ᠣᠶᠢᠷ᠎ᠠ ᠳᠤ᠂ ᠬᠥᠬᠡᠬᠤᠲᠠ ᠶᠢᠨ ᠦᠴᠦᠸᠠᠨ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠴᠢᠩ ᠱᠠᠨ ᠵᠠᠮ ᠤᠨ ᠲᠣᠮᠢᠯᠠᠭᠰᠠᠨ | ᠰᠠᠯᠪᠤᠷᠢ ᠶᠢᠨ ᠬᠢᠨ ᠵᠠᠷᠢᠮ ᠬᠥᠮᠦᠨ ᠠᠰᠠᠷ ᠳᠡᠭᠡᠷ᠎ᠡ ᠠᠴᠠ ᠠᠷᠢᠬᠢᠨ ᠯᠣᠩᠬᠤ ᠬᠠᠶᠠᠵᠤ ᠠᠰᠠᠷ ᠳᠣᠤᠷᠠᠬᠢ ᠨᠢᠭᠡ ᠨᠠᠰᠤᠲᠠᠨ ᠢ ᠰᠢᠷᠬᠠᠲᠤᠭᠤᠯᠵᠠᠶ ᠭᠡᠰᠡᠨ | ᠪᠣᠰᠤᠳ ᠤᠨ ᠬᠡᠷᠡᠭ ᠤᠨ ᠮᠡᠳᠡᠭᠦᠯᠦᠯᠲᠡ ᠶᠢ ᠲᠤᠰᠪᠠ᠃ ᠬᠡᠷᠡᠭ ᠤᠨ ᠮᠡᠳᠡᠭᠦᠯᠦᠯᠲᠡ ᠶᠢ ᠣᠯᠤᠭᠰᠠᠨ ᠤ ᠳᠠᠷᠠᠭ᠎ᠠ ᠠᠷᠠᠳ ᠤᠨ ᠴᠠᠭᠳᠠᠭ᠎ᠠ ᠳᠠᠷᠤᠶ ᠲᠦᠷᠭᠡᠨ | ᠲᠤᠬᠠᠶ ᠶᠢᠨ ᠲᠠᠯᠠᠪᠠᠶ ᠳᠤ ᠬᠦᠷᠴᠦ ᠪᠠᠶᠢᠴᠠᠭᠠᠯᠲᠠ ᠬᠢᠪᠡ᠃ | ᠪᠠᠶᠢᠴᠠᠭᠠᠯᠲᠠ ᠪᠠᠷ ᠳᠡᠮᠵᠢᠨ᠂ ᠨᠢᠭᠡᠨ ᠪᠠᠭᠤᠳᠠᠯ ᠤᠨ 3 ᠳ᠋ᠤᠭᠠᠷ ᠳᠠᠪᠬᠤᠷᠯᠢᠭ ᠲᠤ ᠰᠠᠭᠤᠭ᠎ᠠ ᠵᠢᠶ ᠣᠪᠣᠭᠲᠤ ᠠᠷᠢᠬᠢ ᠤᠤᠭᠤᠭᠰᠠᠨ ᠤ ᠳᠠᠷᠠᠭ᠎ᠠ ᠡᠷᠡᠭᠲᠡᠶ | ᠨᠠᠶᠢᠵᠠ ᠲᠠᠢ ᠪᠠᠨ ᠬᠡᠷᠡᠭᠦᠯ ᠬᠢᠵᠦ ᠬᠡᠲᠦᠷᠬᠡᠢ ᠳᠣᠭᠳᠣᠯᠬᠤ ᠳᠤ ᠪᠠᠨ 4 ᠫᠢᠸᠤ᠋ ᠶᠢᠨ ᠬᠤᠭᠤᠰᠣᠨ ᠯᠣᠩᠬᠤ ᠶᠢ ᠴᠣᠩᠬᠤ ᠪᠠᠷ ᠰᠢᠳᠡᠨ ᠭᠠᠷᠭᠠᠵᠤ᠂ ᠠᠵᠠ ᠪᠤᠰᠤ ᠪᠠᠷ | ᠠᠰᠠᠷ ᠤᠨ ᠳᠣᠣᠷ᠎ᠠ ᠰᠡᠷᠢᠭᠦᠴᠡᠵᠦ ᠪᠠᠶᠢᠭᠰᠠᠨ ᠨᠠᠰᠤᠲᠠᠨ ᠤ ᠲᠣᠯᠣᠭᠠᠶ᠂ ᠭᠠᠷ ᠢ ᠨᠢ ᠰᠢᠷᠬᠠᠲᠤᠭᠤᠯᠵᠠᠶ᠃ | ᠣᠳᠣᠬᠠᠨ ᠳᠤ᠂ ᠵᠢᠶ ᠣᠪᠣᠭᠲᠤ ᠶᠢ ᠨᠢᠭᠡᠨᠲᠡ ᠬᠠᠤᠯᠢ ᠶᠣᠰᠣᠭᠠᠷ ᠵᠠᠰᠠᠭ ᠵᠠᠬᠢᠷᠭᠠᠨ ᠤ ᠲᠦᠷ ᠬᠤᠷᠢᠯᠲᠠ ᠪᠠᠷ ᠰᠢᠢᠳᠭᠡᠪᠡ᠃ | | | |