ᠨᠢᠭᠡ ᠡᠷᠡᠭᠲᠡᠶ ᠫᠤᠤ ᠵᠡᠪᠰᠡᠭ ᠲᠡᠷᠢ ᠰᠤᠮᠤ ᠶᠢ ᠬᠠᠤᠯᠢ ᠪᠤᠰᠤ ᠪᠠᠷ ᠦᠢᠯᠡᠳᠴᠦ᠂ ᠬᠤᠳᠠᠯᠳᠤᠭᠠᠯᠠᠵᠤ᠂ ᠬᠠᠳᠠᠭᠠᠯᠠᠭᠰᠠᠨ ᠠᠴᠠ ᠪᠣᠯᠵᠣ ᠡᠷᠡᠭᠦᠦ ᠶᠢᠨ ᠬᠡᠷᠡᠭ ᠢᠶᠠᠷ ᠲᠦᠷ ᠬᠤᠷᠢᠭᠳᠠᠪᠠ
ᠨᠡᠶᠢᠲᠡᠯᠡᠭᠰᠡᠨ ᠴᠠᠭ᠄
2025/1/17
      ︽ᠡᠪᠦᠯ ᠤᠯᠠᠷᠢᠯ ᠤᠨ ᠠᠵᠢᠯᠯᠠᠭ᠎ᠠ︾ ᠶᠢ ᠥᠷᠨᠢᠭᠦᠯᠦᠭᠰᠡᠨ ᠠᠴᠠ ᠨᠠᠭᠠᠰᠢ᠂ ᠲᠦᠩᠯᠢᠶᠣᠤ ᠬᠤᠲᠠ ᠶᠢᠨ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠡᠯ᠎ᠡ ᠲᠥᠷᠥᠯ ᠤᠨ ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠬᠠᠷᠢᠶ᠎ᠠ ᠣᠷᠣᠨ ᠤ ᠠᠮᠤᠷ ᠲᠦᠪᠰᠢᠨ ᠲᠣᠭᠲᠠᠭᠤᠨ ᠪᠠᠶᠢᠳᠠᠯ ᠢ ᠪᠥᠬᠦ ᠬᠦᠴᠦᠨ ᠢᠶᠠᠷ ᠢᠶᠠᠨ ᠰᠠᠬᠢᠨ ᠬᠠᠮᠠᠭᠠᠯᠠᠵᠤ᠂ ᠨᠡᠶᠢᠭᠡᠮ ᠤᠨ ᠠᠮᠤᠷ ᠲᠦᠪᠰᠢᠨ ᠤ ᠳᠠᠯᠳᠠ ᠬᠡᠮ ᠢ ᠴᠠᠭ ᠲᠤᠬᠠᠶ ᠳᠤ  ᠨᠢ ᠠᠷᠢᠯᠭᠠᠵᠤ᠂ ᠬᠠᠤᠯᠢ ᠶᠢ ᠵᠥᠷᠢᠴᠡᠭᠰᠡᠨ ᠶᠠᠯᠠᠲᠤ ᠡᠲᠡᠭᠡᠳ ᠤᠨ ᠣᠮᠤᠭ ᠰᠦᠷ ᠢ ᠬᠦᠴᠦᠲᠡᠶ ᠰᠦᠷᠳᠡᠭᠦᠯᠪᠡ᠃       2025 ᠣᠨ ᠤ 1 ᠰᠠᠷ᠎ᠠ ᠶᠢᠨ 2 ᠤᠨ ᠡᠳᠦᠷ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠫᠤᠤ ᠰᠤᠮᠤ ᠳᠠᠷᠢ ᠶᠢ ᠬᠠᠤᠯᠢ ᠪᠤᠰᠤ ᠪᠠᠷ ᠦᠢᠯᠡᠳᠦᠭᠰᠡᠨ᠂ ᠬᠤᠳᠠᠯᠳᠤᠭᠠᠯᠠᠭᠰᠠᠨ᠂ ᠵᠥᠭᠡᠭᠡᠪᠦᠷᠢᠯᠡᠭᠰᠡᠨ᠂ ᠰᠢᠤᠳᠠᠨ ᠢᠶᠠᠷ ᠢᠯᠡᠭᠡᠭᠰᠡᠨ᠂ ᠬᠠᠳᠠᠭᠠᠯᠠᠭᠰᠠᠨ ᠬᠡᠷᠡᠭ ᠢ ᠠᠮᠵᠢᠯᠲᠠᠲᠠᠶ ᠢᠯᠡᠷᠡᠭᠦᠯᠵᠦ᠂ 1 ᠶᠠᠯ᠎ᠠ ᠬᠢᠭᠰᠡᠨ ᠰᠡᠵᠢᠭᠳᠡᠨ ᠢ ᠪᠠᠷᠢᠪᠴᠢᠯᠠᠵᠤ᠂ 1 ᠬᠡᠶ ᠫᠤᠤ᠂ 1262 ᠲᠤᠭᠤᠯᠭᠠᠨ ᠰᠤᠮᠤ ᠣᠯᠵᠠᠯᠠᠵᠤ᠂ 2025 ᠣᠨ ᠤ ︽ᠠᠩᠬᠠᠨ ᠤ ᠫᠤᠤ︾ ᠶᠢ ᠬᠠᠷᠪᠤᠪᠠ᠃
2.jpg
      ᠣᠶᠢᠯᠠᠭᠠᠭᠰᠠᠨ ᠢᠶᠠᠷ᠂ ᠲᠣᠰ ᠲᠣᠪᠴᠢᠶ᠎ᠠ ᠶᠢᠨ ᠡᠷᠡᠭᠦᠦ ᠶᠢᠨ ᠬᠡᠷᠡᠭ ᠤᠨ ᠲᠤᠷᠰᠢᠨ ᠪᠠᠶᠢᠴᠠᠭᠠᠬᠤ ᠶᠡᠭᠡ ᠠᠩᠭᠢ ᠶᠢᠨ ᠠᠷᠠᠳ ᠤᠨ ᠴᠠᠭᠳᠠᠭ᠎ᠠ ᠠᠵᠢᠯ ᠤᠨ ᠳᠤᠮᠳᠠ ᠪᠠᠨ ᠬᠠᠷᠢᠶᠠᠲᠤ ᠣᠷᠣᠨ ᠤ ᠰᠠᠭᠤᠭᠠᠯᠢ ᠠᠷᠠᠳ ᠪᠦᠦ ᠣᠪᠣᠭᠲᠤ ᠬᠠᠤᠯᠢ ᠪᠤᠰᠤ ᠪᠠᠷ ᠫᠤᠤ ᠰᠤᠮᠤ ᠠᠪᠴᠤ ᠶᠠᠪᠤᠭᠰᠠᠨ ᠰᠡᠵᠢᠭᠯᠡᠯᠲᠡᠶ ᠪᠠᠶᠢᠬᠤ ᠶᠢ ᠣᠯᠵᠤ ᠮᠡᠳᠡᠵᠡᠶ᠃ ᠡᠶᠢᠮᠦ ᠠᠴᠠ ᠲᠡᠷᠡ ᠳᠠᠷᠤᠢ ᠬᠤᠷᠴᠠ ᠭᠠᠪᠰᠢᠭᠠᠢ ᠠᠷᠠᠳ ᠤᠨ ᠴᠠᠭᠳᠠᠭ᠎ᠠ ᠶᠢ ᠵᠣᠬᠢᠶᠠᠨ ᠪᠠᠶᠢᠭᠤᠯᠵᠤ ᠪᠦᠦ ᠣᠪᠣᠭᠲᠤ ᠶᠢᠨ ᠣᠷᠣᠨ ᠰᠠᠭᠤᠴᠠ ᠶᠢᠨ ᠲᠣᠭᠤᠷᠢᠭ᠂ ᠠᠮᠢᠳᠤᠷᠠᠯ ᠤᠨ ᠲᠣᠭᠤᠷᠢᠭ ᠲᠤ ᠪᠠᠶᠢᠴᠠᠭᠠᠯᠲᠠ ᠪᠠ ᠮᠥᠷᠳᠡᠯᠲᠡ ᠥᠷᠨᠢᠭᠦᠯᠪᠡ᠃ ᠪᠦᠦ ᠣᠪᠣᠭᠲᠤ ᠶᠢ ᠣᠨᠤᠰᠢᠯᠠᠭᠰᠠᠨ ᠤ ᠲᠠᠷᠠᠭ᠎ᠠ᠂ ᠡᠷᠡᠭᠦᠦ ᠶᠢᠨ ᠬᠡᠷᠡᠭ ᠤᠨ ᠲᠤᠷᠰᠢᠨ ᠪᠠᠶᠢᠴᠠᠭᠠᠭᠴᠢ ᠪᠠᠭᠠᠲᠠᠯ᠎ᠠ ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠲᠠᠢ ᠬᠤᠯᠪᠣᠭᠠᠯᠠᠨ᠂ ᠪᠦᠦ ᠣᠪᠣᠭᠲᠤ ᠶᠢ ᠪᠠᠭᠠᠲᠠᠯ᠎ᠠ ᠰᠤᠮᠤᠨ ᠤ ᠭᠡᠷ ᠠᠴᠠ ᠨᠢ ᠪᠠᠷᠢᠪᠴᠢᠯᠠᠭᠰᠠᠨ ᠪᠣᠯᠪᠠᠴᠤ ᠭᠡᠷ ᠳᠣᠲᠣᠷ᠎ᠠ ᠠᠴᠠ ᠨᠢ ᠫᠤᠤ ᠵᠡᠪᠰᠡᠭ᠂ ᠰᠤᠮᠤ ᠲᠡᠷᠢ ᠣᠯᠤᠭᠰᠠᠨ ᠦᠭᠡᠢ᠃     ᠠᠷᠠᠳ ᠤᠨ ᠴᠠᠭᠳᠠᠭ᠎ᠠ ᠪᠦᠦ ᠣᠪᠣᠭᠲᠤ ᠶᠢ ᠬᠠᠤᠯᠢ ᠶᠣᠰᠣᠭᠠᠷ ᠰᠢᠭᠦᠵᠦ᠂ ᠦᠵᠡᠯ ᠰᠠᠨᠠᠭ᠎ᠠ ᠬᠠᠤᠯᠢ ᠴᠠᠭᠠᠵᠠ ᠶᠢᠨ ᠬᠥᠮᠦᠵᠢᠯ ᠬᠢᠭᠰᠡᠨ ᠳᠤ᠂  ᠪᠦᠦ ᠣᠪᠣᠭᠲᠤ ᠡᠴᠦᠰ ᠲᠤ ᠪᠠᠨ ᠶᠠᠯᠠᠲᠤ ᠠᠵᠢᠯᠯᠠᠭ᠎ᠠ ᠪᠠᠨ ᠢᠶᠠᠨ ᠦᠨᠡᠨ ᠮᠥᠨ ᠢᠶᠠᠷ ᠢᠶᠠᠨ ᠦᠴᠢᠭᠯᠡᠭᠰᠡᠨ ᠮᠦᠷᠳᠡᠬᠡᠨ ᠭᠠᠨᠵᠤᠭ᠎ᠠ ᠪᠠᠯᠭᠠᠰᠤ ᠶᠢᠨ ᠨᠢᠭᠡᠨ ᠪᠡᠶ᠎ᠡ ᠤᠬᠢᠶᠠᠬᠤ ᠲᠥᠪ ᠤᠨ ᠭᠠᠵᠠᠷ ᠳᠣᠣᠷᠠᠬᠢ ᠤᠰᠤᠨ ᠬᠥᠭᠡᠷᠭᠡ ᠶᠢᠨ ᠭᠡᠷ ᠲᠤ ᠪᠦᠦ ᠣᠪᠣᠭᠲᠤ ᠶᠢᠨ ᠥᠪᠡᠷ ᠢᠶᠠᠨ ᠦᠢᠯᠡᠳᠦᠭᠰᠡᠨ ᠬᠡᠶᠢᠲᠦ ᠫᠤᠤ 1᠂ ᠬᠡᠶᠢᠲᠦ ᠫᠤᠤ ᠶᠢᠨ ᠲᠤᠭᠤᠯᠭᠠᠨ ᠰᠤᠮᠤ 1262᠂ ᠬᠤᠷᠭᠤᠯᠵᠢ 489᠂ ᠲᠤᠭᠤᠯᠭᠠᠨ ᠰᠤᠮᠤᠨ ᠤ ᠬᠡᠪ 1᠂ ᠬᠡᠶᠢᠲᠦ ᠫᠤᠤ ᠶᠢᠨ ᠬᠡᠶᠢᠲᠦ ᠲᠦᠩᠰᠡ 1 ᠶᠢ ᠨᠢᠭᠤᠵᠤ ᠪᠠᠶᠢᠭᠰᠠᠨ ᠢᠶᠠᠨ ᠲᠤᠰᠢᠶᠠᠪᠠ᠃ ᠪᠠᠰᠠ ᠲᠡᠭᠦᠨ ᠤ ᠫᠤᠤ ᠵᠡᠪᠰᠡᠭ ᠤᠨ ᠰᠡᠯᠪᠢᠭ ᠲᠣᠨᠤᠭ ᠬᠤᠳᠠᠯᠳᠤᠨ ᠠᠪᠴᠤ ᠫᠤᠤ ᠵᠡᠪᠰᠡᠭ ᠦᠢᠯᠡᠳᠬᠦ ᠤᠭ ᠰᠠᠨᠠᠭ᠎ᠠ ᠪᠠ ᠶᠠᠪᠤᠴᠠ ᠪᠠᠨ ᠦᠨᠡᠨ ᠮᠥᠨ ᠢᠶᠠᠷ ᠢᠶᠠᠨ ᠥᠴᠢᠭᠯᠡᠪᠡ᠃ ᠪᠦᠦ ᠣᠪᠣᠭᠲᠤ ᠬᠤᠪᠢ ᠬᠥᠮᠦᠨ ᠤ ᠳᠤᠷ᠎ᠠ ᠰᠣᠨᠢᠷᠬᠠᠯ ᠪᠠ ᠰᠡᠳᠦᠯᠲᠡ ᠤᠯᠬᠤ ᠶᠢᠨ ᠲᠥᠯᠥᠭᠡ᠂ ᠶᠠᠮᠠᠷ ᠨᠢᠭᠡᠨ ᠲᠠᠪᠴᠠᠩ ᠠᠴᠠ ᠬᠡᠶᠢᠲᠦ ᠫᠤᠤ ᠤᠭᠰᠠᠷᠠᠬᠤ ᠶᠠᠪᠤᠴᠠ ᠶᠢ ᠣᠶᠢᠯᠠᠭᠠᠬᠤ ᠶᠢᠨ ᠬᠠᠮᠲᠤ ᠰᠤᠷᠴᠤ᠂ ᠰᠡᠭᠦᠯᠡᠷ ᠨᠢ ᠶᠠᠮᠠᠷ ᠨᠢᠭᠡᠨ ᠲᠠᠪᠴᠠᠩ ᠢᠶᠠᠷ ᠳᠠᠮᠵᠢᠭᠤᠯᠤᠨ ᠬᠡᠶᠢᠲᠦ ᠫᠤᠤ ᠤᠭᠰᠠᠷᠠᠬᠤ ᠳᠤ ᠬᠡᠷᠡᠭᠰᠡᠬᠦ ᠫᠤᠤ ᠵᠡᠪᠰᠡᠭ ᠢ ᠬᠤᠳᠠᠯᠳᠤᠨ ᠠᠪᠤᠪᠠ᠃ 2024 ᠣᠨ ᠤ 1 ᠰᠠᠷ᠎ᠠ ᠳᠤ᠂ ᠪᠦᠦ ᠣᠪᠣᠭᠲᠤ ᠭᠠᠨᠵᠤᠭ᠎ᠠ ᠰᠤᠮᠤ ᠶᠢᠨ ᠥᠪᠡᠷᠲᠡᠭᠡᠨ ᠭᠠᠷᠭᠠᠭᠰᠠᠨ ᠰᠡᠯᠪᠢᠨ ᠵᠠᠰᠠᠬᠤ ᠭᠠᠵᠠᠷ ᠲᠤ ᠬᠤᠳᠠᠯᠳᠤᠨ ᠠᠪᠤᠭᠰᠠᠨ ᠫᠤᠤ ᠵᠡᠪᠰᠡᠭ ᠤᠨ ᠰᠡᠯᠪᠢᠭ ᠲᠣᠨᠤᠭ ᠢᠶᠠᠨ ᠠᠰᠢᠭᠯᠠᠨ ᠫᠤᠤᠳᠠᠵᠤ ᠪᠣᠯᠬᠤ ᠬᠡᠶᠢᠲᠦ ᠫᠤᠤ ᠤᠭᠰᠠᠷᠠᠵᠤ᠂ ᠪᠠᠭᠠᠲᠠᠯ᠎ᠠ ᠰᠤᠮᠤ ᠶᠢᠨ ᠨᠢᠭᠡᠨ ᠭᠠᠴᠠᠭᠠᠨ ᠤ ᠠᠭᠤᠯᠠᠨ ᠳᠡᠭᠡᠷ᠎ᠡ ᠬᠦᠷᠴᠦ ᠲᠤᠷᠰᠢᠵᠤ ᠦᠵᠡᠭᠰᠡᠨ ᠪᠥᠭᠡᠳ ᠠᠮᠵᠢᠯᠲᠠ ᠲᠠᠢ ᠫᠤᠤᠳᠠᠵᠠᠢ᠃       ᠪᠦᠦ ᠣᠪᠣᠭᠲᠤ ᠫᠤᠤ ᠵᠡᠪᠰᠡᠭ ᠢ ᠬᠤᠪᠢ ᠪᠠᠷ ᠢᠶᠠᠨ ᠦᠢᠯᠡᠳᠬᠦ᠂ ᠬᠠᠳᠠᠭᠠᠯᠠᠬᠤ ᠪᠣᠯ ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠪᠣᠯᠬᠤ ᠶᠢ ᠰᠠᠶᠢᠨ ᠮᠡᠳᠡᠵᠤ᠂ ᠬᠡᠶᠢᠲᠦ ᠫᠤᠤ ᠶᠢ ᠭᠡᠷ ᠲᠤ ᠪᠠᠨ ᠬᠠᠳᠠᠭᠠᠯᠠᠭᠳᠠᠭᠠᠳ ᠮᠡᠳᠡᠭᠳᠡᠴᠢᠬᠡᠬᠦ ᠠᠴᠠ ᠠᠶᠤᠵᠤ᠂ ᠭᠠᠨᠵᠤᠭ᠎ᠠ ᠪᠠᠯᠭᠠᠰᠤ ᠶᠢᠨ ᠨᠢᠭᠡᠨ ᠤᠬᠢᠶᠠᠯᠭ᠎ᠠ ᠶᠢᠨ ᠭᠠᠵᠠᠷ ᠤᠨ ᠭᠠᠵᠠᠷ ᠳᠣᠣᠷᠠᠬᠢ ᠤᠰᠤᠨ ᠤ ᠬᠥᠭᠡᠷᠭᠡ ᠶᠢᠨ ᠭᠡᠷ ᠲᠤ ᠠᠵᠢᠯᠯᠠᠬᠤ ᠲᠦᠬᠦᠮ ᠪᠠᠷ᠂ ᠬᠡᠶᠢᠲᠦ ᠫᠤᠤ᠂ ᠲᠤᠭᠤᠯᠭᠠᠨ ᠰᠤᠮᠤ᠂ ᠬᠡᠶᠢᠲᠦ ᠫᠤᠤ ᠶᠢᠨ ᠬᠡᠪ ᠬᠡᠷᠡᠭᠰᠡᠯ ᠵᠡᠷᠭᠡ ᠬᠤᠯᠪᠣᠭᠳᠠᠯ ᠪᠦᠬᠦᠢ ᠲᠤᠨᠤᠭ ᠢ ᠤᠰᠤᠨ ᠬᠥᠭᠡᠷᠭᠡ ᠶᠢᠨ ᠭᠡᠷ ᠳᠣᠲᠣᠷ᠎ᠠ ᠰᠡᠮᠡᠭᠡᠷ ᠨᠢᠭᠤᠪᠠ᠃ ᠣᠳᠣᠬᠠᠨ ᠳᠤ᠂ ᠶᠠᠯ᠎ᠠ ᠬᠢᠭᠰᠡᠨ ᠰᠡᠵᠢᠭᠳᠡᠨ ᠪᠦᠦ ᠣᠪᠣᠭᠲᠤ ᠫᠤᠤ ᠵᠡᠪᠰᠡᠭ ᠰᠤᠮᠤ ᠳᠠᠷᠢ ᠶᠢ ᠬᠠᠤᠯᠢ ᠪᠤᠰᠤ ᠪᠠᠷ ᠦᠢᠯᠡᠳᠦᠭᠰᠡᠨ᠂ ᠬᠤᠳᠠᠯᠳᠤᠭᠠᠯᠠᠭᠰᠠᠨ᠂ ᠵᠥᠭᠡᠭᠡᠪᠦᠷᠢᠯᠡᠭᠰᠡᠨ᠂ ᠰᠢᠤᠳᠠᠨ ᠢᠶᠠᠷ ᠢᠯᠡᠭᠡᠭᠰᠡᠨ᠂ ᠬᠠᠳᠠᠭᠠᠯᠠᠭᠰᠠᠨ ᠶᠠᠯ᠎ᠠ ᠬᠢᠭᠰᠡᠨ ᠢᠶᠠᠷ ᠰᠡᠵᠢᠭᠯᠡᠭᠳᠡᠵᠦ᠂ ᠨᠢᠭᠡᠨᠲᠡ ᠡᠷᠡᠭᠦᠦ ᠶᠢᠨ ᠬᠡᠷᠡᠭ ᠤᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠤ᠂ ᠬᠡᠷᠡᠭ ᠢ ᠶᠠᠭ ᠤᠯᠠᠮ ᠨᠢᠭᠡ ᠠᠯᠬᠤᠮ ᠲᠤᠷᠰᠢᠨ ᠪᠠᠶᠢᠴᠠᠭᠠᠵᠤ ᠪᠠᠶᠢᠨ᠎ᠠ᠃
ᠢᠷᠡᠯᠲᠡ᠄ ᠲᠦᠩᠯᠢᠶᠣᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ