ᠰᠢᠯᠢ ᠶᠢᠨ ᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠠᠯᠪᠠᠨ ᠶᠠᠪᠤᠳᠠᠯ ᠳᠤ ᠫᠤᠤ ᠬᠡᠷᠡᠭᠯᠡᠬᠦ ᠲᠤᠰᠬᠠᠢ ᠪᠤᠯᠪᠠᠰᠤᠷᠠᠯ ᠤᠨ ᠠᠩᠭᠢ ᠡᠷᠬᠢᠯᠡᠪᠡ
ᠨᠡᠶᠢᠲᠡᠯᠡᠭᠰᠡᠨ ᠴᠠᠭ᠄
2023/12/19
     9 ᠳ᠋ᠤᠬᠡᠷ ᠰᠠᠷ᠎ᠠ ᠶᠢᠨ19 ᠤ ᠡᠳᠤᠷ ᠠᠴᠠ ᠡᠬᠢᠯᠡᠨ᠂ ︽ᠨᠠᠮ ᠤᠨ ᠪᠠᠶᠢᠭᠤᠯᠤᠯᠳᠠ ᠶᠢ ᠠᠳᠬᠤᠬᠤ᠂ ᠰᠤᠷᠳᠠᠯ ᠴᠡᠭᠴᠡᠯᠡᠬᠦ᠂ ᠬᠡᠪ ᠴᠢᠨᠠᠷ ᠢ ᠴᠢᠩᠭᠠᠳᠬᠠᠬᠤ᠂ ᠲᠦᠷᠢ ᠲᠦᠷᠬᠦ ᠶᠢ ᠪᠤᠢ ᠪᠤᠯᠭᠠᠬᠤ︾ ᠲᠤᠰᠬᠠᠢ ᠠᠵᠢᠯᠯᠠᠭ᠎ᠠ ᠶᠢ ᠠᠬᠢᠭᠤᠯᠬᠤ᠂ ᠰᠢᠯᠢ ᠶᠢᠨ ᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠠᠷᠠᠳ ᠤᠨ ᠴᠠᠭᠳᠠᠭᠠᠨ ᠤ ᠴᠠᠭᠳᠠᠭᠠᠨ ᠤ ᠶᠠᠪᠤᠳᠠᠯ ᠤᠨ ᠪᠤᠳᠠᠳᠤ ᠪᠠᠶᠢᠯᠳᠤᠭᠠᠨ ᠤ ᠰᠤᠷᠭᠠᠭᠤᠯᠢᠯᠠᠯ ᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ᠂ ᠠᠩᠭᠢ ᠡᠩᠨᠡᠭᠡ ᠪᠠᠨ ᠲᠠᠰᠤᠷᠠᠯᠳᠠ ᠦᠭᠡᠢ ᠲᠠᠪᠳᠠᠨ ᠪᠣᠯᠪᠠᠰᠤᠷᠠᠭᠤᠯᠬᠤ᠂ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠠᠯᠪᠠᠨ ᠶᠠᠪᠤᠳᠠᠯ ᠳᠤ ᠬᠡᠷᠡᠭᠯᠡᠬᠦ ᠫᠤᠤ ᠶᠢᠨ ᠬᠠᠮᠢᠶᠠᠷᠤᠯᠳᠠ ᠶᠢ ᠴᠢᠩᠭᠠᠳᠬᠠᠬᠤ ᠪᠠ ᠲᠥᠷᠢᠮᠵᠢᠭᠦᠯᠬᠦ᠂ ᠠᠷᠠᠳ ᠤᠨ ᠴᠠᠭᠳᠠᠭ᠎ᠠ ᠶᠢᠨ ᠬᠠᠤᠯᠢ ᠶᠤᠰᠤᠭᠠᠷ᠂ ᠲᠦᠷᠢᠮᠵᠢᠬᠦᠨ᠂ ᠪᠦᠳᠦᠮᠵᠢᠳᠠᠢ ᠪᠠᠷ ᠫᠤᠤ ᠵᠡᠪᠰᠡᠭ ᠬᠡᠷᠡᠭᠯᠡᠬᠦ ᠴᠢᠳᠠᠪᠤᠷᠢ ᠶᠢ ᠲᠡᠭᠡᠭᠰᠢᠯᠡᠬᠦᠯᠦᠨ᠂ ᠫᠤᠤ ᠵᠡᠪᠰᠡᠭ ᠢ ᠪᠤᠯᠪᠠᠰᠤᠷᠠᠩᠭᠤᠢ ᠬᠡᠷᠡᠭᠯᠡᠬᠦ ᠬᠠᠤᠯᠢ ᠴᠠᠭᠠᠵᠠ ᠶᠢᠨ ᠬᠡᠪ ᠪᠤᠯᠪᠠᠰᠤᠷᠠᠯ ᠪᠠ ᠪᠤᠳᠠᠳᠤ ᠪᠠᠶᠢᠯᠳᠤᠭᠠᠨ ᠤ ᠬᠢᠷᠢ ᠲᠦᠪᠰᠢᠨ ᠢ ᠲᠡᠭᠡᠭᠰᠢᠯᠡᠬᠦᠯᠬᠦ ᠶᠢᠨ ᠲᠦᠯᠦᠭᠡ᠂ ᠰᠢᠯᠢ ᠶᠢᠨ ᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠨᠢ ᠪᠦᠬᠦ ᠴᠠᠭᠳᠠᠭ᠎ᠠ ᠶᠢᠨ ᠪᠤᠳᠠᠳᠤ ᠪᠠᠶᠢᠯᠳᠤᠭᠠᠨ ᠤ ᠶᠡᠭᠡ ᠰᠤᠷᠭᠠᠭᠤᠯᠢᠯᠠᠯ ᠤᠨ ᠠᠯᠪᠠᠨ ᠶᠠᠪᠤᠳᠠᠯ ᠳᠤ ᠫᠤᠤ ᠬᠡᠷᠡᠭᠯᠡᠬᠦ ᠲᠤᠬᠠᠢ ᠲᠤᠰᠬᠠᠢ ᠰᠡᠳᠤᠪᠳᠤ ᠪᠤᠯᠪᠠᠰᠤᠷᠠᠯ ᠢ ᠵᠤᠬᠢᠶᠠᠨ ᠪᠠᠶᠢᠭᠤᠯᠤᠨ ᠦᠷᠨᠢᠬᠦᠯᠪᠡ᠃ ᠡᠨᠡ ᠤᠳᠠᠭᠠᠨ ᠤ ᠠᠯᠪᠠᠨ ᠶᠠᠪᠤᠳᠠᠯ ᠳᠤ ᠫᠤᠤ ᠬᠡᠷᠡᠭᠯᠡᠬᠦ ᠲᠤᠬᠠᠶᠢᠯᠠᠭᠰᠠᠨ ᠪᠤᠯᠪᠠᠰᠤᠷᠠᠯ ᠤᠨ ᠠᠩᠭᠢ ᠶᠢ ᠨᠡᠶᠢᠳᠡ 8 ᠬᠤᠭᠤᠴᠠᠭ᠎ᠠ ᠡᠷᠬᠢᠯᠡᠨ᠂ 300 ᠴᠠᠭᠳᠠᠭ᠎ᠠ ᠶᠢ ᠪᠤᠯᠪᠠᠰᠤᠷᠠᠭᠤᠯᠬᠤ ᠪᠠᠷ ᠲᠦᠯᠦᠪᠯᠡᠵᠦ᠂ ᠤᠳᠤᠬᠠᠨ ᠪᠤᠯᠳᠠᠯ᠎ᠠ ᠨᠢᠭᠡᠨᠳᠡ 8 ᠬᠤᠭᠤᠴᠠᠭᠠᠨ ᠤ ᠦᠨᠠᠨ ᠰᠤᠮᠤ ᠪᠠᠷ ᠫᠠᠢ ᠬᠠᠷᠪᠤᠬᠤ ᠫᠤᠤᠳᠠᠯᠭ᠎ᠠ ᠶᠢᠨ ᠪᠤᠯᠪᠠᠰᠤᠷᠠᠯ ᠢ ᠦᠷᠨᠢᠬᠦᠯᠵᠦ᠂ 320 ᠴᠠᠭᠳᠠᠭ᠎ᠠ ᠪᠤᠯᠪᠠᠰᠤᠷᠠᠯ ᠳᠤ ᠤᠷᠤᠯᠴᠠᠵᠦ᠂ ᠲᠦᠷᠪᠡᠨ ᠲᠦᠮᠡᠨ ᠰᠤᠮᠤ ᠫᠤᠤᠳᠠᠪᠠ᠃
1695282324115484.png     
     ᠪᠤᠯᠪᠠᠰᠤᠷᠠᠯ ᠤᠨ ᠠᠩᠭᠢ ᠨᠢ ᠤᠷᠢᠳᠠᠪᠠᠷ ᠤᠨᠤᠯ ᠰᠤᠷᠴᠦ᠂ ᠲᠠᠷᠠᠭ᠎ᠠ ᠨᠢ ᠤᠶᠢᠯᠡᠳᠤᠯᠭᠡ ᠳᠤ ᠤᠷᠤᠯᠴᠠᠬᠤ ᠪᠤᠳᠠᠳᠤ ᠪᠠᠶᠢᠯᠳᠤᠭᠠᠨ ᠤ ᠬᠡᠪ ᠵᠠᠭᠪᠤᠷ ᠶᠤᠰᠤᠭᠠᠷ᠂ ᠦᠨᠡᠨ ᠰᠤᠮᠤᠨ ᠤ ᠫᠤᠤᠳᠠᠯᠭ᠎ᠠ ᠶᠢᠨ ᠪᠤᠯᠪᠠᠰᠤᠷᠠᠯ ᠬᠢᠬᠦ ᠠᠴᠠ ᠡᠮᠤᠨ᠎ᠡ᠂ ᠠᠯᠪᠠᠨ ᠶᠠᠪᠤᠳᠠᠯ ᠳᠤ ᠬᠡᠷᠡᠭᠯᠡᠬᠦ ᠫᠤᠤ ᠶᠢᠨ ᠤᠨᠤᠯ ᠤᠨ ᠲᠤᠰᠬᠠᠢ ᠰᠡᠳᠤᠪᠳᠤ ᠵᠢᠭᠠᠨ ᠵᠢᠯᠤᠭᠤᠳᠤᠯᠭ᠎ᠠ ᠶᠢᠨ ᠬᠢᠴᠢᠶᠡᠯ ᠣᠷᠤᠪᠠ᠃ ᠰᠢᠯᠢ ᠶᠢᠨ ᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠴᠠᠭᠳᠠᠭᠠᠨ ᠤ ᠶᠠᠪᠤᠳᠠᠯ ᠤᠨ ᠪᠤᠳᠠᠳᠤ ᠪᠠᠶᠢᠯᠳᠤᠭᠠᠨ ᠤ ᠲᠤᠮᠳᠠ ᠵᠡᠷᠭᠡ ᠶᠢᠨ ᠰᠤᠷᠭᠠᠭᠴᠢ ᠯᠢ ᠴᠢ ︽ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠠᠯᠪᠠᠨ ᠶᠠᠪᠤᠳᠠᠯ ᠳᠤ ᠬᠡᠷᠡᠭᠯᠡᠬᠦ ᠫᠤᠤ ᠶᠢᠨ ᠬᠠᠮᠢᠶᠠᠷᠤᠯᠳᠠ ᠶᠢᠨ ᠲᠤᠭᠳᠠᠭᠠᠯ︾ ᠪᠤᠯᠤᠨ ᠫᠤᠤ ᠵᠡᠪᠰᠡᠭ ᠢ ᠠᠶᠤᠯ ᠦᠭᠡᠢ ᠬᠡᠷᠡᠭᠯᠡᠬᠦ ᠲᠦᠷᠢᠮ ᠢ ᠨᠠᠷᠢᠨ ᠲᠠᠶᠢᠯᠪᠤᠷᠢᠯᠠᠵᠦ᠂ 92 ᠬᠡᠯᠪᠡᠷᠢ ᠶᠢᠨ ᠭᠠᠷ ᠫᠤᠤ ᠶᠢᠨ ᠪᠦᠳᠤᠴᠡ᠂ ᠴᠢᠳᠠᠮᠵᠢ᠂ ᠠᠷᠠᠴᠢᠯᠠᠨ ᠬᠠᠮᠠᠭᠠᠯᠠᠯᠳᠠ ᠵᠡᠷᠭᠡ ᠲᠠᠯ᠎ᠠ ᠶᠢᠨ ᠦᠨᠳᠤᠰᠦᠨ ᠮᠡᠳᠡᠯᠭᠡ ᠪᠠ ᠫᠤᠤ ᠶᠢᠨ ᠵᠠᠳᠠᠯᠤᠯᠳᠠ ᠤᠭᠰᠠᠷᠠᠯᠳᠠ᠂ ᠫᠤᠤ ᠵᠡᠪᠰᠡᠭ ᠲᠤ ᠦᠷᠬᠦᠯᠵᠢ ᠲᠤᠬᠢᠶᠠᠯᠳᠤᠳᠠᠭ ᠭᠡᠮ ᠵᠢᠴᠢ ᠲᠡᠭᠦᠨ ᠢ ᠬᠡᠷᠭᠢᠨ ᠠᠷᠢᠯᠭᠠᠬᠤ᠂ ᠫᠤᠤᠳᠠᠬᠤ ᠳᠤ ᠶᠠᠭᠤ ᠶᠢ ᠠᠩᠬᠠᠷᠬᠤ᠂ ᠶᠠᠭᠠᠬᠢᠵᠤ ᠤᠨᠢᠯᠠᠵᠥ ᠬᠠᠷᠪᠤᠬᠤ᠂ ᠫᠤᠤᠳᠠᠬᠤ ᠦᠶ᠎ᠡ ᠶᠢᠨ ᠪᠡᠶ᠎ᠡ  ᠶᠢᠨ ᠬᠦᠳᠡᠯᠭᠡᠭᠡᠨ ᠤ ᠠᠨᠢᠰᠤ᠂ ᠫᠤᠤ ᠶᠢ ᠰᠢᠯᠭᠠᠬᠤ ᠠᠯᠬᠤᠮ ᠲᠠᠷᠠᠭ᠎ᠠ ᠳᠤ ᠨᠠᠷᠢᠨ ᠲᠠᠶᠢᠯᠪᠤᠷᠢᠯᠠᠯᠳᠠ ᠬᠢᠵᠦ᠂ ᠪᠤᠳᠠᠳᠤ ᠪᠠᠶᠢᠯᠳᠤᠭᠠᠨ ᠤ ᠫᠠᠢ ᠫᠤᠤᠳᠠᠬᠤ ᠳᠤ ᠰᠠᠭᠤᠷᠢ ᠲᠠᠯᠪᠢᠭᠰᠠᠨ ᠪᠠᠶᠢᠨ᠎ᠠ᠃ ᠦᠨᠡᠨ ᠰᠤᠮᠤ ᠪᠠᠷ ᠫᠠᠢ ᠬᠠᠷᠪᠤᠬᠤ ᠫᠤᠤᠳᠠᠯᠭ᠎ᠠ ᠶᠢᠨ ᠪᠤᠯᠪᠠᠰᠤᠷᠠᠯ ᠤᠨ ᠲᠤᠮᠳᠠ᠂ ᠴᠠᠭᠳᠠᠭᠠᠨ ᠤ ᠶᠠᠪᠤᠳᠠᠯ ᠤᠨ ᠪᠤᠳᠠᠳᠤ ᠪᠠᠶᠢᠯᠳᠤᠭᠠᠨ ᠤ ᠰᠤᠷᠭᠠᠭᠴᠢ ᠠᠴᠠ ᠵᠢᠯᠤᠭᠤᠳᠤᠭᠴᠢ᠂ ᠠᠮᠤᠷ ᠢ ᠬᠠᠮᠠᠭᠠᠯᠠᠭᠴᠢ᠂ ᠲᠤᠬᠢᠶ᠎ᠠ ᠦᠭᠭᠦᠭᠴᠢ᠂ ᠬᠤᠪᠢ ᠲᠡᠮᠳᠡᠭᠯᠡᠭᠴᠢ᠂ ᠰᠤᠮᠤ ᠲᠦᠭᠡᠭᠡᠭᠴᠢ ᠶᠢ ᠲᠤᠰ ᠲᠤᠰ ᠲᠤ ᠨᠢ ᠲᠤᠬᠢᠷᠠᠭᠤᠯᠵᠦ᠂ ᠠᠵᠢᠯ ᠢᠶᠠᠨ ᠬᠤᠪᠢᠶᠠᠷᠢᠯᠠᠨ ᠬᠠᠮᠳᠤᠷᠠᠨ ᠠᠵᠢᠯᠯᠠᠵᠤ᠂ ᠲᠤᠰ ᠲᠤᠰ ᠤᠨ ᠡᠭᠦᠷᠭᠡ ᠲᠤᠰᠢᠶᠠᠯ ᠢᠶᠠᠨ ᠬᠢᠨᠠᠮᠠᠭᠠᠢ ᠬᠦᠢᠴᠡᠳᠭᠡᠵᠦ᠂ ᠦᠨᠡᠨ ᠰᠤᠮᠤᠨ ᠤ ᠵᠤᠬᠢᠶᠠᠨ ᠪᠠᠶᠢᠭᠤᠯᠤᠯᠳᠠ ᠶᠢᠨ ᠪᠠᠳᠤᠯᠠᠭ᠎ᠠ᠂ ᠠᠮᠤᠷ ᠲᠦᠪᠰᠢᠨ ᠤ ᠪᠠᠳᠤᠯᠠᠭ᠎ᠠ ᠶᠢᠨ ᠠᠵᠢᠯ ᠢ ᠰᠠᠶᠢᠨ ᠬᠢᠵᠦ᠂ ᠫᠤᠤᠳᠠᠯᠭ᠎ᠠ ᠶᠢᠨ ᠤᠷᠤᠨ᠂ ᠵᠢᠯᠤᠭᠤᠳᠬᠤ ᠤᠷᠤᠨ᠂ ᠬᠠᠷᠪᠤᠭᠠᠴᠢ ᠶᠢᠨ ᠪᠡᠯᠡᠳᠬᠡᠯ ᠤᠷᠤᠨ᠂ ᠰᠤᠮᠤ ᠠᠪᠬᠤ ᠤᠷᠤᠨ ᠢ ᠬᠤᠪᠢᠶᠠᠷᠢᠯᠠᠵᠦ᠂ ᠪᠤᠳᠠᠳᠤ ᠪᠠᠶᠢᠯᠳᠤᠭᠠᠨ ᠤ ᠫᠠᠢ ᠬᠠᠷᠪᠤᠬᠤ ᠪᠤᠯᠪᠠᠰᠤᠷᠠᠯ ᠤᠨ ᠡᠮᠬᠢ ᠲᠢᠭᠯᠢᠮ ᠲᠠᠢ ᠶᠠᠪᠤᠭᠳᠠᠬᠤ ᠶᠢ ᠪᠠᠳᠤᠯᠠᠵᠠᠢ᠃ ᠰᠤᠷᠭᠠᠭᠴᠢ ᠨᠠᠷ ᠠᠴᠠ ᠵᠢᠯᠤᠭᠤᠳᠤᠭᠴᠢ ᠪᠠ ᠠᠮᠤᠷ ᠢ ᠬᠠᠮᠠᠭᠠᠯᠠᠬᠴᠢ ᠶᠢᠨ ᠠᠵᠢᠯ ᠡᠬᠦᠷᠭᠡ ᠶᠢ ᠬᠠᠮᠳᠤ ᠳᠤ ᠨᠢ ᠬᠦᠢᠴᠡᠳᠭᠡᠵᠦ᠂ ᠰᠤᠮᠤ ᠨᠢᠭᠡᠪᠤᠷᠢ ᠶᠢ ᠠᠶᠤᠯᠬᠦᠢ ᠪᠦᠳᠦᠮᠵᠢᠳᠠᠢ ᠬᠠᠷᠪᠤᠬᠤ ᠶᠢ ᠦᠨᠡᠨ ᠬᠦ ᠪᠠᠳᠤᠯᠠᠬᠤ ᠶᠢᠨ ᠲᠦᠯᠦᠭᠡ᠂ ᠪᠤᠯᠪᠠᠰᠤᠷᠠᠯ ᠳᠤ ᠤᠷᠤᠯᠴᠠᠵᠦ ᠪᠠᠶᠢᠭ᠎ᠠ ᠠᠷᠠᠳ ᠤᠨ ᠴᠠᠭᠳᠠᠭ᠎ᠠ ᠶᠢ ᠬᠠᠪᠰᠤᠷᠤᠨ ᠤᠳᠠᠭ᠎ᠠ ᠪᠤᠯᠭᠠᠨ ᠤ ᠫᠤᠤᠳᠠᠭᠰᠠᠨ ᠲᠤᠷᠰᠢᠯᠭ᠎ᠠ ᠰᠤᠷᠭᠠᠮᠵᠢ ᠶᠢ ᠳ᠋ᠦᠩᠨᠡᠵᠦ᠂ ᠠᠯᠳᠠᠭᠰᠠᠨ ᠤᠨᠤᠭᠰᠠᠨ ᠵᠢᠮ᠎ᠡ ᠶᠤᠰᠤ ᠶᠢ ᠨᠢ ᠡᠷᠢᠵᠦ ᠭᠠᠷᠭᠠᠨ᠂ ᠪᠤᠯᠪᠠᠰᠤᠷᠠᠯ ᠤᠨ ᠬᠢᠷᠢ ᠲᠦᠪᠰᠢᠨ ᠢ ᠲᠡᠭᠡᠭᠰᠢᠯᠡᠬᠦᠯᠪᠡ᠃ ᠪᠤᠯᠪᠠᠰᠤᠷᠠᠯ ᠳᠤ ᠤᠷᠤᠯᠴᠠᠭᠰᠠᠨ ᠠᠷᠠᠳ ᠤᠨ ᠴᠠᠭᠳᠠᠭ᠎ᠠ ᠰᠠᠬᠢᠯᠭ᠎ᠠ ᠪᠠᠳᠤ ᠶᠢ ᠴᠢᠩᠭ᠎ᠠ ᠵᠢᠷᠤᠮᠯᠠᠨ ᠰᠠᠬᠢᠵᠦ᠂ ᠵᠢᠯᠤᠭᠤᠳᠤᠭᠴᠢ ᠶᠢᠨ ᠪᠠᠭᠤᠯᠭᠠᠭᠰᠠᠨ ᠠᠮᠠᠨ ᠲᠤᠬᠢᠶ᠎ᠡ ᠶᠤᠰᠤᠭᠠᠷ ᠠᠯᠬᠤᠮ ᠲᠠᠷᠠᠭ᠎ᠠ ᠲᠠᠢ ᠪᠠᠷ ᠫᠤᠤ ᠪᠠᠨ ᠴᠡᠨᠡᠭᠯᠡᠵᠦ᠂ ᠬᠠᠷᠪᠤᠬᠤ ᠪᠠᠷ ᠪᠡᠯᠡᠳᠭᠡᠨ᠂ ᠤᠨᠢᠯᠠᠵᠦ ᠫᠤᠤᠳᠠᠨ᠂ ᠰᠤᠮᠤᠨ ᠤ ᠬᠠᠪᠴᠢᠭᠤᠷ ᠢᠶᠠᠨ ᠪᠠᠭᠤᠯᠭᠠᠨ᠂ ᠫᠤᠤ ᠪᠠᠨ ᠰᠢᠯᠭᠠᠵᠦ᠂ ᠫᠠᠢ ᠪᠠᠨ ᠰᠢᠯᠭᠠᠨ᠂ ᠦᠨᠡᠨ ᠰᠤᠮᠤᠨ ᠤ ᠫᠤᠤᠳᠠᠯᠭ᠎ᠠ ᠶᠢᠨ ᠪᠤᠯᠪᠠᠰᠤᠷᠠᠯ ᠢ ᠲᠡᠰ ᠲᠠᠷᠠᠭ᠎ᠠ ᠲᠠᠢ ᠡᠮᠬᠢ ᠵᠢᠷᠤᠮ ᠲᠠᠢ᠂ ᠠᠮᠤᠷ ᠲᠦᠪᠰᠢᠨ ᠬᠢᠭᠰᠡᠨ ᠪᠠᠶᠢᠨ᠎ᠠ᠃
 1695282347169157.png  
     ᠲᠤᠰ ᠤᠳᠠᠭᠠᠨ ᠤ ᠦᠨᠡᠨ ᠰᠤᠮᠤᠨ ᠤ ᠫᠤᠤᠳᠠᠯᠭ᠎ᠠ ᠶᠢᠨ ᠪᠤᠯᠪᠠᠰᠤᠷᠠᠯ ᠲᠦᠪ ᠴᠢᠩᠭ᠎ᠠ ᠰᠠᠬᠢᠯᠭ᠎ᠠ ᠪᠠᠳᠤ᠂ ᠴᠢᠩᠭ᠎ᠠ ᠨᠢᠮᠪᠠᠢ ᠡᠭᠦᠷᠭᠡ ᠬᠠᠷᠢᠭᠤᠴᠠᠯᠭ᠎ᠠ ᠶᠢᠨ ᠲᠤᠤᠷ᠎ᠠ ᠤᠰᠤᠯ ᠠᠳᠡᠯ ᠭᠠᠷᠤᠭᠰᠠᠨ ᠦᠭᠡᠢ ᠠᠮᠵᠢᠯᠳᠠ ᠲᠠᠢ ᠶᠠᠪᠤᠭᠳᠠᠵᠠᠢ᠃     ᠲᠠᠷᠠᠭᠠᠴᠢ ᠶᠢᠨ ᠠᠯᠬᠤᠮ ᠳᠤ᠂ ᠰᠢᠯᠢ ᠶᠢᠨ ᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠨᠢ ᠪᠦᠬᠦ ᠴᠠᠭᠳᠠᠭ᠎ᠠ ᠶᠢᠨ ᠪᠤᠳᠠᠳᠤ ᠪᠠᠶᠢᠯᠳᠤᠭᠠᠨ ᠤ ᠶᠡᠭᠡ ᠰᠤᠷᠭᠠᠭᠤᠯᠢᠯᠠᠯ ᠤᠨ ᠬᠦᠮᠦᠵᠢᠯ ᠪᠤᠯᠪᠠᠰᠤᠷᠠᠯ ᠤᠨ ᠠᠵᠢᠯ ᠤᠨ ᠪᠠᠶᠢᠷᠢᠯᠠᠭᠤᠯᠤᠯᠳᠠ ᠶᠢ ᠪᠦᠬᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠦ᠂ ᠠᠷᠠᠳ  ᠤᠨ ᠴᠠᠭᠳᠠᠭ᠎ᠠ ᠬᠠᠪᠰᠤᠷᠤᠭᠴᠢ ᠴᠠᠭᠳᠠᠭᠠᠨ ᠤ ᠬᠦᠮᠦᠵᠢᠯ ᠪᠤᠯᠪᠠᠰᠤᠷᠠᠯ ᠤᠨ ᠪᠠᠶᠢᠭᠤᠯᠤᠯᠳᠠ ᠶᠢᠨ ᠬᠦᠭᠵᠢᠯᠳᠡ ᠶᠢ ᠦᠷᠭᠦᠯᠵᠢᠯᠡᠨ ᠲᠡᠭᠡᠳᠤ ᠬᠡᠮᠵᠢᠶ᠎ᠡ ᠪᠠᠷ ᠴᠢᠬᠤᠯᠠᠴᠢᠯᠡᠨ᠂ ᠴᠠᠭᠳᠠᠭᠠᠨ ᠤ ᠶᠠᠪᠤᠳᠠᠯ ᠤᠨ ᠤᠷ᠎ᠠ ᠴᠢᠳᠠᠪᠤᠷᠢ ᠶᠢᠨ ᠪᠤᠯᠪᠠᠰᠤᠷᠠᠯ ᠢ ᠶᠡᠭᠡᠪᠡᠷ ᠴᠢᠩᠭᠠᠳᠬᠠᠵᠦ᠂ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭᠠᠨ  ᠤ ᠪᠤᠳᠠᠳᠤ ᠪᠠᠶᠢᠯᠳᠤᠭᠠᠨ ᠤ ᠮᠡᠷᠭᠡᠵᠢᠯ᠂ ᠪᠠᠶᠢᠯᠳᠤᠬᠤ ᠠᠷᠭ᠎ᠠ ᠶᠢᠨ ᠬᠢᠷᠢ ᠲᠦᠪᠰᠢᠨ ᠢ ᠴᠢᠷᠮᠠᠶᠢᠨ ᠲᠡᠭᠡᠭᠰᠢᠯᠡᠬᠦᠯᠵᠦ᠂ ᠠᠩᠭᠢ ᠡᠩᠨᠡᠭᠡᠨ ᠤ ᠲᠠᠶᠢᠴᠢᠨ ᠬᠦᠴᠦᠨ ᠢ ᠪᠠᠳᠠᠷᠠᠭᠤᠯᠵᠦ᠂ ᠲᠡᠳᠡᠨ ᠢ ᠦᠨᠳᠤᠷ ᠬᠡᠪ ᠪᠤᠯᠪᠠᠰᠤᠷᠠᠯ᠂ ᠦᠨᠳᠤᠷ ᠬᠢᠷᠢ ᠲᠦᠪᠰᠢᠨ ᠢᠶᠠᠷ ᠲᠤᠳᠤᠭᠠᠳᠤ ᠶᠢ ᠬᠠᠮᠠᠭᠠᠯᠠᠬᠤ ᠠᠵᠢᠯ ᠳᠤ ᠤᠷᠤᠯᠴᠠᠭᠤᠯᠤᠨ᠎ᠠ᠃ ︵ᠰᠢᠯᠢ  ᠶᠢᠨ ᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠤᠶᠤᠨᠴᠢᠮᠡᠭ ᠮᠡᠳᠡᠭᠡᠯᠡᠪᠡ︶                   
ᠢᠷᠡᠯᠲᠡ᠄ ᠰᠢᠯᠢ ᠶᠢᠨ ᠭᠤᠤᠯ ᠠᠶᠢᠮᠠᠭ ᠤᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ