ᠪᠠᠶᠠᠨᠬᠤᠰᠢᠭᠤ ᠪᠠᠯᠭᠠᠰᠤᠨ ᠤ ᠲᠣᠮᠢᠯᠠᠭᠰᠠᠨ ᠰᠠᠯᠪᠤᠷᠢ ᠲᠥᠭᠡᠷᠢᠭᠰᠡᠨ ᠨᠠᠰᠤᠲᠠᠨ ᠢ ᠬᠡᠷ ᠲᠤ ᠨᠢ ᠬᠦᠷᠭᠡᠪᠡ
ᠨᠡᠶᠢᠲᠡᠯᠡᠭᠰᠡᠨ ᠴᠠᠭ᠄
2024/2/4
      ᠣᠶᠢᠷ᠎ᠠ ᠳᠤ᠂ ᠰᠢᠯᠢ ᠶᠢᠨ ᠭᠤᠤᠯ ᠠᠶᠢᠮᠠᠭ ᠤᠨ ᠤᠯᠠᠭᠠᠶ ᠬᠠᠮᠢᠶᠠᠷᠤᠯᠲᠠ ᠶᠢᠨ ᠣᠷᠣᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠪᠠᠶᠠᠨᠬᠤᠰᠢᠭᠤ ᠪᠠᠯᠭᠠᠰᠤᠨ ᠤ ᠲᠣᠮᠢᠯᠠᠭᠰᠠᠨ ᠰᠠᠯᠪᠤᠷᠢ ᠨᠢᠭᠡᠨ ᠲᠥᠭᠡᠷᠢᠭᠰᠡᠨ ᠨᠠᠰᠤᠲᠠᠨ ᠤ ᠬᠡᠷ ᠢᠶᠠᠨ ᠡᠷᠢᠵᠦ ᠣᠯᠬᠤ ᠦᠭᠡᠢ ᠪᠠᠶᠢᠨ᠎ᠠ ᠭᠡᠰᠡᠨ ᠬᠡᠷᠡᠭ ᠤᠨ ᠮᠡᠳᠡᠭᠦᠯᠦᠯᠲᠡ ᠶᠢ ᠲᠤᠰᠪᠠ᠃ ᠬᠡᠷᠡᠭ ᠤᠨ ᠮᠡᠳᠡᠭᠦᠯᠦᠯᠲᠡ ᠶᠢ ᠲᠣᠰᠣᠭᠰᠠᠨ ᠤ ᠳᠠᠷᠠᠭ᠎ᠠ᠂ ᠠᠷᠠᠳ ᠤᠨ ᠴᠠᠭᠳᠠᠭ᠎ᠠ ᠨᠠᠰᠤᠲᠠᠨ ᠢ ᠲᠣᠮᠢᠯᠠᠭᠰᠠᠨ ᠰᠠᠯᠪᠤᠷᠢ ᠳᠤ ᠪᠠᠨ ᠠᠪᠠᠴᠢᠭᠠᠳ᠂ ᠨᠠᠰᠤᠲᠠᠨ ᠠᠴᠠ ᠳᠠᠬᠢᠨ ᠳᠠᠪᠲᠠᠨ ᠠᠰᠠᠭᠤᠨ ᠯᠠᠪᠯᠠᠭᠰᠠᠨ ᠴᠦ᠂ ᠨᠠᠰᠤᠲᠠᠨ ᠥᠪᠡᠷ ᠤᠨ ᠪᠡᠶ᠎ᠡ ᠪᠤᠶᠤ ᠬᠡᠷ ᠤᠨ ᠬᠥᠮᠦᠰ ᠤᠨ ᠢᠶᠠᠨ ᠬᠠᠮᠢᠶ᠎ᠠ ᠪᠥᠬᠦᠶ ᠮᠡᠳᠡᠭᠡ ᠵᠠᠩᠭᠢ ᠶᠢ ᠣᠨᠣᠪᠴᠢᠲᠠᠶ ᠬᠠᠩᠭᠠᠵᠤ ᠳᠡᠶᠢᠯᠬᠦ ᠥᠬᠡᠶ ᠪᠥᠭᠡᠳ ᠬᠠᠮᠢᠶ᠎ᠠ ᠪᠥᠬᠦᠶ ᠦᠨᠡᠮᠯᠡᠯ ᠢᠶᠠᠨ ᠴᠦ ᠠᠪᠴᠤ ᠶᠠᠪᠤᠵᠤ ᠥᠬᠡᠶ ᠪᠠᠶᠢᠪᠠ᠃ ᠨᠠᠰᠤᠲᠠᠨ ᠤ ᠤᠷᠮ᠎ᠠ ᠰᠡᠳᠬᠢᠯᠭᠡ ᠶᠢ ᠬᠦᠯᠢᠴᠡᠩᠭᠦᠶ ᠪᠠᠷ ᠲᠠᠶᠢᠳᠬᠤᠷᠠᠭᠤᠯᠵᠤ᠂ ᠣᠯᠠᠨ ᠲᠠᠯ᠎ᠠ ᠶᠢᠨ ᠴᠢᠷᠮᠠᠶᠢᠯᠭ᠎ᠠ ᠪᠠᠷ ᠳᠠᠮᠵᠢᠭᠤᠯᠤᠨ ᠪᠡᠶ᠎ᠡ ᠶᠢᠨ ᠭᠠᠷᠤᠯ ᠢ ᠲᠣᠳᠤᠯᠠᠭᠠᠳ᠂ ᠭᠡᠷ ᠪᠦᠯᠢ ᠶᠢᠨ ᠬᠢᠨ ᠲᠠᠢ ᠨᠢ ᠬᠤᠯᠪᠣᠭ᠎ᠠ ᠠᠪᠴᠤ᠂ ᠨᠠᠰᠤᠲᠠᠨ ᠢ ᠠᠮᠤᠷ ᠲᠦᠪᠰᠢᠨ ᠢᠶᠠᠷ ᠭᠡᠷ ᠲᠤ ᠨᠢ ᠬᠦᠷᠭᠡᠪᠡ᠃
ᠢᠷᠡᠯᠲᠡ᠄ ᠰᠢᠯᠢ ᠶᠢᠨ ᠭᠣᠣᠯ ᠠᠶᠢᠮᠠᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ