ᠣᠶᠢᠷ᠎ᠠ ᠳᠤ᠂ ᠰᠢᠯᠢ ᠶᠢᠨ ᠭᠤᠤᠯ ᠠᠶᠢᠮᠠᠭ ᠤᠨ ᠤᠯᠠᠭᠠᠢ ᠬᠠᠮᠢᠶᠠᠷᠤᠯᠲᠠ ᠶᠢᠨ ᠣᠷᠣᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠠᠷᠢᠶ᠎ᠠ ᠣᠷᠣᠨ ᠤ | ᠰᠠᠭᠤᠭᠠᠯᠢ ᠠᠷᠠᠳ ᠯᠢ ᠣᠪᠣᠭᠲᠤ ᠠᠴᠠ᠂ ᠰᠦᠯᠵᠢᠶ᠎ᠡ ᠪᠠᠷ ᠲᠠᠩᠰᠠ ᠪᠦᠷᠢᠳᠭᠡᠭᠦᠯᠬᠦ ᠶᠢ ᠢᠲᠡᠭᠡᠭᠰᠡᠨ ᠠᠴᠠ ᠪᠣᠯᠵᠣ 8 ᠲᠦᠮᠡ ᠭᠠᠷᠤᠶ ᠲᠥᠭᠦᠷᠢᠭ ᠮᠡᠬᠡᠯᠡᠭᠳᠡᠪᠡ | ᠭᠡᠰᠡᠨ ᠲᠥᠭᠰᠢᠭᠦᠷᠢ ᠮᠡᠳᠡᠭᠦᠯᠪᠡ᠃ ᠣᠶᠢᠯᠠᠭᠠᠭᠰᠠᠨ ᠢᠶᠠᠷ᠂ ᠯᠢ ᠣᠪᠣᠭᠲᠤ ᠭᠠᠷ ᠤᠲᠠᠰᠤ ᠪᠠᠷ ᠢᠶᠠᠨ ᠰᠦᠯᠵᠢᠶᠡᠨ ᠳᠤ ᠭᠠᠷᠴᠤ ᠪᠠᠶᠢᠬᠤ ᠳᠤ ᠪᠠᠨ ᠪᠠᠯᠠ | ᠣᠷᠣᠭᠤᠯᠵᠤ ᠡᠳ᠋ ᠤᠨ ᠶᠠᠪᠤᠳᠠᠯ ᠢ ᠬᠠᠮᠢᠶᠠᠷᠬᠤ APP ᠶᠢ ᠪᠠᠭᠤᠯᠭᠠᠨ ᠠᠪᠴᠠᠶ᠂ ᠳᠠᠩᠰᠠᠯᠠᠭᠤᠯᠤᠭᠰᠠᠨ ᠤ ᠳᠠᠷᠠᠭ᠎ᠠ᠂ ᠨᠦᠭᠦᠭᠡ ᠡᠲᠡᠭᠡᠳ ᠨᠢ ᠯᠢ ᠣᠪᠣᠭᠲᠤ ᠶᠢ | ᠵᠢᠭᠠᠨ ᠵᠢᠯᠣᠭᠤᠳᠴᠤ ᠪᠠᠶᠢᠭᠠᠳ ᠲᠣᠰ APP ᠳᠡᠭᠡᠷ᠎ᠡ ᠭᠡᠰᠢᠭᠦᠨ ᠢᠶᠠᠨ ᠳᠠᠩᠰᠠᠯᠠᠭᠤᠯᠬᠤ ᠶᠢᠨ ᠬᠠᠮᠲᠤ ᠵᠣᠭᠤᠰ ᠺᠠᠷᠲᠯᠠᠭᠤᠯᠵᠤ᠂ 81560 ᠲᠥᠭᠦᠷᠢᠭ ᠤᠨ | ᠵᠣᠭᠤᠰ ᠺᠠᠷᠲᠯᠠᠭᠰᠠᠨ ᠤ ᠳᠠᠷᠠᠭ᠎ᠠ ᠪᠡᠯᠡᠨ ᠵᠣᠭᠤᠰ ᠭᠠᠷᠭᠠᠵᠤ ᠠᠪᠬᠤ ᠶᠢᠨ ᠠᠷᠭ᠎ᠠ ᠥᠬᠡᠶ ᠪᠣᠯᠤᠭᠰᠠᠨ ᠠᠴᠠ ᠯᠢ ᠣᠪᠣᠭᠲᠤ ᠮᠡᠬᠡᠯᠡᠭᠳᠡᠭᠰᠡᠨ ᠢᠶᠠᠨ ᠮᠡᠳᠡᠭᠡᠳ ᠬᠡᠷᠡᠭ | ᠮᠡᠳᠡᠭᠦᠯᠪᠡ᠃ | | | | ᠬᠡᠷᠡᠭ ᠰᠢᠢᠳᠪᠦᠷᠢᠯᠡᠬᠦ ᠠᠷᠠᠳ ᠤᠨ ᠴᠠᠭᠳᠠᠭ᠎ᠠ ᠲᠡᠷᠡ ᠳᠠᠷᠤᠶ ᠳᠤ ᠨᠢ ᠬᠡᠷᠡᠭ ᠲᠤ ᠬᠤᠯᠪᠣᠭᠳᠠᠭᠰᠠᠨ ᠪᠠᠯᠠ ᠮᠥᠩᠭᠦᠨ ᠤ ᠭᠦᠢᠯᠭᠡᠭᠡ ᠶᠢ ᠡᠮᠬᠢᠯᠡᠨ ᠳᠢᠭᠯᠡᠵᠦ᠂ | ᠬᠡᠷᠡᠭ ᠲᠤ ᠬᠤᠯᠪᠣᠭᠳᠠᠭᠰᠠᠨ ᠪᠠᠯᠠ ᠮᠥᠩᠭᠦ ᠶᠢ ᠸᠠᠩ ᠣᠪᠣᠭᠲᠤ ᠶᠢᠨ ᠪᠠᠩᠬᠢ ᠶᠢᠨ ᠺᠠᠷᠲ ᠲᠤ ᠰᠢᠯᠵᠢᠭᠦᠯᠦᠨ ᠣᠷᠣᠭᠤᠯᠤᠭᠰᠠᠨ ᠢ ᠣᠯᠵᠤ ᠮᠡᠳᠡᠵᠡᠶ᠂ ᠤᠯᠠᠮ ᠨᠢᠭᠡ | ᠠᠯᠬᠤᠮ ᠲᠤᠷᠰᠢᠨ ᠪᠠᠶᠢᠴᠠᠭᠠᠬᠤ ᠪᠠᠷ ᠳᠡᠮᠵᠢᠨ ᠸᠠᠩ ᠣᠪᠣᠭᠲᠤ ᠶᠠᠯ᠎ᠠ ᠬᠢᠵᠦ ᠣᠯᠤᠭᠰᠠᠨ ᠣᠯᠵᠠ ᠠᠰᠢᠭ ᠢᠶᠠᠨ ᠨᠢᠭᠤᠨ ᠳᠠᠯᠳᠠᠯᠠᠭᠰᠠᠨ ᠰᠡᠵᠢᠭᠯᠡᠯᠲᠡᠶ ᠪᠠᠶᠢᠬᠤ ᠶᠢ | ᠳᠣᠲᠣᠯᠠᠵᠠᠶ᠃ ᠲᠣᠰ ᠮᠡᠳᠡᠭᠡ ᠵᠠᠩᠭᠢ ᠶᠢ ᠡᠵᠡᠮᠰᠢᠭᠰᠡᠨ ᠤ ᠳᠠᠷᠠᠭ᠎ᠠ᠂ ᠬᠡᠷᠡᠭ ᠰᠢᠢᠳᠪᠦᠷᠢᠯᠡᠬᠦ ᠠᠷᠠᠳ ᠤᠨ ᠴᠠᠭᠳᠠᠭ᠎ᠠ ᠣᠯᠠᠨ ᠭᠠᠵᠠᠷ ᠢᠶᠠᠷ ᠲᠠᠩᠨᠠᠨ ᠭᠡᠲᠡᠵᠦ᠂ | ᠡᠴᠦᠰ ᠲᠤ ᠪᠠᠨ ᠾᠧᠨᠠᠨ ᠳᠤ ᠶᠠᠯ᠎ᠠ ᠬᠢᠭᠰᠡᠨ ᠰᠡᠵᠢᠭᠳᠡᠨ ᠸᠠᠩ ᠣᠪᠣᠭᠲᠤ ᠶᠢ ᠠᠮᠵᠢᠯᠲᠠᠲᠠᠶ ᠪᠠᠷᠢᠪᠴᠢᠯᠠᠪᠠ᠃ ᠸᠠᠩ ᠣᠪᠣᠭᠲᠤ ᠤᠯᠠᠨ ᠪᠠᠩᠬᠢ ᠶᠢᠨ ᠺᠠᠷᠲ ᠢᠶᠠᠨ | ᠬᠠᠤᠯᠢ ᠪᠤᠰᠤ ᠡᠲᠡᠭᠡᠳ ᠲᠤ ᠬᠠᠩᠭᠠᠵᠤ ︽ᠮᠥᠩᠬᠦ ᠤᠬᠢᠶᠠᠭᠰᠠᠨ︾ ᠶᠠᠯ᠎ᠠ ᠶᠢᠨ ᠪᠣᠳᠠᠲᠤ ᠬᠡᠷᠡᠭ ᠢᠶᠠᠨ ᠥᠴᠢᠭᠯᠡᠵᠡᠶ᠃ | ᠣᠳᠣᠬᠠᠨ ᠳᠤ᠂ ᠶᠠᠯ᠎ᠠ ᠬᠢᠭᠰᠡᠨ ᠰᠡᠵᠢᠭᠳᠡᠨ ᠸᠠᠩ ᠣᠪᠣᠭᠲᠤ ᠳᠤ ᠨᠢᠭᠡᠨᠲᠡ ᠬᠠᠤᠯᠢ ᠶᠣᠰᠣᠭᠠᠷ ᠡᠷᠡᠭᠦᠦ ᠶᠢᠨ ᠬᠡᠷᠡᠭ ᠤᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ | ᠠᠪᠴᠤ᠂ ᠲᠤᠰ ᠬᠡᠷᠡᠭ ᠢ ᠶᠠᠭ ᠤᠯᠠᠮ ᠨᠢᠭᠡ ᠠᠯᠬᠤᠮ ᠰᠢᠢᠳᠪᠦᠷᠢᠯᠡᠵᠦ ᠪᠠᠶᠢᠨ᠎ᠠ᠃ |