬᠢᠨ ᠬᠠᠮᠠᠭᠠᠯᠠᠭᠰᠠᠨ ᠪᠠᠶᠢᠨ᠎ᠠ᠃ | | | |