ᠰᠠᠯᠬᠢ ᠰᠢᠭᠤᠷᠭᠠᠨ ᠠᠴᠠ ᠠᠶᠤᠬᠤ ᠦᠭᠡᠢ ᠪᠠᠷ ᠠᠵᠢᠯ ᠤᠨ ᠪᠠᠶᠢᠷᠢ ᠪᠠᠨ ᠪᠠᠲᠤ ᠰᠠᠬᠢᠪᠠ
ᠨᠡᠶᠢᠲᠡᠯᠡᠭᠰᠡᠨ ᠴᠠᠭ᠄
2023/3/23
      3 ᠰᠠᠷ᠎ᠠ ᠶᠢᠨ 22 ᠤᠨ ᠡᠳᠦᠷ᠂ ᠲᠦᠩᠯᠢᠶᠣᠤ ᠬᠤᠳᠠ ᠶᠢᠨ ᠺᠠᠶᠢᠯᠦ ᠰᠢᠶᠠᠨ ᠤ ᠠᠭᠤᠷ ᠠᠮᠢᠰᠬᠤᠯ ᠭᠡᠨᠡᠳᠲᠡ ᠬᠤᠪᠢᠷᠠᠵᠤ᠂ ᠡᠯᠡᠰᠦᠨ ᠰᠢᠭᠤᠷᠭ᠎ᠠ ᠪᠣᠰᠴᠤ᠂ ᠬᠠᠷᠠᠭᠳᠠᠴᠠ ᠶᠢᠨ ᠬᠡᠮᠵᠢᠶ᠎ᠡ ᠳᠣᠣᠷ᠎ᠠ᠂ ᠠᠷᠠᠳ ᠤᠯᠠᠨ ᠤ ᠶᠠᠪᠤᠵᠤ ᠰᠠᠭᠤᠬᠤ ᠪᠠ ᠦᠢᠯᠡᠳᠪᠦᠷᠢᠯᠡᠯ ᠠᠮᠢᠳᠤᠷᠠᠯ ᠨᠥᠯᠥᠭᠡᠯᠡᠭᠳᠡᠪᠡ᠃ ᠰᠠᠯᠬᠢ ᠰᠢᠭᠤᠷᠭ᠎ᠠ ᠶᠢ ᠪᠦᠬᠦ ᠬᠦᠴᠦᠨ ᠢᠶᠠᠷ ᠢᠶᠠᠨ ᠡᠰᠡᠷᠭᠦᠴᠡᠵᠦ᠂ ᠠᠷᠠᠳ ᠤᠯᠠᠨ ᠤ ᠠᠮᠢ ᠨᠠᠰᠤ ᠡᠳ᠋ ᠬᠦᠷᠦᠩᠬᠡ ᠶᠢᠨ ᠠᠮᠤᠷ ᠲᠦᠪᠰᠢᠨ ᠢ ᠪᠠᠲᠤᠯᠠᠬᠤ ᠶᠢᠨ ᠲᠥᠯᠥᠭᠡ᠂ ᠪᠠᠭ᠎ᠠ ᠭᠤᠳᠤᠮᠵᠢᠲᠤ ᠳᠡᠯᠭᠡᠭᠦᠷ ᠳᠠᠬᠢ ᠲᠣᠮᠢᠯᠠᠭᠰᠠᠨ ᠰᠠᠯᠪᠤᠷᠢ ᠰᠠᠯᠬᠢ ᠡᠯᠡᠰᠦ ᠪᠠᠷ ᠵᠠᠷᠯᠢᠭ ᠪᠣᠯᠭᠠᠵᠤ᠂ ᠰᠡᠷᠭᠡᠶᠢᠯᠡᠬᠦ ᠲᠥᠰᠦᠯ ᠢ ᠦᠳᠲᠡᠷ ᠲᠦᠷᠭᠡᠨ ᠲᠣᠭᠲᠠᠭᠠᠵᠤ᠂ ᠬᠠᠯᠠᠭᠤᠮᠰᠤᠭ ᠢᠶᠠᠷ ᠦᠢᠯᠡᠴᠢᠯᠡᠬᠦ᠂ ᠵᠣᠷᠢᠭᠲᠠᠢ ᠪᠠᠷ ᠡᠭᠦᠷᠭᠡᠯᠡᠬᠦ ᠬᠠᠷᠢᠭᠤᠴᠠᠯᠭᠠᠲᠤ ᠤᠬᠠᠮᠰᠠᠷ ᠢᠶᠠᠷ ᠰᠠᠯᠬᠢ ᠰᠢᠭᠤᠷᠭ᠎ᠠ ᠲᠠᠢ ᠲᠡᠮᠡᠴᠡᠵᠦ᠂ ᠪᠠᠭ᠎ᠠ ᠭᠤᠳᠤᠮᠵᠢᠲᠤ ᠳᠡᠯᠭᠡᠭᠦᠷ ᠪᠠᠯᠭᠠᠰᠤ ᠶᠢᠨ ᠠᠮᠤᠷ ᠲᠦᠪᠰᠢᠨ ᠲᠣᠭᠲᠠᠭᠤᠨ ᠢ ᠡᠷᠡᠰ ᠰᠠᠬᠢᠨ ᠬᠠᠮᠠᠭᠠᠯᠠᠪᠠ᠃      ᠰᠠᠯᠬᠢ ᠰᠢᠭᠤᠷᠭᠠᠨ ᠦᠷᠭᠦᠯᠵᠢᠯᠡᠭᠰᠡᠭᠡᠷ᠂ ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠠᠵᠢᠯ ᠤᠨ ᠪᠠᠶᠢᠷᠢ ᠪᠠᠨ ᠪᠠᠲᠤ ᠰᠠᠬᠢᠵᠤ᠂ ᠡᠯᠡᠰᠦ ᠲᠣᠭᠤᠰᠣᠨ ᠤ ᠠᠭᠤᠷ ᠠᠮᠢᠰᠬᠤᠯ ᠢ ᠪᠥᠬᠦ ᠬᠦᠴᠦᠨ ᠢᠶᠠᠷ ᠢᠶᠠᠨ ᠠᠷᠭᠠᠴᠠᠵᠤ᠂ ᠬᠠᠷᠢᠶᠠᠲᠤ ᠣᠷᠣᠨ ᠤ ᠳᠤᠮᠳᠠᠳᠤ ᠪᠠᠭ᠎ᠠ ᠰᠤᠷᠭᠠᠭᠤᠯᠢ ᠶᠢᠨ ᠰᠤᠷᠭᠠᠭᠤᠯᠢ ᠲᠠᠷᠬᠠᠬᠤ ᠠᠴᠠ ᠡᠮᠦᠨ᠎ᠡ ᠣᠯᠠᠨ ᠲᠦᠮᠡᠨ ᠢ ᠠᠮᠤᠷᠵᠢᠭᠤᠯᠬᠤ ᠪᠠᠶᠢᠷᠢᠯᠠᠭᠤᠯᠤᠯᠲᠠ ᠶᠢ ᠰᠠᠶᠢᠲᠤᠷ ᠬᠢᠵᠦ᠂ ᠣᠨᠴᠠᠭᠠᠶ ᠪᠠᠶᠢᠳᠠᠯ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠠᠷᠭ᠎ᠠ ᠬᠡᠮᠵᠢᠶ᠎ᠡ ᠶᠢ ᠴᠢᠩᠭᠠᠳᠬᠠᠨ᠂ ᠰᠣᠷᠣᠭᠴᠢ ᠶᠢ ᠲᠤᠰᠴᠤ ᠬᠦᠷᠭᠡᠬᠦ ᠲᠡᠷᠭᠡ ᠬᠥᠰᠬᠡ ᠶᠢ ᠢᠳᠡᠪᠬᠢᠲᠡᠶ ᠪᠠᠷ ᠬᠥᠲᠥᠯᠥᠨ ᠵᠢᠯᠣᠭᠤᠳᠴᠤ᠂ ᠰᠣᠷᠣᠭᠴᠢ ᠶᠢ ᠬᠠᠮᠠᠭᠠᠯᠠᠨ ᠵᠠᠮ ᠤᠨ ᠠᠭᠤᠯᠵᠠᠷ ᠢᠶᠠᠷ ᠠᠮᠤᠷ ᠲᠦᠪᠰᠢᠨ ᠢᠶᠠᠷ ᠥᠩᠭᠡᠷᠡᠭᠦᠯᠵᠦ᠂ ᠲᠤᠰᠴᠤ ᠬᠦᠷᠭᠡᠬᠦ ᠬᠥᠮᠦᠨ ᠥᠬᠡᠶ ᠰᠣᠷᠣᠭᠴᠢ ᠶᠢ ᠬᠠᠪᠰᠤᠷᠤᠨ ᠬᠢᠨᠠᠨ ᠬᠠᠮᠠᠭᠠᠯᠠᠭᠴᠢ ᠲᠠᠢ ᠨᠢ ᠬᠠᠷᠢᠯᠴᠠᠵᠤ᠂ ᠬᠥᠮᠦᠨ ᠤ ᠤᠷᠤᠰᠬᠠᠯ ᠢ ᠬᠢᠨᠠᠮᠠᠭᠠᠶ ᠬᠥᠲᠥᠯᠥᠨ ᠵᠢᠯᠣᠭᠤᠳᠴᠤ᠂ ᠭᠢᠰᠬᠢᠯᠳᠦᠬᠦ ᠵᠡᠷᠭᠡ ᠬᠦᠨᠳᠦ ᠨᠣᠴᠢᠲᠠᠶ ᠬᠡᠷᠡᠭ ᠡᠭᠦᠰᠬᠦ ᠶᠢ ᠰᠡᠷᠭᠡᠶᠢᠯᠡᠪᠡ᠃ ᠡᠭᠦᠨ ᠠᠴᠠ ᠭᠠᠳᠠᠨ᠎ᠠ᠂ ᠪᠠᠭ᠎ᠠ ᠭᠤᠳᠤᠮᠵᠢᠲᠤ ᠳᠡᠯᠭᠡᠭᠦᠷ ᠳᠠᠬᠢ ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠵᠠᠮ ᠤᠨ ᠭᠠᠳᠠᠷᠭᠤ ᠳᠤ ᠠᠮᠤᠷ ᠲᠦᠪᠰᠢᠨ ᠤ ᠬᠡᠮ ᠰᠣᠭᠤᠭ ᠢ ᠵᠢᠭᠰᠠᠭᠠᠨ ᠪᠠᠶᠢᠴᠠᠭᠠᠵᠤ᠂ ᠵᠠᠮ ᠬᠠᠷᠢᠯᠴᠠᠭ᠎ᠠ ᠶᠢ ᠨᠡᠪᠲᠡᠷᠡᠭᠦᠯᠦᠨ ᠵᠢᠯᠣᠭᠤᠳᠴᠤ᠂ ᠡᠭᠦᠷᠭᠡ ᠭᠦᠢᠴᠡᠳᠬᠡᠬᠦ ᠭᠤᠣᠯᠳᠠᠯᠭ᠎ᠠ ᠶᠢ ᠲᠣᠳᠣᠷᠬᠠᠶᠢᠯᠠᠵᠤ᠂ ᠬᠠᠷᠢᠶᠠᠲᠤ ᠣᠷᠣᠨ ᠤ ᠵᠡᠭᠡᠯᠢ ᠭᠤᠳᠤᠮᠵᠢ ᠶᠢᠨ ᠭᠤᠤᠯ ᠱᠤᠭᠤᠮ ᠢᠶᠠᠷ ᠭᠤᠤᠯ ᠵᠢᠭᠰᠠᠭᠠᠯ ᠤᠨ ᠭᠠᠵᠠᠷ ᠪᠣᠯᠭᠠᠵᠤ᠂ ᠪᠤᠰᠤᠳ ᠵᠠᠮ ᠤᠨ ᠬᠡᠰᠡᠭ ᠲᠤ ᠪᠦᠰᠡᠯᠡᠬᠦ ᠮᠠᠶ᠋ᠢᠭ ᠤᠨ ᠵᠢᠯᠣᠭᠤᠳᠣᠯᠭ᠎ᠠ ᠶᠠᠪᠤᠭᠤᠯᠬᠤ ᠶᠢᠨ ᠬᠠᠮᠲᠤ ᠮᠠᠰᠢᠨᠲᠤ ᠲᠡᠷᠭᠡ ᠵᠢᠯᠤᠭᠤᠳᠬᠤ ᠳᠤ᠂ ᠣᠨᠴᠠᠭᠠᠶ ᠴᠠᠭ ᠠᠭᠤᠷ ᠤᠨ ᠪᠠᠶᠢᠳᠠᠯ ᠳᠣᠤᠷ᠎ᠠ ᠥᠩᠭᠡᠲᠦ ᠰᠢᠯ ᠵᠡᠭᠦᠵᠦ ᠲᠡᠷᠭᠡ ᠵᠢᠯᠣᠭᠤᠳᠴᠤ ᠪᠣᠯᠬᠤ ᠥᠬᠡᠶ᠂ ᠲᠡᠷᠭᠡ ᠣᠯᠠᠨ ᠲᠣᠬᠢᠶᠠᠯᠳᠤᠬᠤ ᠪᠠ ᠡᠮᠦᠨ᠎ᠡ ᠲᠠᠯ᠎ᠠ ᠳᠤ ᠨᠢ ᠶᠠᠪᠠᠭᠠᠨ ᠬᠥᠮᠦᠨ ᠪᠠᠶᠢᠵᠤ᠂ ᠬᠠᠷᠠᠭᠳᠠᠴᠠ ᠳᠣᠣᠷ᠎ᠠ ᠦᠶᠡᠰ ᠵᠠᠪᠠᠯ ᠬᠤᠷᠳᠤᠴᠠ ᠪᠠᠨ ᠪᠠᠭᠠᠰᠬᠠᠵᠤ ᠤᠳᠠᠭᠠᠨ ᠶᠠᠪᠤᠵᠤ᠂ ᠠᠮᠤᠷ ᠲᠦᠪᠰᠢᠨ ᠲᠡᠷᠭᠡᠨ ᠤ ᠵᠠᠶ ᠶᠢ ᠪᠠᠲᠤᠯᠠᠨ᠂ ᠬᠡᠷᠡᠭ ᠶᠠᠪᠤᠳᠠᠯ ᠡᠭᠦᠰᠬᠦ ᠶᠢ ᠪᠠᠭᠠᠰᠬᠠᠵᠤ᠂ ᠡᠯᠡᠰᠦ ᠰᠢᠭᠤᠷᠭᠠᠲᠤ ᠴᠠᠭ ᠠᠭᠤᠷ ᠤᠨ ᠵᠠᠮ ᠬᠠᠷᠢᠯᠴᠠᠭᠠᠨ ᠤ ᠠᠮᠤᠷ ᠲᠦᠪᠰᠢᠨ ᠢ ᠪᠠᠲᠤᠯᠠᠬᠤ ᠬᠡᠷᠡᠭᠲᠡᠶ ᠭᠡᠵᠦ ᠲᠠᠰᠤᠷᠠᠯᠲᠠ ᠥᠬᠡᠶ ᠰᠠᠨᠠᠭᠤᠯᠪᠠ᠃      ᠰᠠᠯᠬᠢ ᠰᠢᠭᠤᠷᠭ᠎ᠠ ᠲᠠᠢ ᠴᠠᠭ ᠠᠭᠤᠷ ᠤᠨ ᠳᠣᠣᠷ᠎ᠠ᠂ ᠬᠠᠷᠠᠭ᠎ᠠ ᠪᠠᠯᠠᠷᠬᠠᠶᠢᠰᠢᠵᠤ᠂ ᠠᠮᠢᠰᠬᠤᠯ ᠴᠢᠬᠤᠯᠳᠠᠵᠤ ᠪᠠᠶᠢᠭᠰᠠᠨ ᠪᠣᠯᠪᠠᠴᠤ ᠠᠵᠢᠯ ᠤᠨ ᠪᠠᠶᠢᠷᠢ ᠳᠤ ᠪᠠᠨ ᠪᠠᠲᠤ ᠰᠠᠬᠢᠪᠠᠯ ᠬᠠᠷᠢᠶᠠᠨ ᠤ ᠣᠷᠣᠨ ᠤ ᠤᠯᠠᠨ ᠲᠦᠮᠡᠨ ᠤ ᠠᠮᠤᠷ ᠲᠦᠪᠰᠢᠨ ᠢ ᠬᠠᠮᠤᠭ ᠤᠨ ᠶᠡᠭᠡ ᠬᠡᠮᠵᠢᠶ᠎ᠡ ᠪᠠᠷ ᠪᠠᠳᠤᠯᠠᠪᠠ᠃ ᠵᠠᠮ ᠤᠨ ᠴᠠᠭᠳᠠᠭ᠎ᠠ ᠨᠠᠷ ᠠᠮᠤᠷ ᠲᠦᠪᠰᠢᠨ ᠤ ᠬᠠᠮᠠᠭᠠᠯᠠᠯᠲᠠ ᠶᠢᠨ ᠬᠡᠷᠡᠮ ᠢ ᠪᠠᠲᠤ ᠴᠤᠭᠴᠠᠯᠠᠵᠤ᠂ ᠰᠠᠯᠬᠢ ᠰᠢᠭᠤᠷᠭᠠᠨ ᠤ ᠳᠤᠮᠳᠠ ᠬᠡᠷᠡᠯᠳᠤ ᠴᠠᠮᠬᠠᠭ ᠪᠣᠯᠵᠤ᠂ ᠠᠮᠤᠷ ᠲᠦᠪᠰᠢᠨ ᠵᠠᠮ ᠢ ᠭᠡᠷᠡᠯᠲᠦᠭᠦᠯᠪᠡ᠃ 
ᠢᠷᠡᠯᠲᠡ᠄ ᠲᠦᠩᠯᠢᠶᠣᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ