ᠯᠢᠨ ᠨᠠ ᠣᠳᠣ ᠣᠷᠳᠣᠰ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠳ᠋ᠦᠩᠱᠧᠩ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ | ᠬᠤᠪᠢᠶᠠᠷᠢ ᠲᠣᠪᠴᠢᠶ᠎ᠠ ᠶᠢᠨ ᠡᠷᠡᠭᠦᠦ ᠶᠢᠨ ᠬᠡᠷᠡᠭ ᠢ ᠲᠤᠷᠰᠢᠨ ᠪᠠᠶᠢᠴᠠᠭᠠᠬᠤ ᠶᠡᠭᠡ ᠠᠩᠭᠢ ᠶᠢᠨ ᠮᠡᠬᠡᠯᠡᠯ ᠢ ᠡᠰᠡᠷᠭᠦᠴᠡᠬᠦ ᠳᠤᠮᠳᠠ ᠠᠩᠭᠢ ᠶᠢᠨ ᠳᠠᠷᠤᠭ᠎ᠠ᠃ ᠣᠷᠳᠣᠰ | ᠬᠤᠲᠠ ᠶᠢᠨ ︽ᠡᠮᠡᠭᠲᠡᠢ ᠪᠠᠭᠠᠳᠤᠷ ᠤᠨ ᠰᠢᠨ᠎ᠡ ᠭᠠᠪᠢᠶ᠎ᠠ ᠪᠠᠶᠢᠭᠤᠯᠤᠭᠰᠠᠨ ᠲᠡᠷᠢᠭᠦᠨ ᠤ ᠬᠤᠪᠢ ᠬᠥᠮᠦᠨ︾᠂ ᠣᠷᠳᠣᠰ ᠬᠤᠲᠠ ᠶᠢᠨ ᠳᠣᠲᠣᠭᠠᠳᠤ ᠶᠢ ᠬᠠᠮᠠᠭᠠᠯᠠᠬᠤ | ᠪᠠᠶᠢᠭᠤᠯᠭ᠎ᠠ ᠶᠢᠨ ︽ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠬᠤ ᠬᠤᠰᠢᠭᠤᠴᠢ︾᠂ ︽ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠭᠰᠠᠨ ᠲᠡᠷᠢᠭᠦᠨ ᠤ | ᠬᠤᠪᠢ ᠬᠥᠮᠦᠨ︾᠂ ᠣᠷᠳᠣᠰ ᠬᠤᠲᠠ ᠶᠢᠨ ︽ᠤᠯᠤᠰ ᠲᠥᠷᠥ ᠬᠠᠤᠯᠢ ᠴᠠᠭᠠᠵᠠ ᠶᠢᠨ ᠰᠢᠰᠲ᠋ᠧᠮ ᠤᠨ ᠲᠡᠷᠢᠭᠦᠨ ᠤ ᠨᠡᠶᠢᠲᠡᠯᠢᠭ ᠵᠢᠱᠢᠶ᠎ᠡ︾ ᠵᠡᠷᠭᠡ ᠢᠷᠠᠭᠤ | ᠠᠯᠳᠠᠷ ᠢ ᠭᠥᠷᠳᠡᠵᠦ ᠥᠩᠭᠡᠷᠡᠵᠡᠢ᠃ ᠤᠷᠢᠳ ᠬᠤᠵᠢᠳ ᠬᠤᠪᠢ ᠬᠦᠮᠦᠨ ᠤ ᠭᠤᠷᠪᠠᠳᠤᠭᠠᠷ ᠳᠡᠰ ᠤᠨ ᠭᠠᠪᠢᠶ᠎ᠠ ᠶᠢ 6 ᠤᠳᠠᠭ᠎ᠠ ᠳᠡᠮᠳᠡᠭᠯᠡᠭᠦᠯᠵᠦ᠂ 2022 | ᠣᠨ ᠳᠤ ᠥᠪᠦᠷ ᠮᠤᠩᠭᠤᠯ ᠤᠨ ︽ᠤᠮᠠᠷᠠᠲᠤ ᠬᠢᠯᠢ ᠶᠢ ᠳᠣᠭᠳᠣᠯᠤᠭᠤᠯᠤᠭᠰᠠᠨ · ᠬᠠᠮᠤᠭ ᠠᠴᠠ ᠪᠠᠭ᠋ᠠᠷᠬᠠᠯᠲᠠᠢ ᠴᠠᠭᠳᠠᠭ᠎ᠠ︾ ᠶᠢᠨ ᠢᠷᠠᠭᠤ ᠠᠯᠳᠠᠷ ᠢ ᠬᠦᠷᠳᠡᠪᠡ᠃ | 2022 ᠣᠨ ᠳᠤ ᠥᠪᠦᠷ ᠮᠤᠩᠭᠤᠯ ᠤᠨ ︽ᠤᠮᠠᠷᠠᠲᠤ ᠬᠢᠯᠢ ᠶᠢ ᠳᠣᠭᠳᠣᠯᠤᠭᠤᠯᠤᠭᠰᠠᠨ · ᠬᠠᠮᠤᠭ ᠠᠴᠠ ᠪᠠᠭ᠋ᠠᠷᠬᠠᠯᠲᠠᠢ ᠴᠠᠭᠳᠠᠭ᠎ᠠ︾ ᠶᠢᠨ ᠢᠷᠠᠭᠤ ᠠᠯᠳᠠᠷ ᠢ | ᠬᠦᠷᠳᠡᠪᠡ᠃ | 20 ᠭᠠᠷᠤᠢ ᠵᠢᠯ ᠴᠠᠭᠳᠠᠭ᠎ᠠ ᠯᠢᠨ ᠨᠠ ᠡᠯ᠎ᠡ ᠲᠥᠷᠥᠯ ᠤᠨ ᠡᠷᠡᠭᠦᠦ ᠶᠢᠨ ᠬᠡᠷᠡᠭ ᠢ 100 ᠭᠠᠷᠤᠢ ᠢᠯᠡᠷᠡᠭᠦᠯᠵᠦ᠂ 150 ᠭᠠᠷᠤᠢ ᠰᠡᠵᠢᠭᠲᠡᠨ ᠢ | ᠪᠠᠷᠢᠪᠴᠢᠯᠠᠵᠠᠢ᠃ ᠡᠮᠡᠭᠲᠡᠢ ᠡᠷᠡᠭᠦᠦ ᠶᠢᠨ ᠴᠠᠭᠳᠠᠭ᠎ᠠ ᠪᠣᠯᠤᠭᠰᠠᠨ ᠤ ᠬᠤᠪᠢ ᠳᠤ᠂ ᠲᠡᠷᠡ ᠲᠠᠩᠨᠠᠨ ᠢᠯᠡᠷᠡᠭᠦᠯᠬᠦ ᠳᠤ ᠣᠷᠣᠯᠴᠠᠭᠰᠠᠨ ᠬᠡᠷᠡᠭ ᠤᠨ ᠳᠤᠮᠳᠠ ᠬᠦᠨᠳᠦ | ᠶᠡᠭᠡ ᠨᠥᠯᠥᠭᠡ ᠲᠠᠢ ᠡᠷᠡᠭᠦᠦ ᠶᠢᠨ ᠬᠡᠷᠡᠭ ᠣᠯᠠᠨ ᠪᠠᠶᠢᠪᠠ᠃ | | | | 2005 ᠣᠨ ᠳᠤ᠂ ᠨᠢᠭᠡᠨ ᠬᠤᠣᠷ ᠲᠠᠯᠪᠢᠭᠰᠠᠨ ᠬᠡᠷᠡᠭ ᠢ ᠳᠡᠩᠨᠡᠨ ᠰᠢᠢᠳᠪᠦᠷᠢᠯᠡᠬᠦ ᠶᠠᠪᠤᠴᠠ ᠳᠤ᠂ ᠯᠢᠨ ᠨᠠ ᠠᠯᠤᠰ ᠬᠤᠯᠠ ᠭᠠᠨᠰᠦ᠂ ᠰᠢᠨᠵᠢᠶᠠᠩ ᠳᠤ ᠬᠦᠷᠴᠦ᠂ | ᠶᠠᠯ᠎ᠠ ᠬᠢᠭᠰᠡᠨ ᠡᠮᠡᠭᠳᠡᠢ ᠰᠡᠵᠢᠭᠳᠡᠨ ᠵᠣᠣ ᠣᠪᠣᠭᠲᠤ ᠶᠢ ᠪᠠᠷᠢᠪᠴᠢᠯᠠᠪᠠ᠃ ᠰᠢᠭᠦᠨ ᠠᠰᠠᠭᠤᠬᠤ ᠬᠤᠭᠤᠴᠠᠭᠠᠨ ᠳᠤ ᠵᠣᠣ ᠣᠪᠣᠭᠲᠤ ᠤᠬᠠᠭᠠᠷᠠᠬᠤ ᠦᠭᠡᠶ ᠪᠠᠶᠢᠵᠤ᠂ | ᠶᠠᠯ᠎ᠠ ᠬᠢᠭᠰᠡᠨ ᠪᠣᠳᠠᠲᠤ ᠬᠡᠷᠡᠭ ᠢᠶᠠᠨ ᠲᠤᠰᠢᠶᠠᠬᠤ ᠦᠭᠡᠶ ᠪᠠᠶᠢᠪᠠ᠃ ᠯᠢᠨ ᠨᠠ ᠨᠠᠷᠢᠨ ᠵᠦᠢᠯᠡᠰ ᠠᠴᠠ ᠭᠠᠷᠳᠠᠵᠤ᠂ ᠵᠣᠣ ᠣᠪᠣᠭᠲᠤ ᠳᠤ ᠠᠮᠢᠳᠤᠷᠠᠯ ᠤᠨ ᠬᠡᠷᠡᠭᠰᠡᠯ ᠪᠠ | ᠡᠮ ᠤᠨ ᠵᠦᠢᠯ ᠬᠤᠳᠠᠯᠳᠤᠨ ᠠᠪᠴᠤ ᠥᠭᠬᠦ ᠶᠢᠨ ᠳᠠᠭᠠᠤ ᠬᠠᠤᠯᠢ ᠴᠠᠭᠠᠵᠠ ᠶᠢ ᠬᠠᠯᠠᠰᠢᠷᠠᠯ ᠦᠭᠡᠶ ᠲᠠᠶᠢᠯᠪᠤᠷᠢᠯᠠᠨ ᠥᠭᠴᠦ᠂ ᠠᠰᠢᠭ ᠬᠤᠣᠷ ᠢ ᠨᠢ ᠲᠣᠭᠠᠴᠢᠨ᠂ ᠵᠣᠣ | ᠣᠪᠣᠭᠲᠤ ᠶᠢ ᠪᠣᠷᠤᠭᠤ ᠪᠤᠳᠤᠯ ᠢᠶᠠᠨ ᠬᠠᠶᠠᠵᠤ ᠵᠦᠪ ᠵᠠᠮ ᠳᠤ ᠤᠬᠠᠭᠠᠷᠠᠬᠤ ᠲᠤᠬᠠᠢ ᠢᠳᠬᠠᠪᠠ᠃ ᠠᠷᠪᠠ ᠰᠢᠬᠠᠮ ᠡᠳᠦᠷ ᠤᠨ ᠠᠵᠢᠯ ᠢᠶᠠᠷ ᠳᠠᠮᠵᠢᠭᠠᠳ ᠵᠣᠣ | ᠣᠪᠣᠭᠲᠤ ᠡᠴᠦᠰ ᠲᠤ ᠪᠠᠨ ᠬᠤᠣᠷ ᠲᠠᠯᠪᠢᠵᠤ ᠬᠥᠮᠦᠨ ᠠᠯᠠᠭᠰᠠᠨ ᠪᠦᠬᠦ ᠶᠠᠯ᠎ᠠ ᠶᠢᠨ ᠪᠣᠳᠠᠲᠤ ᠬᠡᠷᠡᠭ ᠢᠶᠠᠨ ᠦᠨᠡᠨ ᠮᠥᠨ ᠢᠶᠠᠷ ᠨᠢ ᠲᠤᠰᠢᠶᠠᠵᠠᠶ᠃ | 2008 ᠣᠨ ᠳᠤ᠂ ᠳ᠋ᠦᠩᠱᠧᠩ ᠲᠣᠭᠤᠷᠢᠭ ᠤᠨ ᠨᠢᠭᠡᠨ ᠲᠣᠰᠣ ᠨᠡᠮᠡᠬᠦ ᠥᠷᠲᠡᠭᠡᠨ ᠳᠤ ᠨᠢᠭᠡ ᠬᠥᠮᠥᠨ ᠠᠯᠠᠭᠰᠠᠨ ᠬᠡᠷᠡᠭ ᠭᠠᠷᠴᠤ᠂ 3 ᠮᠠᠭᠤ ᠡᠲᠡᠭᠡᠳ | ᠬᠢᠲᠤᠭ᠎ᠠ ᠪᠠᠷᠢᠵᠤ ᠪᠤᠯᠢᠶᠠᠨ ᠳᠡᠭᠡᠷᠡᠮᠳᠡᠵᠦ᠂ ᠨᠢᠭᠡ ᠬᠥᠮᠥᠨ ᠦᠬᠦᠵᠦ ᠨᠢᠭᠡ ᠰᠢᠷᠬᠠᠳᠤᠪᠠ᠃ ᠴᠠᠭᠳᠠᠭᠠᠨ ᠤ ᠲᠠᠯ᠎ᠠ ᠶᠢᠨ ᠬᠢᠨ ᠲᠡᠷᠡ ᠳᠠᠷᠤᠢ ᠳᠤ ᠨᠢ ᠬᠤᠷᠢᠭ᠎ᠠ | ᠪᠠᠬᠢᠯᠡᠯᠳᠡ ᠪᠠᠶᠢᠭᠤᠯᠬᠤ ᠪᠠ ᠬᠢᠨᠠᠨ ᠡᠵᠡᠮᠳᠡᠭᠦᠷ ᠲᠠᠬᠢ ᠲᠥᠷᠰᠦ ᠰᠢᠩᠭᠡᠭᠡᠯᠳᠡ ᠶᠢ ᠬᠠᠷᠭᠤᠭᠤᠯᠤᠨ ᠪᠠᠶᠢᠴᠠᠭᠠᠭᠰᠠᠨ ᠪᠣᠯᠪᠠᠴᠤ ᠶᠠᠮᠠᠷ ᠴᠤ ᠦᠷ᠎ᠡ ᠳ᠋ᠦᠩ ᠣᠯᠤᠭᠰᠠᠨ | ᠦᠭᠡᠢ᠂ ᠬᠡᠷᠡᠭ ᠢ ᠲᠠᠩᠨᠠᠨ ᠢᠯᠡᠷᠡᠭᠦᠯᠬᠦ ᠠᠵᠢᠯ ᠬᠦᠰᠢᠭᠦᠨ ᠪᠠᠶᠢᠳᠠᠯ ᠳᠤ ᠣᠷᠣᠵᠠᠢ᠃ ᠯᠢᠨ ᠨᠠ ᠵᠠᠯᠭᠠᠭ᠎ᠠ ᠪᠠᠷ ᠡᠳᠦᠷ ᠰᠥᠨᠢ ᠥᠬᠡᠶ 5 ᠡᠳᠦᠷ ᠡᠷᠡᠯᠬᠡᠭᠯᠡᠨ | ᠲᠡᠮᠡᠴᠡᠵᠦ᠂ ᠬᠡᠳᠦᠨ ᠠᠷᠪᠠᠨ ᠲᠦᠮᠠᠨ ᠴᠠᠬᠢᠯᠭᠠᠨ ᠬᠤᠯᠪᠣᠭᠠᠨ ᠤ ᠲᠤᠭ᠎ᠠ ᠪᠠᠷᠢᠮᠲᠠ ᠶᠢ ᠢᠯᠭᠠᠨ ᠳᠣᠲᠣᠯᠠᠬᠤ ᠪᠠ ᠬᠠᠷᠢᠴᠠᠭᠤᠯᠤᠨ ᠵᠠᠳᠠᠯᠬᠤ ᠪᠠᠷ ᠳᠠᠮᠵᠢᠭᠤᠯᠤᠨ᠂ | ᠳᠤᠮᠳᠠ ᠠᠴᠠ ᠨᠢ ᠬᠡᠳᠦᠨ ᠰᠡᠵᠢᠭᠳᠡᠨ ᠢ ᠰᠢᠭᠰᠢᠨ ᠪᠠᠶᠢᠴᠠᠭᠠᠵᠤ᠂ ᠲᠤᠰᠬᠠᠶ ᠬᠡᠷᠡᠭ ᠤᠨ ᠳᠤᠭᠤᠶᠢᠯᠠᠩ ᠡᠨᠡ ᠬᠦ ᠵᠠᠩᠭᠢᠯᠠᠭ᠎ᠠ ᠶᠢᠨ ᠰᠦᠪᠡᠭᠴᠢ ᠶᠢ ᠦᠨᠳᠦᠰᠦᠯᠡᠨ ᠲᠣᠰ | ᠬᠡᠷᠡᠭ ᠢ ᠠᠮᠵᠢᠯᠲᠠ ᠲᠠᠢ ᠪᠠᠷ ᠢᠯᠡᠷᠡᠭᠦᠯᠪᠡ᠃ | 2011 ᠣᠨ ᠳᠤ᠂ ᠬᠠᠷᠢᠶᠠᠲᠤ ᠣᠷᠣᠨ ᠳᠤ ᠨᠢᠭᠡ ᠤᠤᠯᠭᠠᠯᠠᠭᠳᠠᠭᠰᠠᠨ ᠬᠡᠷᠡᠭ ᠭᠠᠷᠴᠤ᠂ ᠬᠤᠬᠢᠷᠠᠯ ᠠᠮᠰᠠᠭᠴᠢ ᠨᠢ 7 ᠰᠠᠷ᠎ᠠ ᠶᠢᠨ ᠵᠢᠷᠮᠦᠰᠦᠨ ᠪᠦᠰᠡᠭᠦᠢ᠃ | ᠲᠦᠭᠰᠢᠭᠦᠷᠢ ᠮᠡᠳᠡᠭᠦᠯᠦᠯᠳᠡ ᠶᠢ ᠲᠤᠰᠤᠭᠰᠠᠨ ᠤ ᠲᠠᠷᠠᠭ᠎ᠠ᠂ ᠶᠠᠭ ᠰᠠᠶ᠋ᠢᠬᠠᠨ ᠬᠡᠥᠬᠡᠳ ᠬᠦᠬᠦᠭᠦᠯᠵᠦ ᠪᠠᠶᠢᠭ᠎ᠠ ᠯᠢᠨ ᠨᠠ ᠬᠦᠴᠢᠷ ᠪᠡᠷᠬᠡᠰᠢᠶᠡᠯ ᠢ ᠢᠯᠠᠨ ᠳᠠᠪᠠᠵᠤ᠂ | ᠬᠠᠮᠲᠤ ᠠᠵᠢᠯᠯᠠᠭᠰᠠᠳ ᠲᠠᠢ ᠬᠠᠮᠲᠤ ᠬᠠᠬᠢᠷ ᠬᠦᠢᠲᠡᠨ ᠰᠠᠯᠬᠢᠨ ᠢ ᠰᠥᠷᠦᠨ ᠠᠭᠤᠯᠠᠷᠬᠠᠭ ᠣᠷᠣᠨ ᠳᠤ ᠣᠴᠢᠵᠤ ᠬᠡᠷᠡᠭ ᠰᠢᠢᠳᠪᠦᠷᠢᠯᠡᠨ᠂ ᠵᠠᠮ ᠳᠠᠭᠠᠤ ᠭᠤᠤ ᠭᠠᠩᠭ᠎ᠠ | ᠬᠥᠨᠳᠡᠯᠡᠨ ᠭᠤᠯᠳᠤ ᠰᠦᠯᠵᠢᠯᠳᠦᠵᠦ᠂ ᠲᠠᠩᠨᠠᠨ ᠪᠠᠶᠢᠴᠠᠭᠠᠬᠤ ᠠᠵᠢᠯ ᠢᠳᠡᠷᠡᠭᠦᠨ ᠬᠠᠲᠠᠭᠤᠵᠢᠯᠲᠠᠢ ᠶᠠᠪᠤᠭᠳᠠᠵᠤ᠂ ᠯᠢᠨ ᠨᠠ ᠡᠯᠪᠡᠭ ᠪᠠᠶᠠᠯᠢᠭ ᠲᠤᠷᠰᠢᠯᠭ᠎ᠠ ᠪᠠᠷ ᠢᠶᠠᠨ | ᠬᠤᠬᠢᠷᠠᠯ ᠠᠮᠰᠠᠭᠴᠢ ᠶᠢᠨ ᠣᠷᠣᠨ ᠪᠠᠶᠢᠷᠢ ᠶᠢ ᠣᠬᠤᠷ ᠬᠤᠭᠤᠴᠠᠭᠠᠨ ᠳᠤ ᠠᠮᠵᠢᠯᠲᠠ ᠲᠠᠢ ᠲᠣᠭᠲᠠᠭᠠᠵᠤ᠂ ᠠᠷᠠᠳ ᠤᠨ ᠴᠠᠭᠳᠠᠭ᠎ᠠ ᠴᠠᠭ ᠲᠤᠬᠠᠢ ᠳᠤ ᠨᠢ ᠬᠦᠷᠴᠦ | ᠢᠷᠡᠮᠡᠭᠴᠡ ᠠᠭᠤᠯᠠᠨ ᠭᠤᠤ ᠳᠤ ᠬᠥᠯ ᠭᠠᠷ ᠢ ᠨᠢ ᠤᠶᠠᠵᠤ ᠬᠠᠶᠠᠭᠰᠠᠨ ᠵᠢᠷᠮᠦᠰᠦᠨ ᠡᠮᠡᠭᠲᠡᠢ ᠶᠢ ᠠᠪᠤᠷᠠᠵᠤ᠂ ᠬᠡᠷᠪᠡ ᠣᠷᠣᠢ ᠨᠢᠭᠡ ᠮᠥᠴᠡ ᠴᠦ ᠪᠣᠯᠤᠭᠰᠠᠨ ᠪᠣᠯ | ᠦᠷ᠎ᠡ ᠳ᠋ᠦᠩ ᠨᠢ ᠳᠠᠷᠤᠢ ᠨᠢᠭᠡ ᠦᠬᠦᠳᠡᠯ ᠬᠤᠶᠠᠷ ᠠᠮᠢ ᠪᠠᠶᠢᠵᠤ ᠮᠡᠳᠡᠨ᠎ᠡ᠃ ᠲᠤᠰ ᠬᠡᠷᠡᠭ ᠨᠢ ᠵᠥᠪᠬᠡᠨ 3 ᠴᠠᠭ ᠵᠠᠷᠤᠴᠠᠭᠤᠯᠤᠨ ᠬᠤᠬᠢᠷᠠᠯ ᠠᠮᠰᠠᠭᠴᠢ ᠶᠢ ᠠᠪᠤᠷᠠᠨ | ᠭᠠᠷᠭᠠᠵᠤ ᠶᠠᠯ᠎ᠠ ᠬᠢᠭᠰᠡᠨ ᠰᠡᠵᠢᠭᠳᠡᠨ ᠢ ᠠᠮᠵᠢᠯᠳᠠᠳᠠᠢ ᠪᠠᠷᠢᠪᠴᠢᠯᠠᠪᠠ᠃ | 2012 ᠣᠨ ᠳᠤ᠂ ᠬᠠᠷᠢᠶᠠᠲᠤ ᠣᠷᠣᠨ ᠳᠤ ᠨᠢᠭᠡ ᠤᠳᠠᠭᠠᠨ ᠤ ᠭᠡᠷ ᠲᠤ ᠣᠷᠣᠵᠤ ᠬᠠᠷᠭᠢᠰ ᠬᠡᠷᠴᠡᠭᠡᠢ ᠪᠠᠷ ᠡᠬᠡ ᠬᠡᠦᠬᠡᠨ ᠬᠤᠶᠠᠷ ᠢ ᠠᠯᠠᠭᠰᠠᠨ ᠬᠡᠷᠡᠭ | ᠭᠠᠷᠴᠤ᠂ ᠬᠤᠣᠷᠯᠠᠭᠳᠠᠭᠰᠠᠨ ᠬᠡᠦᠬᠡᠨ 3 ᠨᠠᠰᠤ ᠬᠦᠷᠦᠭᠡᠳᠦᠢ ᠪᠠᠶᠢᠵᠤ᠂ ᠨᠡᠶᠢᠭᠡᠮ ᠳᠤ ᠥᠭᠭᠦᠭᠰᠡᠨ ᠨᠥᠯᠥᠭᠡ ᠨᠢ ᠲᠦᠢᠯ ᠤᠨ ᠮᠠᠭᠤ ᠪᠠᠶᠢᠪᠠ᠃ ᠯᠢᠨ ᠨᠠ | ᠳᠣᠲᠣᠭᠠᠳᠤ ᠶᠢ ᠬᠠᠮᠠᠭᠠᠯᠠᠬᠤ ᠲᠢᠩᠬᠢᠮ ᠳᠤ ᠬᠦᠷᠴᠦ ᠡᠷᠡᠭᠦᠦ ᠶᠢᠨ ᠬᠡᠷᠡᠭ ᠢ ᠲᠤᠷᠰᠢᠨ ᠪᠠᠶᠢᠴᠠᠭᠠᠬᠤ ᠶᠡᠷᠦᠩᠬᠡᠶ ᠠᠩᠭᠢ ᠶᠢᠨ ᠲᠠᠢ ᠬᠠᠮᠲᠤ ᠡᠨᠡ ᠬᠡᠷᠡᠭ ᠢ ᠲᠠᠩᠨᠠᠨ | ᠢᠯᠡᠷᠡᠭᠦᠯᠬᠦ ᠳᠤ ᠣᠷᠤᠯᠴᠠᠬᠤ ᠡᠭᠦᠷᠭᠡ ᠶᠢ ᠣᠯᠤᠭᠠᠳ᠂ 2 ᠨᠠᠰᠤᠲᠠᠶ ᠬᠡᠦᠬᠡᠨ ᠢᠶᠠᠨ ᠲᠥᠷᠥᠯ ᠰᠠᠳᠤᠨ ᠤ ᠳᠤ ᠪᠠᠨ ᠬᠠᠶᠠᠵᠤ ᠬᠦᠬᠡᠬᠤᠲᠠ ᠶᠢ ᠴᠢᠭᠯᠡᠪᠡ᠃ ᠲᠤᠰ | ᠬᠡᠷᠡᠭ ᠢᠯᠡᠷᠡᠭᠦᠯᠬᠦ ᠳᠤ ᠬᠦᠴᠢᠷ᠂ ᠰᠦᠪᠡᠭᠴᠢ ᠨᠢ ᠪᠠᠷᠤᠭ ᠳ᠋ᠦᠩᠰᠢᠭᠤᠷ ᠵᠤᠷᠪᠤᠰ ᠴᠢᠮᠡᠭᠡ ᠨᠡᠪᠲᠡᠷᠡᠯᠭᠡ ᠶᠢᠨ ᠲᠤᠭ᠎ᠠ ᠪᠠᠷᠢᠮᠲᠠ ᠳᠤ ᠨᠢᠭᠤᠭᠳᠠᠵᠤ ᠪᠤᠢ᠃ ᠯᠢᠨ ᠨᠠ | ᠠᠬᠠᠮᠠᠳ ᠦᠶ᠎ᠡ ᠶᠢᠨ ᠬᠢᠨ ᠤ ᠡᠮᠦᠨ᠎ᠡ ᠥᠪᠡᠷ ᠤᠨ ᠴᠢᠮᠡᠭᠡ ᠬᠤᠯᠪᠣᠭᠠᠨ ᠤ ᠲᠤᠭ᠎ᠠ ᠪᠠᠷᠢᠮᠲᠠ ᠶᠢ ᠲᠤᠷᠰᠢᠨ ᠪᠠᠶᠢᠴᠠᠭᠠᠬᠤ ᠠᠵᠢᠯ ᠤᠨ ᠰᠡᠳᠬᠢᠮᠵᠢ ᠪᠠᠨ ᠶᠠᠷᠢᠵᠤ᠂ | ᠡᠨᠡ ᠨᠢ ᠳᠡᠩᠳᠡᠭᠦᠦ ᠠᠯᠤᠰ ᠬᠡᠲᠦ ᠶᠢᠨ ᠬᠠᠷᠠᠯᠲᠠ ᠠᠴᠠ ᠪᠣᠯᠵᠤ ᠲᠡᠷᠡ ᠳᠠᠷᠤᠢ ᠳᠤ ᠨᠢ ᠵᠥᠪᠰᠢᠶᠡᠷᠡᠯ ᠣᠯᠤᠭᠰᠠᠨ ᠦᠭᠡᠢ᠃ ᠯᠢᠨ ᠨᠠ ᠥᠪᠡᠷ ᠤᠨ ᠲᠠᠩᠨᠠᠨ | ᠢᠯᠡᠷᠡᠭᠦᠯᠬᠦ ᠰᠡᠳᠭᠢᠮᠵᠢ ᠪᠠᠨ ᠤᠯᠠᠮ ᠨᠢᠭᠡ ᠠᠯᠬᠤᠮ ᠵᠠᠳᠠᠯᠤᠨ ᠰᠤᠳᠤᠯᠵᠤ᠂ ᠬᠠᠮᠤᠭ ᠡᠴᠦᠰ ᠲᠤ ᠣᠯᠠᠨ ᠢ ᠵᠦᠪᠰᠢᠶᠡᠷᠡᠭᠦᠯᠦᠭᠡᠳ ᠲᠣᠷᠰᠢᠵᠤ ᠦᠵᠡᠬᠦ ᠪᠠᠷ ᠪᠣᠯᠪᠠ᠃ | ᠯᠢᠨ ᠨᠠ ᠺᠣᠮᠫᠢᠦ᠋ᠲ᠋ᠧᠷ ᠤᠨ ᠡᠮᠦᠨ᠎ᠡ ᠡᠳᠦᠷ ᠬᠡᠳᠦᠨ ᠮᠢᠩᠭᠠᠨ ᠲᠦᠮᠡᠨ ᠮᠡᠳᠡᠭᠡ ᠬᠤᠯᠪᠣᠭᠠᠨ ᠤ ᠲᠤᠭ᠎ᠠ ᠪᠠᠷᠢᠮᠲᠠ ᠶᠢ ᠰᠢᠭᠰᠢᠨ ᠪᠠᠶᠢᠴᠠᠭᠠᠵᠤ᠂ 36 ᠡᠳᠦᠷ ᠤᠨ | ᠳᠠᠷᠠᠭ᠎ᠠ᠂ ᠯᠢᠨ ᠨᠠ ᠨᠢᠭᠡ ᠪᠡᠶ᠎ᠡ ᠶᠠᠳᠠᠷᠠᠵᠤ ᠵᠦᠳᠡᠷᠡᠭᠰᠡᠨ ᠪᠠ ᠴᠢᠬᠤᠯᠠ ᠶᠡᠭᠡ ᠰᠦᠪᠡᠭᠴᠢ ᠠᠪᠴᠤ ᠲᠤᠰᠬᠠᠶ ᠬᠡᠷᠡᠭ ᠤᠨ ᠳᠤᠭᠤᠶᠢᠯᠠᠩ ᠳᠤ ᠪᠣᠴᠠᠵᠤ᠂ ᠳᠠᠷᠠᠭ᠎ᠠ | ᠡᠳᠦᠷ᠂ ᠲᠤᠰᠬᠠᠶ ᠬᠡᠷᠡᠭ ᠤᠨ ᠳᠤᠭᠤᠶᠢᠯᠠᠩ ᠪᠤᠯᠢᠶᠠᠨ ᠳᠡᠭᠡᠷᠡᠮᠳᠡᠭᠰᠡᠨ ᠶᠠᠷᠭᠠᠴᠢᠨ ᠢ ᠲᠣᠳᠤᠯᠠᠭᠰᠠᠨ ᠪᠠᠶᠢᠪᠠ ᠁ | | | | 2021 ᠣᠨ ᠳᠤ᠂ ᠴᠠᠬᠢᠯᠭᠠᠨ ᠬᠤᠯᠪᠣᠭ᠎ᠠ ᠰᠦᠯᠵᠢᠶᠡᠨ ᠤ ᠰᠢᠨ᠎ᠡ ᠬᠡᠯᠪᠡᠷᠢ ᠶᠢᠨ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠣᠬᠢᠯᠲᠠ ᠥᠭᠴᠦ | ᠴᠡᠭᠴᠡᠯᠡᠨ ᠵᠠᠰᠠᠬᠤ ᠠᠵᠢᠯ ᠤᠨ ᠳᠤᠮᠳᠠ᠂ ᠯᠢᠨ ᠨᠠ ᠬᠦᠨᠳᠦ ᠡᠭᠦᠷᠭᠡ ᠶᠢ ᠵᠣᠷᠢᠭᠲᠠᠢ ᠪᠠᠷ ᠡᠭᠦᠷᠭᠡᠯᠡᠵᠦ᠂ ᠳ᠋ᠦᠩᠱᠧᠩ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ | ᠬᠤᠪᠢᠶᠠᠷᠢ ᠲᠣᠪᠴᠢᠶ᠎ᠠ ᠶᠢᠨ ᠡᠷᠡᠭᠦᠦ ᠶᠢᠨ ᠬᠡᠷᠡᠭ ᠢ ᠲᠤᠷᠰᠢᠨ ᠪᠠᠶᠢᠴᠠᠭᠠᠬᠤ ᠶᠡᠭᠡ ᠠᠩᠬᠢ ᠶᠢᠨ ᠮᠡᠬᠡᠯᠡᠯ ᠢ ᠡᠰᠡᠷᠭᠦᠴᠡᠬᠦ ᠳᠤᠮᠳᠠ ᠠᠩᠬᠢ ᠶᠢᠨ ᠬᠠᠮᠢᠶᠠᠷᠤᠯᠲᠠ ᠪᠠ | ᠠᠵᠢᠯᠯᠠᠭᠠᠨ ᠤ ᠠᠵᠢᠯ ᠢ ᠬᠠᠷᠢᠭᠤᠴᠠᠪᠠ᠃ | 4 ᠳ᠋ᠦ᠋ᠭᠡᠷ ᠰᠠᠷ᠎ᠠ ᠶᠢᠨ 15 ᠤ ᠡᠳᠦᠷ᠂ ᠳ᠋ᠦᠩᠱᠧᠩ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠡᠷᠡᠭᠦᠤ ᠶᠢᠨ ᠬᠡᠷᠡᠭ ᠢ | ᠲᠤᠷᠰᠢᠨ ᠪᠠᠶᠢᠴᠠᠭᠠᠬᠤ ᠶᠡᠭᠡ ᠠᠩᠭᠢ ᠣᠯᠠᠨ ᠭᠠᠵᠠᠷ ᠠᠴᠠ ᠢᠷᠡᠭᠦᠯᠦᠭᠰᠡᠨ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠤᠨ ᠬᠡᠷᠡᠭ ᠢ ᠬᠠᠮᠵᠢᠨ ᠪᠠᠶᠢᠴᠠᠭᠠᠬᠤ | ᠮᠡᠳᠡᠭᠳᠡᠯ ᠢ ᠣᠯᠵᠤ᠂ ᠬᠡᠳᠦᠨ ᠵᠠᠭᠤᠨ ᠮᠡᠬᠡᠯᠡᠯ ᠤᠨ ᠤᠲᠠᠰᠤ ᠨᠢ ᠳ᠋ᠦᠩᠱᠧᠩ ᠲᠣᠭᠤᠷᠢᠭ ᠠᠴᠠ ᠤᠳᠠᠰᠤᠳᠠᠭᠰᠠᠨ ᠶᠤᠮ᠃ ᠠᠷᠠᠳ ᠤᠨ ᠴᠠᠭᠳᠠᠭ᠎ᠠ ᠳ᠋ᠦᠩᠱᠧᠩ | ᠲᠣᠭᠤᠷᠢᠭ ᠲᠤ ᠴᠠᠬᠢᠯᠭᠠᠨ ᠮᠡᠬᠡᠯᠡᠯ ᠤᠨ ᠴᠢᠮᠡᠭᠡ ᠬᠤᠯᠪᠣᠭᠠᠨ ᠤ ᠭᠠᠵᠠᠷ ᠢ ᠪᠠᠶᠢᠭᠤᠯᠤᠭᠰᠠᠨ ᠢ ᠠᠩᠬ᠎ᠠ ᠠᠯᠬᠤᠮ ᠮᠠᠭᠠᠳᠯᠠᠨ ᠲᠣᠭᠲᠠᠭᠠᠪᠠ᠃ 4 ᠳ᠋ᠦ᠋ᠭᠡᠷ ᠰᠠᠷ᠎ᠠ ᠶᠢᠨ | 21 ᠤ ᠡᠳᠦᠷ᠂ ᠯᠢᠨ ᠨᠠ ᠮᠡᠬᠡᠯᠡᠯ ᠢ ᠡᠰᠡᠷᠭᠦᠴᠡᠬᠦ ᠳᠤᠮᠳᠠ ᠠᠩᠭᠢ ᠶᠢ ᠳᠠᠭᠠᠭᠤᠯᠤᠨ ᠲᠤᠰ ᠴᠠᠬᠢᠯᠭᠠᠨ ᠬᠤᠯᠪᠣᠭᠠᠨ ᠤ ᠲᠥᠬᠦᠭᠡᠷᠦᠮᠵᠢ ᠶᠢ ᠬᠠᠷᠢᠭᠤᠴᠠᠵᠤ ᠪᠠᠢᠭ᠎ᠠ | ᠰᠡᠵᠢᠭᠲᠡᠨ ᠢ ᠪᠠᠷᠢᠪᠴᠢᠯᠠᠵᠤ᠂ ᠳ᠋ᠦᠩ ᠱᠧᠩ᠂ ᠭᠢᠶ᠎ᠠ ᠪᠠᠭᠰᠢ GIOP ᠨᠢᠭᠤᠴᠠ ᠣᠷᠤᠮᠵᠢ 2 ᠢ ᠰᠦᠢᠷᠡᠭᠦᠯᠪᠡ᠃ ᠰᠢᠭᠦᠨ ᠠᠰᠠᠭᠤᠭᠰᠠᠨ ᠪᠠᠶᠢᠳᠠᠯ ᠢ | ᠦᠨᠳᠦᠰᠦᠯᠡᠨ᠂ ᠯᠢᠨ ᠨᠠ GOIP ᠨᠢᠭᠤᠴᠠ ᠣᠷᠤᠮᠵᠢ ᠶᠢᠨ ᠠᠷᠤ ᠳᠤ ᠪᠠᠰᠠ ᠨᠢᠭᠡᠨ ᠬᠠᠤᠯᠢ ᠪᠣᠰᠤ ᠠᠵᠤ ᠦᠢᠯᠡᠰ ᠤᠨ ᠬᠡᠯᠬᠢᠶ᠎ᠡ ᠨᠢᠭᠤᠭᠳᠠᠵᠤ ᠪᠠᠶᠢᠨ᠎ᠠ | ᠭᠡᠳᠡᠭ ᠢ ᠲᠣᠳᠤᠯᠠᠵᠤ᠂ ᠲᠡᠷᠡ ᠳᠠᠷᠤᠶᠢᠬᠠᠨ ᠴᠠᠭᠳᠠᠭ᠎ᠠ ᠶᠢᠨ ᠬᠦᠴᠦᠨ ᠲᠣᠮᠢᠯᠠᠵᠤ ᠴᠠᠩ ᠱᠠ ᠳᠤ ᠣᠴᠢᠭᠤᠯᠵᠤ ᠲᠣᠷᠰᠢᠨ ᠪᠠᠶᠢᠴᠠᠭᠠᠪᠠ᠃ | 4 ᠳ᠋ᠦ᠋ᠭᠡᠷ ᠰᠠᠷ᠎ᠠ ᠶᠢᠨ 29 ᠤ ᠡᠳᠦᠷ᠂ ᠬᠡᠷᠡᠭ ᠨᠢ ᠴᠢᠬᠤᠯᠠ ᠶᠡᠭᠡ ᠰᠢᠪᠲᠤᠯᠤᠯᠲᠠ ᠲᠠᠢ ᠪᠤᠯᠵᠤ᠂ ᠠᠷᠠᠳ ᠤᠨ ᠴᠠᠭᠲᠠᠭ᠎ᠠ ᠠᠴᠠ ᠬᠤᠨᠠᠨ ᠮᠤᠵᠢ ᠶᠢᠨ | ᠴᠠᠩᠱᠠ ᠶᠢᠨ ᠲᠡᠬᠡᠲᠤ ᠲᠠᠯ᠎ᠠ ᠳᠤ ᠪᠠᠶᠢᠭ᠎ᠠ ︽ᠺᠠ ᡂᠢ︾ ᠨᠢᠭᠤᠴᠠ ᠣᠷᠤᠮᠵᠢ ᠶᠢ ᠰᠦᠢᠷᠡᠭᠦᠯᠵᠦ᠂ 3 ᠰᠡᠵᠢᠭᠲᠡᠨ ᠢ ᠪᠠᠷᠢᠪᠴᠢᠯᠠᠪᠠ᠃ ᠯᠢᠨ ᠨᠠ ᠮᠡᠬᠡᠯᠡᠯ ᠢ | ᠡᠰᠡᠷᠭᠦᠴᠡᠬᠦ ᠳᠤᠮᠳᠠ ᠠᠩᠭᠢ ᠶᠢ ᠳᠠᠭᠠᠭᠤᠯᠤᠨ ᠲᠣᠰ ᠬᠡᠷᠡᠭ ᠢ ᠦᠷᠭᠦᠯᠵᠢᠯᠡᠨ ᠭᠦᠨᠵᠡᠭᠡᠶ ᠠᠭᠤᠳᠠᠯᠵᠤ᠂ 6 ᠳ᠋ᠤᠭᠠᠷ ᠰᠠᠷ᠎ᠠ ᠶᠢᠨ 4 ᠤ ᠡᠳᠦᠷ ᠳᠥᠷᠪᠡᠨ ᠮᠤᠵᠢ | ᠲᠠᠪᠤᠨ ᠭᠠᠵᠠᠷ ᠢ ᠠᠯᠤᠰᠯᠠᠨ ᠵᠡᠷᠭᠡ ᠪᠠᠷ ᠪᠠᠷᠢᠪᠴᠢᠯᠠᠬᠤ ᠠᠵᠢᠯᠯᠠᠭ᠎ᠠ ᠶᠠᠪᠤᠭᠤᠯᠤᠨ᠂ ᠭᠤᠸᠠᠩᠰᠢ ᠳᠤ ᠬᠢᠯᠢ ᠶᠢᠨ ᠭᠠᠳᠠᠨᠠᠬᠢ ᠴᠠᠬᠢᠯᠭᠠᠨ ᠬᠤᠯᠪᠣᠭᠠᠨ ᠤ ᠪᠦᠯᠬᠦᠮ ᠳᠤ | ᠴᠠᠬᠢᠯᠭᠠᠨ ᠬᠤᠯᠪᠣᠭ᠎ᠠ ᠴᠢᠮᠡᠭᠡ ᠮᠡᠳᠡᠭᠡᠨ ᠤ ᠲᠥᠬᠦᠭᠡᠷᠦᠮᠵᠢ ᠬᠠᠩᠭᠠᠭᠰᠠᠨ ᠲᠤᠯᠤᠭᠠᠶᠢᠯᠠᠭᠴᠢ 1 ᠬᠥᠮᠦᠨ ᠢ ᠪᠠᠷᠢᠪᠴᠢᠯᠠᠪᠠ︔ ᠡᠭᠦᠨ ᠤ ᠬᠠᠮᠲᠤ ᠳᠣᠣᠷᠠᠳᠤ | ᠲᠠᠯ᠎ᠠ ᠶᠢᠨ ︽ᠺᠠ ᡂᠢ︾ ᠶᠢᠨ ᠨᠢᠭᠤᠴᠠ ᠣᠷᠤᠮᠵᠢ ᠶᠢ ᠾᠧᠨᠠᠨ ᠳᠤ 1 ᠰᠦᠢᠷᠡᠭᠦᠯᠵᠦ᠂ 2 ᠬᠥᠮᠦᠨ ᠢ ᠪᠠᠷᠢᠪᠴᠢᠯᠠᠪᠠ︔ ᠳᠣᠣᠷᠠᠳᠤ ᠲᠠᠯ᠎ᠠ ᠶᠢᠨ GOIP | ᠨᠢᠭᠤᠴᠠ ᠣᠷᠤᠮᠵᠢ ᠶᠢ ᠭᠠᠨᠰᠦ ᠮᠤᠵᠢ ᠶᠢᠨ 1 ᠭᠠᠵᠠᠷ᠂ ᠥᠪᠥᠷ ᠮᠣᠩᠭᠤᠯ ᠤᠨ ᠤᠯᠠᠭᠠᠨᠬᠠᠳᠠ ᠳᠤ 1 ᠭᠠᠵᠠᠷ᠂ ᠲᠦᠩᠯᠢᠶᠣᠤ ᠳᠤ 1 ᠭᠠᠵᠠᠷ ᠢ ᠰᠦᠢᠷᠡᠭᠦᠯᠵᠦ᠂ | 3 ᠬᠥᠮᠦᠨ ᠢ ᠪᠠᠷᠢᠪᠴᠢᠯᠠᠪᠠ︔ 7 ᠳ᠋ᠤᠭᠠᠷ ᠰᠠᠷ᠎ᠠ ᠶᠢᠨ 1 ᠪᠠ 2 ᠤᠨ ᠡᠳᠦᠷ᠂ ᠲᠤᠰ ᠠᠵᠤ ᠦᠢᠯᠡᠰ ᠤᠨ ᠬᠡᠯᠬᠢᠶ᠎ᠡ ᠶᠢᠨ ᠡᠴᠦᠰ ᠤᠨ ᠬᠤᠶᠠᠷ ᠰᠡᠵᠢᠭᠳᠡᠨ ᠢ | ᠪᠠᠷᠢᠪᠴᠢᠯᠠᠪᠠ᠃ ᠢᠩᠭᠢᠭᠡᠳ᠂ ᠪᠦᠬᠦ ᠤᠯᠤᠰ ᠤᠨ ᠣᠯᠠᠨ ᠭᠠᠵᠠᠷ ᠲᠤ ᠬᠤᠣᠷ ᠬᠥᠨᠥᠭᠡᠯ ᠪᠣᠯᠵᠤ ᠪᠠᠶᠢᠭ᠎ᠠ ᠬᠢᠯᠢ ᠶᠢᠨ ᠳᠣᠲᠣᠷᠠᠬᠢ ᠣᠨᠴᠠ ᠶᠡᠭᠡ ᠴᠠᠬᠢᠯᠭᠠᠨ | ᠮᠡᠬᠡᠯᠡᠯ ᠤᠨ ᠬᠤᠯᠪᠣᠭᠠᠨ ᠤ ᠬᠠᠤᠯᠢ ᠪᠣᠰᠤ ᠠᠵᠤ ᠦᠢᠯᠡᠰ ᠤᠨ ᠬᠡᠯᠬᠢᠶ᠎ᠡ ᠶᠢ ᠲᠦᠢᠯᠪᠤᠷᠢᠲᠠᠢ ᠠᠷᠢᠯᠭᠠᠪᠠ᠃ | ᠣᠬᠤᠷᠬᠠᠨ ᠬᠤᠶᠠᠷ ᠵᠢᠯ ᠤᠨ ᠬᠤᠭᠤᠴᠠᠭᠠᠨ ᠳᠤ᠂ ᠯᠢᠨ ᠨᠠ ᠮᠡᠬᠡᠯᠡᠯ ᠢ ᠡᠰᠡᠷᠭᠦᠴᠡᠬᠦ ᠳᠤᠮᠳᠠ ᠠᠩᠬᠢ ᠶᠢ ᠲᠠᠶᠢᠴᠢᠯᠠᠨ 50 ᠲᠦᠮᠡᠨ ᠲᠥᠭᠦᠷᠢᠭ ᠠᠴᠠ | ᠳᠡᠭᠡᠭᠰᠢᠬᠢ ᠬᠡᠷᠡᠭ ᠢ 31 ᠢᠯᠡᠷᠡᠭᠦᠯᠵᠦ᠂ 100 ᠲᠦᠮᠡᠨ ᠲᠥᠭᠦᠷᠢᠭ ᠠᠴᠠ ᠳᠡᠭᠡᠭᠰᠢᠬᠢ ᠬᠡᠷᠡᠭ ᠢ 14 ᠢᠯᠡᠷᠡᠭᠦᠯᠵᠦ᠂ ᠲᠢᠩᠬᠢᠮ ᠪᠠ ᠶᠠᠮᠤᠨ ᠤ ᠱᠠᠯᠠᠪᠳᠠᠭᠤᠯᠤᠨ | ᠰᠢᠢᠳᠪᠦᠷᠢᠯᠡᠭᠦᠯᠦᠭᠰᠡᠨ ᠬᠡᠷᠡᠭ ᠢ ᠪᠦᠷᠢᠨ ᠢᠯᠡᠷᠡᠭᠦᠯᠪᠡ᠃ | ᠡᠷᠡᠭᠦᠦ ᠶᠢᠨ ᠴᠠᠭᠳᠠᠭ᠎ᠠ ᠪᠣᠯᠤᠭᠰᠠᠨ ᠤ ᠬᠤᠪᠢ ᠳᠤ᠂ ᠯᠢᠨ ᠨᠠ ᠤᠳᠠᠭ᠎ᠠ ᠳᠠᠷᠠᠭᠠᠯᠠᠨ ᠥᠪᠡᠷ ᠤᠨ ᠪᠣᠳᠠᠲᠤ ᠠᠵᠢᠯᠯᠠᠭ᠎ᠠ ᠪᠠᠷ ᠢᠶᠠᠨ ᠡᠮᠡᠭᠲᠡᠶᠢᠴᠦᠳ ᠤᠨ | ᠬᠠᠷᠢᠭᠤᠴᠠᠯᠭ᠎ᠠ ᠡᠭᠦᠷᠭᠡᠯᠡᠯ ᠢ ᠢᠯᠡᠷᠡᠭᠦᠯᠪᠡ᠃ | | | |