ᠭᠤᠸᠠᠩᠳᠦ᠋ᠩ ᠰᠢᠶᠠᠩᠭᠠᠩ ᠣᠣᠮᠧᠨ ᠤ ᠶᠡᠭᠡ ᠪᠤᠯᠤᠩ ᠤᠨ ᠣᠷᠣᠨ ᠳᠤ ᠲᠣᠳᠤᠷ᠎ᠠ ᠭᠠᠵᠠᠷ ᠤᠨ ᠬᠤᠲᠠ ᠠᠴᠠ ᠰᠢᠶᠠᠩᠭᠠᠩ ᠣᠣᠮᠧᠨ ᠳᠤ ᠣᠴᠢᠵᠤ ᠢᠷᠡᠬᠦ ᠴᠢᠳᠠᠪᠤᠷᠢᠲᠠᠨ ᠤ ᠴᠤᠬᠤᠯᠠᠪᠤᠷᠢᠯᠠᠬᠤ ᠲᠥᠷᠥ ᠶᠢᠨ ᠪᠣᠳᠣᠯᠭ᠎ᠠ ᠶᠢ ᠲᠤᠷᠰᠢᠨ ᠬᠡᠷᠡᠭᠵᠢᠭᠦᠯᠬᠦ ᠲᠤᠬᠠᠶ ᠠᠯᠪᠠᠨ ᠵᠠᠷ
ᠨᠡᠶᠢᠲᠡᠯᠡᠭᠰᠡᠨ ᠴᠠᠭ᠄
2023/3/7
       ᠭᠤᠸᠠᠩᠳᠦ᠋ᠩ ᠰᠢᠶᠠᠩᠭᠠᠩ ᠣᠣᠮᠧᠨ ᠤ ᠶᠡᠭᠡ ᠪᠤᠯᠤᠩ ᠤᠨ ᠣᠷᠣᠨ ᠤ ᠴᠢᠳᠠᠪᠤᠷᠢᠲᠠᠨ ᠤ ᠡᠷᠳᠡᠮ ᠰᠢᠨᠵᠢᠯᠡᠭᠡᠨ ᠤ ᠰᠣᠯᠢᠯᠴᠠᠭᠠᠨ ᠤ ᠠᠵᠢᠯᠯᠠᠭ᠎ᠠ ᠬᠢᠬᠦ ᠳᠤ ᠲᠥᠬᠦᠮ ᠦᠵᠡᠭᠦᠯᠬᠦ᠂ ᠭᠤᠸᠠᠩᠳᠦ᠋ᠩ ᠰᠢᠶᠠᠩᠭᠠᠩ ᠣᠣᠮᠧᠨ ᠤ ᠶᠡᠭᠡ ᠪᠤᠯᠤᠩ ᠤᠨ ᠣᠷᠣᠨ ᠤ ᠪᠥᠲᠥᠭᠡᠨ ᠪᠠᠶᠢᠭᠤᠯᠤᠯᠲᠠ ᠬᠥᠭᠵᠢᠯᠲᠡ ᠳᠤ ᠦᠢᠯᠡᠴᠢᠯᠡᠬᠦ ᠶᠢ ᠠᠬᠢᠭᠤᠯᠬᠤ ᠶᠢᠨ ᠲᠥᠯᠥᠭᠡ᠂ 2023 ᠣᠨ ᠤ 2 ᠳ᠋ᠤᠭᠠᠷ ᠰᠠᠷ᠎ᠠ ᠶᠢᠨ 20 ᠤ ᠡᠳᠦᠷ ᠠᠴᠠ ᠡᠬᠢᠯᠡᠨ ᠭᠤᠸᠠᠩᠳᠦ᠋ᠩ ᠰᠢᠶᠠᠩᠭᠠᠩ ᠣᠣᠮᠧᠨ ᠤ ᠶᠡᠭᠡ ᠪᠤᠯᠤᠩ ᠤᠨ ᠣᠷᠣᠨ ᠳᠤ ᠲᠣᠳᠤᠷ᠎ᠠ ᠭᠠᠵᠠᠷ ᠤᠨ ᠬᠤᠲᠠ ᠠᠴᠠ ᠰᠢᠶᠠᠩᠭᠠᠩ ᠣᠣᠮᠧᠨ ᠳᠤ ᠢᠷᠡᠵᠦ ᠶᠠᠪᠤᠬᠤ ᠴᠢᠳᠠᠪᠤᠷᠢᠲᠠᠨ ᠤ ᠴᠤᠬᠤᠯᠠᠪᠤᠷᠢᠯᠠᠬᠤ ᠲᠥᠷᠥ ᠶᠢᠨ ᠪᠣᠳᠣᠯᠭ᠎ᠠ ᠶᠢ ᠲᠤᠷᠰᠢᠨ ᠬᠡᠷᠡᠭᠵᠢᠭᠦᠯᠬᠦ ᠪᠠᠷ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠯᠢ ᠪᠠᠷ ᠣᠷᠣᠵᠤ ᠭᠠᠷᠬᠤ ᠬᠠᠮᠢᠶᠠᠷᠤᠯᠲᠠ ᠶᠢᠨ ᠲᠣᠪᠴᠢᠶ᠎ᠠ ᠠᠴᠠ ᠲᠣᠭᠲᠠᠭᠠᠪᠠ᠃ ᠤᠳᠤ ᠳᠣᠣᠷᠠᠬᠢ ᠮᠡᠲᠦ ᠵᠠᠷᠯᠠᠶ᠎ᠠ᠄     ᠨᠢᠭᠡ᠂ ᠭᠤᠸᠠᠩᠳᠦ᠋ᠩ ᠰᠢᠶᠠᠩᠭᠠᠩ ᠣᠣᠮᠧᠨ ᠤ ᠶᠡᠭᠡ ᠪᠤᠯᠤᠩ ᠤᠨ ᠣᠷᠤᠨ ᠳᠤ ᠠᠵᠢᠯᠯᠠᠵᠤ ᠪᠠᠶᠢᠭ᠎ᠠ ᠳᠣᠲᠣᠷ ᠭᠠᠵᠠᠷ ᠤᠨ 6 ᠲᠥᠷᠥᠯ ᠤᠨ ᠴᠢᠳᠠᠪᠤᠷᠢᠲᠠᠨ ᠰᠢᠶᠠᠩᠭᠠᠩ ᠣᠣᠮᠧᠨ ᠳᠤ ᠢᠷᠡᠵᠦ ᠶᠠᠪᠤᠬᠤ ᠴᠢᠳᠠᠪᠤᠷᠢᠲᠠᠨ ᠤ ᠴᠣᠬᠤᠯᠠᠪᠤᠷᠢ ᠶᠢ ᠭᠤᠶᠤᠴᠢᠯᠠᠵᠤ ᠪᠣᠯᠤᠨ᠎ᠠ᠂ 6 ᠲᠥᠷᠥᠯ ᠤᠨ ᠴᠢᠳᠠᠪᠤᠷᠢᠲᠠᠨ ᠳᠤ᠄ ᠭᠠᠷᠮᠠᠭᠠᠶ ᠴᠢᠳᠠᠪᠤᠷᠢᠲᠠᠨ᠂ ᠲᠤᠬᠠᠶᠢᠯᠠᠪᠠᠯ ᠪᠤᠯᠤᠩ ᠤᠨ ᠣᠷᠤᠨ ᠤ ᠪᠥᠲᠥᠭᠡᠨ ᠪᠠᠶᠢᠭᠤᠯᠤᠯᠲᠠ ᠬᠥᠭᠵᠢᠯᠲᠡ ᠳᠤ ᠴᠢᠬᠤᠯᠠ ᠶᠡᠭᠡ ᠲᠣᠪᠤᠶᠢᠮ᠎ᠠ ᠬᠤᠪᠢ ᠨᠡᠮᠡᠷᠢ ᠦᠵᠡᠭᠦᠯᠦᠭᠰᠡᠨ ᠪᠤᠶᠤ ᠪᠤᠯᠤᠩ ᠤᠨ ᠣᠷᠤᠨ ᠳᠤ ᠪᠠᠴᠢᠮ ᠬᠡᠷᠡᠭᠴᠡᠭᠡ ᠲᠠᠢ ᠣᠷᠦ᠋ᠢᠯᠠᠵᠤ ᠪᠠᠶᠢᠭ᠎ᠠ ᠴᠢᠳᠠᠪᠤᠷᠢᠲᠠᠨ︔ ᠰᠢᠨᠵᠢᠯᠡᠬᠦ ᠤᠬᠠᠭᠠᠨ ᠤ ᠰᠤᠳᠤᠯᠭᠠᠨ ᠤ ᠴᠢᠳᠠᠪᠤᠷᠢᠲᠠᠨ᠂ ᠲᠤᠬᠠᠶᠢᠯᠠᠪᠠᠯ ᠪᠣᠯᠤᠩ ᠤᠨ ᠣᠷᠤᠨ ᠤ ᠰᠢᠨᠵᠢᠯᠡᠬᠦ ᠤᠬᠠᠭᠠᠨ ᠤ ᠰᠤᠳᠤᠯᠭᠠᠨ ᠤ ᠪᠠᠶᠢᠭᠤᠯᠤᠮᠵᠢ ᠶᠢᠨ ᠳᠡᠳ᠋ ᠳᠡᠭᠡᠳᠦ ᠵᠡᠷᠭᠡ ᠠᠴᠠ ᠳᠡᠭᠡᠭᠰᠢᠬᠢ ᠮᠡᠷᠭᠡᠵᠢᠯ ᠤᠨ ᠴᠣᠯᠠ ᠲᠠᠢ ᠠᠵᠢᠯᠲᠠᠨ︔ ᠰᠣᠶᠣᠯ ᠰᠤᠷᠭᠠᠨ ᠬᠥᠮᠦᠵᠢᠯ ᠤᠨ ᠴᠢᠳᠠᠪᠤᠷᠢᠲᠠᠨ᠂ ᠲᠤᠬᠠᠶᠢᠯᠠᠪᠠᠯ ᠪᠣᠯᠣᠩ ᠤᠨ ᠣᠷᠤᠨ ᠤ ᠳᠡᠭᠡᠳᠦ ᠵᠡᠷᠭᠡ ᠶᠢᠨ ᠰᠤᠷᠭᠠᠭᠤᠯᠢ ᠶᠢᠨ ᠳᠡᠳ᠋ ᠳᠡᠭᠡᠳᠦ ᠵᠡᠷᠭᠡ ᠠᠴᠠ ᠳᠡᠭᠡᠭᠰᠢᠬᠢ ᠮᠡᠷᠭᠡᠵᠢᠯ ᠤᠨ ᠴᠣᠯᠠ ᠲᠠᠢ ᠠᠵᠢᠯᠲᠠᠨ︔ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠴᠢᠳᠠᠪᠤᠷᠢᠲᠠᠨ᠂ ᠲᠤᠬᠠᠶᠢᠯᠠᠪᠠᠯ ᠪᠣᠯᠣᠩ ᠤᠨ ᠣᠷᠤᠨ ᠤ ᠳᠡᠳ᠋ ᠳᠡᠭᠡᠳᠦ ᠵᠡᠷᠭᠡ ᠶᠢᠨ ᠮᠡᠷᠭᠡᠵᠢᠯ ᠤᠨ ᠴᠣᠯᠠ ᠠᠴᠠ ᠳᠡᠭᠡᠭᠰᠢᠬᠢ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠲᠤᠰᠬᠠᠶ ᠮᠡᠷᠭᠡᠵᠢᠯ ᠤᠨ ᠴᠢᠳᠠᠪᠤᠷᠢᠲᠠᠨ ᠵᠢᠴᠢ ᠡᠷᠡᠭᠦᠯ ᠬᠠᠮᠠᠭᠠᠯᠠᠯ ᠤᠨ ᠰᠤᠳᠤᠯᠭᠠᠨ ᠤ ᠴᠢᠳᠠᠪᠤᠷᠢᠲᠠᠨ︔ ᠬᠠᠤᠯᠢ ᠴᠠᠭᠠᠵᠠ ᠶᠢᠨ ᠴᠢᠳᠠᠪᠤᠷᠢᠲᠠᠨ᠂ ᠲᠤᠬᠠᠶᠢᠯᠠᠪᠠᠯ ᠰᠢᠶᠠᠩᠭᠠᠩ᠂ ᠣᠣᠮᠧᠨ ᠤ ᠬᠠᠤᠯᠢ ᠴᠠᠭᠠᠵᠠ ᠶᠢᠨ ᠬᠥᠨᠳᠡᠯᠡᠨ ᠠᠴᠠ ᠲᠠᠰᠤᠯᠬᠤ ᠵᠢᠷᠤᠮ ᠳᠤ ᠣᠷᠣᠯᠴᠠᠭᠰᠠᠨ ᠳᠣᠲᠣᠷ᠎ᠠ ᠭᠠᠵᠠᠷ ᠤᠨ ᠬᠥᠨᠳᠡᠯᠡᠨ ᠠᠴᠠ ᠲᠠᠰᠤᠯᠤᠭᠴᠢ᠂ ᠳᠣᠲᠣᠷ᠎ᠠ ᠭᠠᠵᠠᠷ ᠬᠢᠭᠡᠳ ᠰᠢᠶᠠᠩᠭᠠᠩ᠂ ᠳᠣᠲᠣᠷ᠎ᠠ ᠭᠠᠵᠠᠷ ᠬᠢᠭᠡᠳ ᠣᠣᠮᠧᠨ ᠤ ᠪᠡᠯᠡ ᠣᠷᠣᠭᠤᠯᠤᠯᠲᠠ ᠶᠢᠨ ᠮᠠᠷᠭᠤᠯᠳᠤᠭᠠᠨ ᠢ ᠰᠢᠢᠳᠪᠦᠷᠢᠯᠡᠬᠦ ᠳᠣᠲᠣᠷ᠎ᠠ ᠭᠠᠵᠠᠷ ᠤᠨ ᠡᠶᠡᠳᠡᠭᠦᠯᠦᠭᠴᠢ ᠵᠡᠷᠭᠡ︔ ᠪᠤᠰᠤᠳ ᠴᠢᠳᠠᠪᠤᠷᠢᠲᠠᠨ᠂ ᠲᠤᠬᠠᠶᠢᠯᠠᠪᠠᠯ ᠪᠤᠯᠤᠩ ᠤᠨ ᠣᠷᠣᠨ ᠤ ᠴᠢᠳᠠᠪᠤᠷᠢᠲᠠᠨ᠂ ᠰᠢᠨᠵᠢᠯᠡᠬᠦ ᠤᠬᠠᠭᠠᠨ ᠮᠡᠷᠭᠡᠵᠢᠯ ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠠᠴᠠ ᠮᠠᠭᠠᠳᠯᠠᠨ ᠲᠣᠭᠲᠠᠭᠠᠭᠰᠠᠨ ᠳᠡᠭᠡᠳᠦ ᠳᠡᠰ ᠳᠠᠪᠬᠤᠷᠭ᠎ᠠ ᠶᠢᠨ ᠬᠠᠮᠢᠶᠠᠷᠤᠯᠲᠠ ᠪᠠ ᠲᠤᠰᠬᠠᠶ ᠮᠡᠷᠭᠡᠵᠢᠯ ᠤᠨ ᠠᠵᠢᠯᠲᠠᠨ ᠪᠣᠯᠤᠨ᠎ᠠ᠃      ᠬᠤᠶᠠᠷ᠂ ᠳᠡᠭᠡᠷ᠎ᠡ ᠳᠤᠷᠠᠳᠤᠭᠰᠠᠨ ᠳᠣᠲᠣᠷ᠎ᠠ ᠭᠠᠵᠠᠷ ᠤᠨ 6 ᠲᠦᠷᠦᠯ ᠤᠨ ᠴᠢᠳᠠᠪᠤᠷᠢᠲᠠᠨ ᠪᠣᠳᠠᠲᠤ ᠬᠡᠷᠡᠭᠴᠡᠭᠡ ᠪᠠᠨ ᠦᠨᠳᠦᠰᠦᠯᠡᠨ᠂ ᠰᠢᠶᠠᠩᠭᠠᠩ ᠳᠤ ᠣᠴᠢᠬᠤ ᠴᠢᠳᠠᠪᠤᠷᠢᠲᠠᠨ ᠤ ᠴᠣᠬᠤᠯᠠᠪᠤᠷᠢ ᠪᠠ ᠣᠣᠮᠧᠨ ᠳᠤ ᠣᠴᠢᠬᠤ ᠴᠢᠳᠠᠪᠤᠷᠢᠲᠠᠨ ᠤ ᠴᠣᠬᠤᠯᠠᠪᠤᠷᠢ ᠶᠢ ᠲᠤᠰᠠᠭᠠᠷ ᠪᠤᠶᠤ ᠬᠠᠮᠲᠤ ᠳᠤ ᠨᠢ ᠭᠤᠶᠤᠴᠢᠯᠠᠵᠤ ᠪᠣᠯᠤᠨ᠎ᠠ᠃ ᠰᠢᠯᠭᠠᠷᠠᠭᠰᠠᠨ ᠴᠢᠳᠠᠪᠤᠷᠢᠲᠠᠨ ᠲᠤᠰ ᠬᠥᠮᠦᠨ ᠨᠢ ᠭᠤᠸᠠᠩᠳᠦ᠋ᠩ ᠰᠢᠶᠠᠩᠭᠠᠩ ᠣᠣᠮᠧᠨ ᠤ ᠶᠡᠭᠡ ᠪᠣᠯᠣᠩ ᠤᠨ ᠣᠷᠤᠨ ᠤ ᠲᠤᠷ᠎ᠠ ᠶᠢᠨ ᠨᠢᠭᠡ ᠰᠢᠶᠠᠨ ᠤ ᠱᠠᠲᠤᠨ ᠠᠴᠠ ᠳᠡᠭᠡᠭᠰᠢᠬᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠭᠠᠷᠬᠤ ᠣᠷᠣᠬᠤ ᠬᠠᠮᠢᠶᠠᠷᠤᠯᠲᠠ ᠶᠢᠨ ᠪᠠᠶᠢᠭᠤᠯᠤᠮᠵᠢ ᠳᠤ ᠭᠤᠶᠤᠴᠢᠯᠠᠯ ᠭᠠᠷᠭᠠᠵᠤ ᠪᠣᠯᠤᠨ᠎ᠠ︔ ᠪᠤᠰᠤᠳ 5 ᠲᠥᠷᠥᠯ ᠤᠨ ᠴᠢᠳᠠᠪᠤᠷᠢᠲᠠᠨ ᠲᠣᠰ ᠬᠥᠮᠦᠨ ᠨᠢ ᠠᠵᠢᠯᠯᠠᠵᠤ ᠪᠠᠶᠢᠭ᠎ᠠ ᠭᠠᠵᠠᠷ ᠤᠨ ᠰᠢᠶᠠᠨ ᠤ ᠱᠠᠲᠤᠨ ᠠᠴᠠ ᠳᠡᠭᠡᠭᠰᠢᠬᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠣᠷᠣᠵᠤ ᠭᠠᠷᠬᠤ ᠶᠢ ᠬᠠᠮᠢᠶᠠᠷᠬᠤ ᠪᠠᠶᠢᠭᠤᠯᠤᠮᠵᠢ ᠳᠤ ᠭᠤᠶᠤᠴᠢᠯᠠᠯ ᠭᠠᠷᠭᠠᠨ᠎ᠠ᠃ ᠴᠢᠳᠠᠪᠤᠷᠢᠲᠠᠨ ᠤ ᠴᠣᠬᠤᠯᠠᠪᠤᠷᠢ ᠶᠢᠨ ᠭᠤᠶᠤᠴᠢᠯᠠᠯ ᠤᠨ ᠮᠠᠲ᠋ᠧᠷᠢᠶᠠᠯ ᠪᠠ ᠭᠤᠶᠤᠴᠢᠯᠠᠨ ᠭᠦᠢᠴᠡᠳᠭᠡᠬᠦ ᠭᠠᠷᠳᠠᠮ ᠢ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠯᠢ ᠪᠠᠷ ᠭᠠᠷᠬᠤ ᠣᠷᠣᠬᠤ ᠬᠠᠮᠢᠶᠠᠷᠤᠯᠲᠠ ᠶᠢᠨ ᠲᠣᠪᠴᠢᠶ᠎ᠠ ᠶᠢᠨ ᠵᠠᠰᠠᠭ ᠤᠨ ᠣᠷᠳᠣᠨ ᠤ ᠰᠦᠯᠵᠢᠶ᠎ᠡ ︵http://www.nia.gov.cn/︶ ᠪᠤᠶᠤ 12367 ᠦᠢᠯᠡᠴᠢᠯᠡᠭᠡᠨ ᠤ ᠲᠠᠪᠴᠠᠩ ᠢᠶᠠᠷ ᠪᠠᠶᠢᠴᠠᠭᠠᠨ ᠯᠠᠪᠯᠠᠵᠤ ᠪᠣᠯᠤᠨ᠎ᠠ᠃      ᠭᠤᠷᠪᠠ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠭᠠᠷᠬᠤ ᠣᠷᠤᠬᠤ ᠶᠢ ᠬᠠᠮᠢᠶᠠᠷᠬᠤ ᠪᠠᠶᠢᠭᠤᠯᠤᠮᠵᠢ ᠪᠠᠷ ᠬᠠᠤᠯᠢ ᠶᠣᠰᠣᠭᠠᠷ ᠬᠢᠨᠠᠨ ᠵᠥᠪᠰᠢᠶᠡᠷᠡᠭᠦᠯᠪᠡᠯ᠂ ᠰᠢᠯᠭᠠᠷᠠᠭᠰᠠᠨ ᠴᠢᠳᠠᠪᠤᠷᠢᠲᠠᠨ ᠳᠤ 5 ᠵᠢᠯ ᠤᠨ ᠬᠦᠴᠦᠨ ᠲᠠᠢ ᠴᠢᠳᠠᠪᠤᠷᠢᠲᠠᠨ ᠤ ᠴᠣᠬᠤᠯᠠᠪᠤᠷᠢ ᠶᠢ ᠣᠯᠭᠤᠵᠤ ᠪᠣᠯᠤᠨ᠎ᠠ᠂ ᠰᠢᠨᠵᠢᠯᠡᠬᠦ ᠤᠬᠠᠭᠠᠨ ᠤ ᠰᠤᠳᠤᠯᠭᠠᠨ᠂ ᠰᠣᠶᠣᠯ ᠰᠤᠷᠭᠠᠨ ᠬᠥᠮᠦᠵᠢᠯ᠂ ᠡᠷᠡᠭᠦᠯ ᠬᠠᠮᠠᠭᠠᠯᠠᠯ ᠡᠷᠡᠭᠦᠯ ᠬᠠᠮᠠᠭᠠᠯᠠᠯ ᠤᠨ ᠴᠢᠳᠠᠪᠤᠷᠢᠲᠠᠨ ᠳᠤ 3 ᠵᠢᠯ ᠤᠨ ᠬᠦᠴᠦᠨ ᠲᠠᠢ ᠴᠢᠳᠠᠪᠤᠷᠢᠲᠠᠨ ᠤ ᠴᠣᠬᠤᠯᠠᠪᠤᠷᠢ ᠶᠢ ᠣᠯᠭᠤᠵᠤ ᠪᠣᠯᠤᠨ᠎ᠠ᠂ ᠬᠠᠤᠯᠢ ᠴᠠᠭᠠᠵᠠ᠂ ᠪᠤᠰᠤᠳ ᠲᠥᠷᠥᠯ ᠤᠨ ᠴᠢᠳᠠᠪᠤᠷᠢᠲᠠᠨ ᠳᠤ 1 ᠵᠢᠯ ᠤᠨ ᠬᠦᠴᠦᠨ ᠲᠠᠢ ᠴᠢᠳᠠᠪᠤᠷᠢᠲᠠᠨ ᠤ ᠴᠣᠬᠤᠯᠠᠪᠤᠷᠢ ᠶᠢ ᠣᠯᠭᠤᠵᠤ ᠪᠣᠯᠤᠨ᠎ᠠ᠃ ᠴᠢᠳᠠᠪᠤᠷᠢᠲᠠᠨ ᠤ ᠴᠣᠬᠤᠯᠠᠪᠤᠷᠢ ᠶᠢ ᠡᠵᠡᠮᠰᠢᠭᠴᠢ ᠴᠣᠬᠤᠯᠠᠪᠤᠷᠢ ᠶᠢᠨ ᠬᠦᠴᠦᠨ ᠲᠠᠢ ᠬᠤᠭᠤᠴᠠᠭᠠᠨ ᠳᠤ ᠰᠢᠶᠠᠩᠭᠠᠩ ᠣᠣᠮᠧᠨ ᠣᠷᠣᠨ ᠳᠤ ᠣᠯᠠᠨᠲᠠ ᠢᠷᠡᠵᠦ ᠪᠣᠯᠤᠨ᠎ᠠ᠂ ᠰᠢᠶᠠᠩᠭᠠᠩ ᠣᠣᠮᠧᠨ ᠳᠤ ᠤᠳᠠᠭ᠎ᠠ ᠪᠦᠷᠢ 30 ᠡᠳᠦᠷ ᠠᠴᠠ ᠬᠡᠲᠦᠷᠡᠵᠦ ᠪᠣᠯᠬᠤ ᠦᠭᠡᠢ᠃    ᠡᠭᠦᠨ ᠤ ᠲᠤᠯᠠ ᠣᠨᠴᠠᠭᠠᠶᠢᠯᠠᠨ ᠵᠠᠷᠯᠠᠪᠠ᠃               ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠯᠢ ᠪᠠᠷ ᠭᠠᠷᠬᠤ ᠣᠷᠣᠬᠤ ᠬᠠᠮᠢᠶᠠᠷᠤᠯᠲᠠ ᠶᠢᠨ ᠲᠤᠪᠴᠢᠶ᠎ᠠ                                                       2023 ᠣᠨ ᠤ 2 ᠳ᠋ᠤᠭᠠᠷ ᠰᠠᠷ᠎ᠠ ᠶᠢᠨ 9 ᠤ ᠡᠳᠦᠷ 
ᠢᠷᠡᠯᠲᠡ᠄ ᠲᠣᠳᠤᠭᠠᠳᠤ ᠶᠢ ᠬᠠᠮᠠᠭᠠᠯᠠᠬᠤ ᠶᠠᠮᠤᠨ ᠤ ᠰᠦᠯᠵᠢᠶ᠎ᠡ