ᠴᠠᠭᠳᠠᠭᠠᠨ ᠶᠠᠪᠣᠲᠠᠯ ᠤᠨ ᠠᠵᠢᠯ ᠪᠤᠯᠤᠨ ᠨᠡᠶᠢᠭᠡᠮ ᠲᠤᠭᠤᠷᠢᠭ ᠤᠨ ᠵᠠᠰᠠᠨ ᠴᠡᠭᠴᠠᠯᠡᠯᠲᠡ ᠶᠢᠨ ᠠᠵᠢᠯ ᠢ ᠬᠠᠷᠢᠯᠴᠠᠨ ᠤᠶᠠᠯᠲᠤᠭᠤᠯᠤᠨ ᠬᠦᠨᠵᠡᠬᠡᠶᠢᠷᠡᠬᠦᠯᠬᠦ ᠶᠢᠨ | ᠲᠤᠯᠠᠳᠠ᠂ ᠰᠦᠨᠢᠳ ᠵᠡᠬᠦᠨ ᠬᠤᠰᠢᠭᠤᠨ ᠤ ᠲᠤᠲᠤᠭᠠᠲᠤ ᠶᠢ ᠬᠠᠮᠠᠭᠠᠯᠠᠬᠤ ᠲᠤᠪᠴᠢᠶ᠎ᠠ ᠨᠢ ᠬᠠᠷᠢᠶᠠᠲᠤ ᠤᠷᠤᠨ ᠤ ᠪᠠᠶᠢᠭᠠᠯᠢ ᠶᠢᠨ ᠳᠠᠪᠠᠭᠤᠯᠢᠭ ᠤᠨ ᠰᠠᠭᠤᠷᠢᠨ | ᠳᠡᠭᠡᠷ᠎ᠡ᠂ ︽ᠥᠳᠲᠡᠷ︾ ᠴᠠᠭᠳᠠᠭᠠᠨ ᠶᠠᠪᠣᠲᠠᠯ ᠤᠨ ᠠᠵᠢᠯ ᠤᠨ ᠥᠷᠲᠡᠭᠡ ᠶᠢ ᠡᠬᠦᠲᠥᠨ ᠪᠠᠶᠢᠭᠤᠯᠵᠤ᠂ ︽ᠥᠳᠲᠡᠷ ᠴᠠᠭᠳᠠᠭᠠᠨ ᠶᠠᠪᠤᠲᠠᠯ︾ ᠤᠨ ᠠᠵᠢᠯ ᠤᠨ | ᠲᠤᠭᠳᠠᠴᠠ ᠶᠢ ᠴᠤᠭᠴᠠᠯᠠᠨ ᠪᠠᠶᠢᠭᠤᠯᠵᠤ᠂ ᠴᠠᠭᠳᠠᠭᠠᠨ ᠤ ᠲᠥᠷᠥᠯ ᠬᠠᠮᠲᠤᠷᠠᠭᠰᠠᠨ᠂ ᠴᠠᠭᠳᠠᠭ᠎ᠠ ᠠᠷᠠᠳ ᠬᠠᠮᠲᠤᠷᠠᠭᠰᠠᠨ ᠦᠢᠯᠡᠴᠢᠯᠡᠭᠡ ᠶᠢ ᠠᠬᠢᠭᠤᠯᠤᠨ᠂ ᠠᠷᠠᠳ | ᠲᠥᠮᠡᠨ ᠳᠤ ᠦᠢᠯᠡᠴᠢᠯᠡᠬᠦ ᠠᠵᠢᠯ ᠤᠨ ᠬᠦᠴᠤᠯᠡᠴᠡ ᠪᠠᠨ ᠤᠯᠠᠮ ᠴᠢᠩᠭᠠᠷᠠᠭᠤᠯᠪᠠ᠃ | | | | ᠰᠦᠨᠢᠳ ᠵᠡᠬᠦᠨ ᠬᠤᠰᠢᠭᠤᠨ ᠤ ᠲᠤᠲᠤᠭᠠᠲᠤ ᠶᠢ ᠬᠠᠮᠠᠭᠠᠯᠠᠬᠤ ᠲᠤᠪᠴᠢᠶᠠᠨ ᠤ ︽ᠥᠳᠲᠡᠷ︾ ᠴᠠᠭᠳᠠᠭᠠᠨ ᠶᠠᠪᠣᠲᠠᠯ ᠤᠨ ᠠᠵᠢᠯ ᠤᠨ ᠥᠷᠲᠡᠭᠡ ᠨᠢ | ᠬᠠᠷᠢᠶᠠᠲᠤ ᠤᠷᠤᠨ ᠤ ᠳᠤᠮᠢᠯᠠᠭᠰᠠᠨ ᠰᠠᠯᠪᠤᠷᠢ ᠪᠠᠷ ᠭᠤᠤᠯᠯᠠᠭᠴᠢ ᠬᠦᠴᠦᠨ ᠪᠤᠯᠠᠭᠠᠨ᠂ ᠣᠨᠴᠠ ᠲᠥᠷᠥᠯ ᠤᠨ ᠴᠠᠭᠳᠠᠭᠠᠨ ᠠᠩᠭᠢ ᠪᠠᠷ ᠬᠠᠪᠰᠤᠷᠭᠠᠨ᠂ ᠰᠠᠶᠢᠨ | ᠳᠤᠷ᠎ᠠ ᠶᠢᠨ ᠴᠠᠭᠳᠠᠭ᠎ᠠ ᠪᠠᠷ ᠳᠣᠰᠠᠯᠠᠮᠵᠢ ᠪᠤᠯᠭᠠᠭᠰᠠᠨ᠂ 100 ᠭᠠᠷᠤᠢ ᠬᠤᠷᠰᠢᠶ᠎ᠠ ᠳᠠᠯᠬᠡᠬᠦᠷ᠂ 1 ᠮᠠᠰᠢᠨ ᠲᠡᠷᠭᠡᠨ ᠤ ᠥᠷᠳᠡᠭᠡ ᠪᠠ 2 ᠰᠠᠭᠤᠭᠠᠯᠢ ᠠᠷᠠᠳ ᠤᠨ | ᠲᠤᠭᠤᠷᠢᠭ 3000 ᠢᠯᠡᠬᠦᠦ ᠡᠷᠥᠬᠡ᠂ ᠡᠲᠤᠢ ᠲᠡᠲᠤᠢ ᠵᠤᠴᠢᠳ ᠤᠨ ᠪᠠᠭᠤᠲᠠᠯ᠂ ᠬᠤᠭᠤᠯᠠᠨ ᠭᠡᠷ ᠵᠡᠷᠭᠡ ᠳᠠᠯᠠᠪᠤᠷ ᠢ ᠪᠥᠷᠬᠦᠭᠦᠯᠵᠦ᠂ ᠪᠦᠬᠦ ᠤᠷᠤᠨ ᠵᠠᠢ ᠪᠦᠬᠦ | ᠶᠠᠪᠤᠴᠠ ᠳᠤ ᠠᠮᠤᠷ ᠢ ᠬᠠᠮᠠᠭᠠᠯᠠᠬᠤ ᠴᠠᠭᠳᠠᠨ ᠰᠡᠷᠭᠡᠶᠢᠯᠡᠬᠦ ᠳᠠᠪᠠᠭᠤᠯᠢᠭ ᠢᠶᠠᠨ ᠪᠠᠲᠠᠷᠠᠭᠤᠯᠵᠤ᠂ ᠴᠠᠭᠳᠠᠭ᠎ᠠ ᠲᠠᠢ ᠠᠭᠤᠯᠵᠠᠬᠤ ᠨᠤᠷᠮ᠎ᠠ ᠶᠢ ᠳᠡᠭᠡᠭᠰᠢᠯᠡᠬᠦᠯᠦᠨ᠂ | ᠬᠠᠷᠢᠶᠠᠲᠤ ᠤᠷᠤᠨ ᠤ ᠠᠮᠤᠷ ᠳᠥᠪᠰᠢᠨ ᠤ ᠪᠠᠶᠢᠲᠠᠯ ᠢ ᠬᠠᠮᠤᠭ ᠳᠠᠷᠢᠬᠦᠨ ᠳᠤ ᠡᠵᠡᠮᠲᠡᠪᠡ᠃ | ᠴᠠᠭᠳᠠᠭᠠᠨ ᠶᠠᠪᠣᠲᠠᠯ ᠤᠨ ᠠᠵᠢᠯ ᠤᠨ ᠥᠷᠲᠡᠭᠡ ᠪᠠᠶᠢᠭᠤᠯᠤᠭᠳᠠᠭᠰᠠᠨ ᠨᠠᠭᠠᠰᠢ᠂ ᠤᠯᠠᠨ ᠳᠥᠮᠡᠨ ᠤ ᠠᠰᠠᠭᠤᠨ ᠯᠠᠪᠯᠠᠯᠲᠠ᠂ ᠳᠣᠰᠠᠯᠠᠮᠵᠢ ᠶᠢ 100 ᠭᠠᠷᠤᠢ ᠶᠢ | ᠬᠦᠯᠢᠶᠠᠨ ᠠᠪᠴᠤ ᠰᠢᠢᠳᠪᠦᠷᠢᠯᠡᠵᠦ᠂ ᠬᠦᠮᠤᠨ ᠬᠠᠷ᠎ᠠ ᠲᠥᠪᠯᠡᠷᠡᠭᠰᠡᠨ ᠭᠠᠵᠠᠷ ᠲᠤ ᠴᠢᠭᠯᠡᠬᠦᠯᠦᠨ ᠪᠠᠶᠢᠩᠭᠤᠵᠢᠭᠤᠯᠤᠭᠰᠠᠨ ᠴᠠᠭᠳᠠᠨ ᠲᠤᠭᠤᠷᠢᠬᠤ ᠠᠵᠢᠯ ᠥᠷᠨᠢᠬᠦᠯᠥᠨ᠂ | ᠭᠤᠤᠯᠳᠠᠯᠭ᠎ᠠ ᠲᠠᠢ ᠲᠠᠯᠠᠪᠤᠷ ᠢ 10 ᠭᠠᠷᠤᠢ ᠶᠢ ᠪᠠᠶᠢᠴᠠᠭᠠᠵᠤ᠂ ᠦᠨᠡᠨ ᠬᠦ ᠤᠯᠠᠨ ᠳᠥᠮᠡᠨ᠂ ᠵᠢᠵᠢᠭ ᠪᠠᠭ᠎ᠠ ᠠᠵᠤ ᠠᠬᠤᠶᠢᠯᠠᠯ ᠳᠤ ᠦᠢᠯᠡᠴᠢᠯᠡᠬᠦ ᠡᠬᠦᠷᠭᠡ ᠪᠠᠨ | ᠪᠡᠶᠡᠯᠡᠬᠦᠯᠵᠦ᠂ ᠤᠶᠢᠷ᠎ᠠ ᠬᠠᠪᠢ ᠶᠢᠨ ᠠᠷᠠᠯᠵᠢᠶᠠᠨ ᠤ ᠲᠠᠯᠠᠪᠤᠷ ᠵᠢᠴᠢ ᠨᠡᠶᠢᠭᠡᠮ ᠤᠨ ᠠᠮᠤᠷ ᠳᠥᠪᠰᠢᠨ ᠤ ᠡᠮᠬᠢ ᠳᠢᠭᠯᠢᠮ ᠢ ᠬᠠᠮᠠᠭᠠᠯᠠᠬᠤ᠂ ᠵᠦᠷᠢᠴᠡᠯ ᠮᠥᠷᠬᠦᠯᠲᠥᠬᠡᠨ ᠢ | ᠰᠠᠷᠭᠡᠶᠢᠯᠡᠨ ᠠᠷᠢᠯᠭᠠᠬᠤ ᠲᠠᠯ᠎ᠠ ᠪᠠᠷ ᠢᠳᠡᠪᠬᠢ ᠦᠢᠯᠡᠲᠥᠯ ᠦᠵᠡᠭᠦᠯᠪᠡ᠃ ︵ᠰᠦᠨᠢᠳ ᠵᠡᠬᠦᠨ ᠬᠤᠰᠢᠭᠤᠨ ᠤ ᠲᠤᠲᠤᠭᠠᠲᠤ ᠶᠢ ᠬᠠᠮᠠᠭᠠᠯᠠᠬᠤ ᠲᠤᠪᠴᠢᠶ᠎ᠠ ᠮᠡᠲᠡᠭᠡᠯᠡᠪᠡ︶ | | |