ᠬᠠᠶᠢᠷ᠎ᠠ ᠨᠠᠶᠢᠷ ᠦᠭᠡᠢ ᠴᠠᠭᠠᠨ ᠰᠢᠭᠤᠷᠭᠠᠨ ᠳᠤ ᠴᠠᠭᠳᠠᠭ᠎ᠠ ᠶᠢᠨ ᠬᠠᠯᠠᠮᠵᠢ ᠥᠨᠢᠳᠡ ᠮᠥᠩᠬᠡ
ᠨᠡᠶᠢᠲᠡᠯᠡᠭᠰᠡᠨ ᠴᠠᠭ᠄
2023/3/1
      ᠨᠢᠳᠦᠨᠦᠨ ᠤ 12 ᠳ᠋ᠤᠭᠠᠷ ᠰᠠᠷ᠎ᠠ ᠶᠢᠨ 15 ᠤ ᠡᠳᠦᠷ᠂ ᠲᠡᠭ ᠠᠴᠠ ᠲᠤᠷᠤᠭᠰᠢ ᠭᠤᠴᠢᠨ ᠭᠷᠠᠳᠦ᠋ᠰ ᠤᠨ ᠬᠦᠢᠳᠡᠨ ᠠᠭᠤᠷ ᠠᠮᠢᠰᠬᠤᠯ ᠲᠠᠢ ᠬᠡᠰᠢᠭᠳᠡᠨ ᠨᠤᠳᠤᠭ ᠲᠤ ᠴᠠᠭᠠᠨ ᠰᠢᠭᠤᠷᠭᠠᠨ ᠳᠡᠭᠳᠡᠪᠡ᠃ ᠠᠶᠠᠯᠠᠨ ᠵᠤᠭᠠᠴᠠᠭᠴᠢ ᠪᠡ᠊ ᠭᠤᠸᠠᠢ ᠠᠰᠬᠠᠳᠤ ᠵᠦᠭ ᠠᠶᠠᠯᠠᠨ ᠶᠠᠪᠤᠵᠤ ᠪᠠᠶᠢᠭᠠᠳ ᠰᠠᠨᠠᠮᠰᠠᠷ ᠦᠭᠡᠢ ᠲᠡᠷᠭᠡ ᠨᠢ ᠵᠠᠮ ᠤᠨ ᠬᠠᠵᠠᠭᠤᠳᠡᠬᠢ ᠴᠠᠰᠤ ᠬᠤᠷᠠᠭᠰᠠᠨ ᠭᠤᠤ ᠳᠤ ᠬᠠᠯᠳᠤᠷᠢᠨ ᠤᠷᠤᠵᠤ ᠬᠡᠴᠢᠨᠡᠨ ᠨᠤᠴᠤᠯᠳᠤᠭᠰᠠᠨ ᠴᠤ ᠲᠡᠷᠭᠡ ᠪᠠᠨ ᠭᠠᠷᠭᠠᠵᠤ ᠲᠡᠶᠢᠯᠡᠬᠦ ᠦᠭᠡᠢ ᠪᠤᠯᠴᠢᠬᠠᠪᠠ᠃ ᠲᠡᠷᠡ ᠠᠷᠭ᠎ᠠ ᠪᠠᠷᠠᠭᠳᠠᠵᠤ ᠰᠠᠶᠢᠨ ᠠᠨᠳᠠ ᠳᠤ ᠪᠠᠨ ᠤᠳᠠᠰᠤ ᠠᠪᠤᠭᠠᠳ ᠪᠠᠶᠢᠳᠠᠯ ᠢᠶᠠᠨ ᠬᠡᠯᠡᠭᠰᠡᠨ ᠳᠤ᠂ ᠲᠤᠰᠠᠯᠠᠬᠤ ᠪᠠᠷ ᠢᠷᠡᠬᠦ ᠵᠠᠮ ᠳᠤ ᠪᠠᠨ ᠰᠠᠶᠢᠨ ᠠᠨᠳᠠ ᠨᠢ ᠪᠠᠰᠠ ᠴᠠᠰᠤᠨ ᠳᠤ ᠬᠠᠰᠢᠭᠳᠠᠵᠠᠢ᠃ ᠡᠴᠤᠰ ᠲᠤ ᠪᠠᠨ ᠲᠡᠷᠡ 110 ᠳᠤ ᠤᠳᠠᠰᠤᠳᠠᠵᠤ ᠲᠤᠰᠠᠯᠠᠮᠵᠢ ᠭᠤᠶᠤᠪᠠ᠃
mmexport1672192841900.jpg  
      ᠡᠨᠡ ᠬᠦ ᠵᠠᠮ ᠠᠴᠠ ᠬᠠᠮᠤᠭ ᠤᠶᠢᠷ᠎ᠠ ᠪᠠᠶᠢᠳᠠᠭ ᠬᠤᠨᠭ᠍ᠭᠤ ᠶᠢᠨ ᠲᠠᠪᠠᠭ᠎ᠠ ᠶᠢᠨ ᠲᠤᠮᠢᠯᠠᠭᠰᠠᠨ ᠰᠠᠯᠪᠤᠷᠢ ᠶᠢᠨ ᠴᠠᠭᠳᠠᠭ᠎ᠠ ᠯᠢ ᠶᠦᠨ ᠹᠸᠡᠭ ᠬᠠᠪᠰᠤᠷᠤᠭᠴᠢ ᠴᠠᠭᠳᠠᠭ᠎ᠠ ᠲᠢᠶᠠᠨ ᠯᠢ ᠵᠢᠶᠧ ᠬᠠᠮᠳᠤᠪᠠᠷ ᠲᠠᠷᠤᠢ ᠲᠦᠷᠭᠡᠨ ᠬᠦᠷᠵᠡ ᠴᠠᠷᠢᠯ᠂ ᠲᠡᠭᠡᠰᠦ ᠪᠡᠯᠡᠳᠬᠡᠵᠦ ᠲᠡᠷᠭᠡ ᠬᠠᠰᠢᠭᠳᠠᠭᠰᠠᠨ ᠭᠠᠵᠠᠷ ᠲᠤ ᠬᠦᠷᠴᠦ ᠢᠷᠡᠯ᠎ᠡ᠃ ᠲᠤᠰᠠᠯᠠᠮᠵᠢ ᠦᠵᠡᠭᠦᠯᠬᠦ ᠪᠠᠷ ᠢᠷᠡᠭᠰᠡᠨ ᠬᠤᠶᠠᠷ ᠴᠠᠭᠳᠠᠭ᠎ᠠ ᠶᠢ ᠬᠦᠷᠬᠦ ᠳᠤ ᠲᠡᠷᠭᠡᠨ ᠵᠢᠯᠤᠭᠤᠴᠢ ᠨᠢ ᠡᠭᠦᠳᠡ ᠪᠠᠨ ᠨᠡᠭᠡᠭᠡᠵᠦ ᠭᠠᠷᠴᠤ ᠲᠡᠶᠢᠯᠬᠦ ᠦᠭᠡᠢ ᠲᠡᠷᠭᠡᠨ ᠲᠤᠳᠤᠷ᠎ᠠ ᠪᠠᠨ ᠬᠠᠰᠢᠭᠳᠠᠭᠰᠠᠨ ᠪᠠᠶᠢᠯ᠎ᠠ᠃ ᠬᠤᠶᠠᠷ ᠴᠠᠭᠳᠠᠭ᠎ᠠ ᠨᠢᠭᠡ ᠲᠠᠯ᠎ᠠ ᠪᠠᠷ ᠲᠡᠷᠭᠡᠨ ᠡᠭᠦᠳᠡᠨ ᠤ ᠬᠠᠪᠢ ᠶᠢᠨ ᠴᠠᠰᠤ  ᠶᠢ ᠠᠷᠢᠯᠭᠠᠵᠤ᠂ ᠨᠦᠭᠦᠭᠡ ᠲᠠᠯ᠎ᠠ ᠪᠠᠷ ᠬᠤᠨᠭ᠍ᠭᠤ ᠤᠢ ᠰᠢᠭᠤᠢ ᠶᠢᠨ ᠲᠠᠯᠠᠪᠠᠢ ᠲᠠᠢ ᠬᠠᠷᠢᠯᠴᠠᠵᠤ ᠶᠡᠭᠡ ᠬᠦᠴᠦᠨ ᠤ ᠲᠷᠠᠺᠲ᠋ᠣᠷ ᠲᠠᠭᠤᠳᠠᠭᠤᠯᠵᠤ ᠲᠡᠷᠭᠡ ᠶᠢ ᠨᠢ ᠲᠠᠳᠠᠵᠤ ᠦᠭᠭᠦ ᠶᠢ ᠭᠤᠶᠤᠴᠢᠯᠠᠪᠠ᠃ ᠬᠤᠶᠠᠷ ᠴᠠᠭᠳᠠᠭ᠎ᠠ ᠬᠤᠶᠠᠷ ᠴᠠᠭ ᠬᠢᠷᠢᠳᠠᠢ ᠠᠵᠢᠯᠯᠠᠵᠤ ᠲᠡᠷᠭᠡᠨ ᠬᠠᠪᠢ ᠶᠢᠨ ᠴᠠᠰᠤ ᠶᠢ ᠦᠨᠳᠦᠰᠦᠨ ᠳᠤ ᠪᠠᠨ ᠠᠷᠢᠯᠭᠠᠭᠰᠠᠨ ᠴᠤ ᠬᠡᠳᠦᠨ ᠬᠡᠰᠡᠭ ᠲᠤᠮᠤ ᠴᠢᠯᠠᠭᠤ ᠨᠢ ᠲᠡᠷᠭᠡ ᠬᠦᠳᠡᠯᠬᠦ ᠶᠢ ᠬᠠᠷᠰᠢᠯᠠᠵᠤ ᠪᠠᠶᠢᠯ᠎ᠠ᠃
  mmexport1672192851482.jpg
      ᠬᠦᠢᠳᠡᠨ ᠤ ᠡᠷᠴᠢ ᠤᠯᠠᠮ ᠴᠢᠩᠭᠠᠷᠠᠵᠤ ᠬᠡᠳᠦᠬᠡᠨ ᠮᠢᠨᠦ᠋ᠲ ᠴᠠᠰᠤ ᠮᠠᠯᠳᠠᠬᠤ ᠳᠤ ᠴᠢᠷᠠᠢ ᠨᠢᠭᠤᠷ ᠪᠠ ᠭᠠᠷ ᠨᠢ ᠵᠢᠮᠵᠢᠭᠢᠨᠡᠵᠦ᠂ ᠦᠨᠡᠬᠡᠷ ᠠᠷᠭ᠎ᠠ ᠪᠠᠷᠠᠭᠳᠠᠭᠤᠯᠤᠨ᠎ᠠ᠃ ᠭᠡᠪᠡᠴᠦ ᠵᠢᠯᠤᠭᠤᠴᠢ ᠶᠢ ᠠᠪᠤᠷᠠᠵᠦ ᠭᠠᠷᠭᠠᠬᠤ ᠨᠢ ᠲᠡᠷᠢᠭᠦᠨ ᠴᠢᠬᠤᠯᠠ ᠲᠤᠯᠠ ᠬᠤᠶᠠᠷ ᠴᠠᠭᠳᠠᠭ᠎ᠠ ᠬᠦᠢᠳᠡᠨ ᠴᠠᠰᠤ ᠪᠠᠷ ᠨᠢᠭᠤᠷ ᠭᠠᠷ ᠢᠶᠠᠨ ᠨᠤᠬᠤᠯᠠᠵᠤ ᠲᠠᠬᠢᠨ ᠲᠠᠬᠢᠨ ᠠᠮᠢᠰᠬᠤᠵᠤ ᠪᠠᠶᠢᠭᠠᠳ ᠮᠠᠯᠳᠠᠨ᠎ᠠ᠃ ᠲᠡᠷᠭᠡᠨ ᠵᠢᠯᠤᠭᠤᠴᠢ ᠪᠠ᠊ ᠭᠤᠸᠠᠢ ᠠᠮᠤᠷ ᠮᠡᠨᠳᠤ ᠪᠠᠷ ᠠᠪᠤᠷᠠᠭᠳᠠᠨ ᠭᠠᠷᠴᠦ ᠰᠡᠳᠬᠢᠯ ᠬᠦᠳᠡᠯᠦᠨ︽ᠠᠷᠠᠳ ᠤᠨ ᠴᠠᠭᠳᠠᠭ᠎ᠠ ᠨᠠᠷ ᠪᠠᠶᠢᠭᠰᠠᠨ ᠠᠴᠠ ᠠᠮᠤᠷ ᠮᠡᠨᠳᠦᠬᠡᠨ ᠭᠠᠷᠴᠦ ᠢᠷᠡᠯ᠎ᠡ᠂ ᠲᠠᠨᠠᠷ ᠦᠭᠡᠢ ᠪᠤᠯ ᠪᠢ ᠴᠤᠬᠤᠮ ᠶᠠᠮᠠᠷ ᠬᠡᠮᠵᠢᠶᠡᠨ ᠳᠤ ᠬᠦᠷᠬᠦ ᠪᠠᠨ ᠮᠡᠳᠡᠬᠦ ᠦᠭᠡᠢ ᠰᠢᠦ᠂ ᠲᠡᠷᠡ ᠴᠠᠰᠤ ᠰᠢᠭᠤᠷᠭᠠᠨ ᠲᠤᠮᠳᠠ ᠴᠠᠰᠤ ᠮᠠᠯᠳᠠᠵᠤ ᠪᠠᠶᠢᠬᠤ ᠶᠢ ᠴᠢᠨᠢ ᠬᠠᠷᠠᠭᠠᠳ ᠮᠢᠨᠤ ᠵᠢᠷᠦᠬᠡ ᠰᠡᠳᠬᠢᠯ ᠴᠤ ᠰᠢᠮᠰᠢᠷᠡᠨ ᠡᠪᠡᠳᠴᠦ ᠪᠠᠶᠢᠯ᠎ᠠ᠂ ᠲᠠᠨᠠᠷ ᠪᠤᠯ ᠮᠢᠨᠤ ᠠᠮᠢ ᠶᠢ ᠠᠪᠤᠷᠠᠭᠰᠠᠨ ᠠᠴᠢᠳᠡᠨ︾ ᠬᠡᠮᠡᠨ ᠴᠠᠭᠳᠠᠭ᠎ᠠ ᠶᠢᠨ ᠭᠠᠷ ᠢ ᠴᠢᠩᠭ᠎ᠠ ᠠᠴᠠ ᠴᠢᠩᠭ᠎ᠠ ᠠᠳᠬᠤᠨ᠎ᠠ᠃
 mmexport1672192865782.jpg 
      ᠬᠤᠨᠭ᠍ᠭᠤ ᠶᠢᠨ ᠲᠠᠪᠠᠭ᠎ᠠ ᠪᠤᠯ ᠬᠢᠨᠭ᠍ᠭᠠᠨ ᠲᠠᠪᠠᠭ᠎ᠠ ᠶᠢᠨ ᠬᠠᠮᠤᠭ ᠦᠨᠳᠦᠷ ᠤᠷᠬᠢᠯ ᠬᠡᠰᠡᠭ ᠪᠤᠯᠬᠤ ᠪᠦᠭᠡᠳ ᠡᠪᠦᠯ ᠵᠤᠨ ᠤ ᠦᠵᠡᠮᠵᠢ ᠬᠤᠪᠢ ᠶᠢᠨ ᠭᠠᠳᠠᠨ᠎ᠠ ᠭᠤᠶᠤᠮᠰᠤᠭ ᠪᠠᠶᠢᠳᠠᠭ ᠠᠴᠠ ᠠᠳᠡ ᠵᠤᠭᠠᠴᠠᠨ ᠲᠤᠭᠤᠷᠢᠬᠤ ᠬᠦᠮᠦᠰ ᠲᠠᠰᠤᠷᠠᠬᠤ ᠦᠭᠡᠢ ᠪᠠᠶᠢᠳᠠᠭ᠃ ᠠᠭᠤᠯᠠ ᠨᠢᠷᠤᠭᠤᠳ ᠦᠨᠳᠦᠷ ᠤᠴᠢᠷ ᠭᠠᠷ ᠤᠳᠠᠰᠤᠨ ᠲᠤᠬᠢᠶ᠎ᠠ ᠲᠤᠶᠢᠯ ᠤᠨ ᠪᠠᠷᠤᠭᠳᠠᠢ ᠪᠠᠶᠢᠵᠦ ᠶᠠᠮᠠᠷ ᠨᠢᠭᠡᠨ ᠠᠳᠡᠯ ᠭᠠᠷᠪᠠᠯ ᠲᠠᠷᠤᠢ ᠲᠦᠷᠭᠡᠨ ᠬᠠᠷᠢᠯᠴᠠᠬᠤ ᠳᠤ ᠲᠦᠪᠡᠭᠳᠡᠢ ᠪᠤᠯᠳᠠᠭ᠂ ᠡᠨᠡ ᠬᠦ ᠪᠠᠶᠢᠳᠠᠯ ᠳᠤ ᠴᠢᠭᠯᠡᠭᠦᠯᠦᠨ ᠬᠡᠰᠢᠭᠳᠡᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠬᠤᠨᠭ᠍ᠭᠤ ᠶᠢᠨ ᠲᠠᠪᠠᠭ᠎ᠠ ᠶᠢᠨ ᠲᠤᠮᠢᠯᠠᠭᠰᠠᠨ ᠰᠠᠯᠪᠤᠷᠢ ᠨᠢ ᠡᠳᠦᠷ ᠪᠦᠷᠢ ᠠᠭᠤᠯᠠᠨ ᠵᠠᠮ ᠢᠶᠠᠷ ᠴᠠᠭᠳᠠᠨ ᠲᠤᠭᠤᠷᠢᠵᠦ ᠦᠷᠭᠦᠯᠵᠢ ᠠᠷᠠᠳ ᠲᠦᠮᠡᠨ ᠳᠤ ᠲᠦᠭᠦᠮ ᠦᠵᠡᠭᠦᠯᠦᠭᠰᠡᠭᠡᠷ ᠢᠷᠡᠪᠡ᠃            ᠮᠡᠳᠡᠭᠡᠯᠡᠭᠴᠢ᠄ ᠬᠡᠰᠢᠭᠳᠡᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠨᠠᠰᠤᠨᠵᠠᠶᠠᠭ᠎ᠠ 
ᠢᠷᠡᠯᠲᠡ᠄ ᠤᠯᠠᠭᠠᠨᠬᠠᠳᠠ ᠬᠤᠲᠠ ᠶᠢᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ