11 ᠳ᠋ᠤᠭᠡᠷ ᠰᠠᠷ᠎ᠠ᠎ᠶ᠋ᠢᠨ 5 ᠤ ᠡᠳᠦᠷ᠂ ᠳᠣᠯᠣᠳᠤᠭᠠᠷ ᠬᠤᠭᠤᠴᠠᠭᠠᠨ᠎ᠤ ᠳᠤᠮᠳᠠᠳᠤ ᠤᠯᠤᠰ ᠠᠷᠠᠪ ᠤᠯᠤᠰ᠎ᠤᠳ᠎ᠤᠨ ᠷᠠᠳᠢᠣ᠋ ᠲᠧᠯᠸᠢᠰ᠎ᠤᠨ ᠬᠠᠮᠲᠤᠷᠠᠯᠴᠠᠭᠠᠨ᠎ᠤ ᠶᠠᠷᠢᠯᠴᠠᠭᠠᠨ᠎ᠤ ᠲᠠᠪᠴᠠᠩ ᠴᠦᠩᠴᠢᠩ᠎ᠳᠤ ᠡᠬᠢᠯᠡᠪᠡ᠃ ᠴᠦᠩᠴᠢᠩ ᠬᠤᠲᠠ᠎ᠶ᠋ᠢᠨ ᠨᠠᠮ᠎ᠤᠨ ᠬᠤᠷᠢᠶᠠᠨ᠎ᠤ ᠱᠦᠵᠢ ᠶᠤᠸᠠᠨ ᠵᠢᠶᠠ ᠵᠢᠶᠦ᠋ᠨ ᠣᠷᠣᠯᠴᠠᠵᠤ ᠶᠠᠷᠢᠯᠴᠠᠭᠠᠨ᠎ᠤ ᠲᠠᠪᠴᠠᠩ ᠡᠬᠢᠯᠡᠭ᠌ᠰᠡᠨ᠎ᠢ ᠵᠠᠷᠯᠠᠪᠠ᠃ ᠲᠥᠪ᠎ᠤᠨ ᠤᠬᠠᠭᠤᠯᠬᠤ ᠬᠡᠯᠲᠡᠰ᠎ᠤᠨ ᠳᠡᠳ᠋ ᠬᠡᠯᠲᠡᠰ᠎ᠤᠨ ᠳᠠᠷᠤᠭ᠎ᠠ᠂ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠶ᠋ᠢᠨ ᠨᠠᠮ᠎ᠤᠨ ᠤᠳᠤᠷᠢᠳᠭᠤ ᠳᠤᠭᠤᠢᠯᠠᠩ᠎ᠤᠨ ᠱᠦᠵᠢ᠂ ᠲᠣᠪᠴᠢᠶ᠎ᠠ᠎ᠶ᠋ᠢᠨ ᠳᠠᠷᠤᠭ᠎ᠠ ᠼᠤᠤ ᠱᠤ᠌ ᠮᠢᠨ᠂ ᠴᠦᠩᠴᠢᠩ ᠬᠤᠲᠠ᠎ᠶ᠋ᠢᠨ ᠨᠠᠮ᠎ᠤᠨ ᠬᠤᠷᠢᠶᠠᠨ᠎ᠤ ᠳᠡᠳ᠋ ᠱᠦᠵᠢ᠂ ᠴᠦᠩᠴᠢᠩ ᠬᠤᠲᠠ᠎ᠶ᠋ᠢᠨ ᠠᠷᠠᠳ᠎ᠤᠨ ᠵᠠᠰᠠᠭ᠎ᠤᠨ ᠣᠷᠳᠣᠨ᠎ᠤ ᠬᠤᠲᠠ᠎ᠶ᠋ᠢᠨ ᠳᠠᠷᠤᠭ᠎ᠠ ᠬᠤ᠌ ᠾᠧᠩ ᠬᠤᠸᠠ᠂ ᠠᠷᠠᠪ ᠤᠯᠤᠰ᠎ᠤᠳ᠎ᠤᠨ ᠷᠠᠳᠢᠣ᠋ ᠲᠧᠯᠸᠢᠰ᠎ᠤᠨ ᠨᠠᠷᠢᠨ ᠪᠢᠴᠢᠭ᠎ᠤᠨ ᠳᠠᠷᠤᠭ᠎ᠠ ᠠᠪᠳᠦ᠋ᠯᠠᠱᠢᠮᠦ • ᠰᠦᠯᠠᠢᠮᠠᠨ ᠡᠬᠢᠯᠡᠯᠲᠡ᠎ᠶ᠋ᠢᠨ ᠶᠣᠰᠣᠯᠠᠯ᠎ᠳᠤ ᠣᠷᠣᠯᠴᠠᠬᠤ᠎ᠶ᠋ᠢᠨ ᠬᠠᠮᠲᠤ ᠪᠠᠶᠠᠷ᠎ᠤᠨ ᠦᠭᠡ ᠬᠡᠯᠡᠵᠦ᠍᠂ ᠠᠷᠠᠪ ᠤᠯᠤᠰ᠎ᠤᠳ᠎ᠤᠨ ᠷᠠᠳᠢᠣ᠋ ᠲᠧᠯᠸᠢᠰ᠎ᠤᠨ ᠨᠠᠷᠢᠨ ᠪᠢᠴᠢᠭ᠎ᠤᠨ ᠳᠠᠷᠤᠭ᠎ᠠ ᠠᠢᠬᠠᠮᠧᠳ᠋ • ᠠᠪᠦ᠋ • ᠭᠠᠢᠲ ᠸᠢᠳᠢᠤ᠋᠎ᠪᠠᠷ ᠪᠠᠶᠠᠷ᠎ᠤᠨ ᠦᠭᠡ ᠬᠡᠯᠡᠪᠡ᠃ ᠳᠤᠮᠳᠠᠳᠤ ᠤᠯᠤᠰ ᠪᠠ ᠠᠷᠠᠪ ᠤᠯᠤᠰ᠎ᠠᠴᠠ ᠢᠷᠡᠭ᠌ᠰᠡᠨ 16 ᠷᠠᠳᠢᠣ᠋ ᠲᠧᠯᠸᠢᠰ᠎ᠤᠨ ᠵᠠᠰᠠᠭ᠎ᠤᠨ ᠣᠷᠳᠣᠨ᠎ᠤ ᠭᠤᠤᠯᠯᠠᠨ ᠬᠠᠮᠢᠶᠠᠷᠬᠤ ᠰᠠᠯᠠᠭ᠎ᠠ ᠮᠥᠴᠢᠷ᠂ ᠷᠠᠳᠢᠣ᠋ ᠲᠧᠯᠸᠢᠰ᠎ᠤᠨ ᠦᠵᠡᠵᠦ᠍ ᠰᠣᠨᠣᠰᠭᠤ ᠵᠠᠭᠤᠴᠢᠯᠠᠭᠤᠷ᠂ ᠣᠯᠠᠨ ᠤᠯᠤᠰ᠎ᠤᠨ ᠵᠣᠬᠢᠶᠠᠨ ᠪᠠᠢᠭᠤᠯᠤᠯᠲᠠ᠂ ᠳᠤᠮᠳᠠᠳᠤ ᠤᠯᠤᠰ᠎ᠲᠤ ᠰᠠᠭᠤᠭ᠎ᠠ ᠡᠯᠴᠢᠨ ᠰᠠᠢᠳ᠂ ᠬᠤᠯᠪᠣᠭ᠍ᠳᠠᠯ ᠪᠥᠬᠦᠶ ᠠᠵᠤ ᠠᠬᠤᠢᠯᠠᠯ ᠪᠠ ᠶᠡᠭᠡ ᠳᠡᠭᠡᠳᠦ ᠰᠤᠷᠭᠠᠭᠤᠯᠢ᠎ᠶ᠋ᠢᠨ ᠣᠶᠤᠨ᠎ᠤ ᠬᠥᠮᠥᠷᠭᠡ᠎ᠶ᠋ᠢᠨ 300 ᠨᠡᠷᠡᠰ ᠲᠥᠯᠥᠭᠡᠯᠡᠭ᠌ᠴᠢ ᠬᠠᠮᠲᠤ᠎ᠪᠠᠷ ᠡᠬᠢᠯᠡᠯᠲᠡ᠎ᠶ᠋ᠢᠨ ᠶᠣᠰᠣᠯᠠᠯ᠎ᠳᠤ ᠣᠷᠣᠯᠴᠠᠪᠠ᠃
ᠲᠤᠰ ᠬᠤᠭᠤᠴᠠᠭᠠᠨ᠎ᠤ ᠶᠠᠷᠢᠯᠴᠠᠭᠠᠨ᠎ᠤ ᠲᠠᠪᠴᠠᠩ᠎ᠨᠢ 《ᠳᠤᠮᠳᠠᠳᠤ ᠤᠯᠤᠰ ᠪᠠ ᠠᠷᠠᠪ ᠪᠣᠯᠪᠠᠰᠤᠨ᠎ᠢᠶᠠᠨ ᠬᠠᠷᠢᠯᠴᠠᠨ ᠲᠤᠯᠢᠳᠠᠵᠤ ᠦᠵᠡᠵᠦ᠍ ᠰᠣᠨᠣᠰᠭᠤ᠎ᠶ᠋ᠢᠨ ᠱᠢᠨ᠎ᠡ᠎ᠶ᠋ᠢ ᠡᠭᠦᠳᠴᠦ᠍ ᠬᠠᠮᠲᠤ᠎ᠪᠠᠷ ᠢᠯᠠᠯᠲᠠ ᠣᠯᠬᠤ 》᠎ᠪᠠᠷ ᠭᠤᠣᠯ ᠰᠡᠳᠦᠪ ᠪᠣᠯᠭᠠᠵᠤ᠂ ᠠᠷᠠᠪ᠎ᠤᠨ ᠤᠯᠤᠰ᠎ᠤᠳ᠎ᠤᠨ ᠬᠤᠯᠪᠣᠭᠠᠨ᠎ᠤ ᠲᠤᠰᠠᠯᠠᠭ᠍ᠴᠢ ᠨᠠᠷᠢᠨ ᠪᠢᠴᠢᠭ᠎ᠤᠨ ᠳᠠᠷᠤᠭ᠎ᠠ ᠠᠢᠬᠠᠮᠧᠳ᠋ • ᠯᠠᠱᠢᠳ᠋ᠸ • ᠬᠠᠲᠪ᠂ ᠪᠠᠯᠧᠰᠲ᠋ᠠᠨᠤ ᠷᠠᠳᠢᠣ᠋ ᠲᠧᠯᠸᠢᠰ᠎ᠤᠨ ᠶᠡᠷᠦᠩᠬᠡᠢ ᠲᠣᠪᠴᠢᠶᠠᠨ᠎ᠤ ᠳᠠᠷᠤᠭ᠎ᠠ ᠠᠢᠬᠠᠮᠧᠳ᠋ • ᠠᠰᠠᠹ᠂ ᠶᠧᠵᠢᠫᠲ᠎ᠤᠨ ᠵᠠᠭᠤᠴᠢᠯᠠᠭᠤᠷ᠎ᠤᠨ ᠬᠠᠮᠢᠶᠠᠷᠤᠯᠲᠠ᠎ᠶ᠋ᠢᠨ ᠬᠠᠮᠤᠭ᠎ᠤᠨ ᠳᠡᠭᠡᠳᠦ ᠵᠥᠪᠯᠡᠯ᠎ᠤᠨ ᠲᠡᠷᠢᠭᠦᠯᠡᠭ᠌ᠴᠢ ᠬᠠᠯᠢᠳ᠋ᠸ • ᠠᠪᠸᠳᠤᠯ • ᠠᠴᠸᠽ᠂ ᠮᠣᠯᠤᠲ᠋ᠠᠨᠢᠶᠠᠶ᠋ᠢᠨ ᠰᠣᠨᠢᠨ ᠮᠡᠳᠡᠭᠡ ᠪᠠ ᠦᠵᠡᠵᠦ᠍ ᠰᠣᠨᠣᠰᠭᠤ᠎ᠶ᠋ᠢᠨ ᠳᠡᠭᠡᠳᠦ ᠵᠡᠷᠭᠡ᠎ᠶ᠋ᠢᠨ ᠬᠠᠮᠢᠶᠠᠷᠤᠯᠲᠠ᠎ᠶ᠋ᠢᠨ ᠲᠣᠪᠴᠢᠶᠠᠨ᠎ᠤ ᠲᠣᠪᠴᠢᠶ᠎ᠠ᠎ᠶ᠋ᠢᠨ ᠳᠠᠷᠤᠭ᠎ᠠ ᠮᠦᠬᠠᠨᠮᠦᠳ᠋ • ᠠᠪᠳᠦ᠋ᠯᠠᠰᠢ • ᠯᠠᠢᠪᠪᠦ᠋ ᠵᠡᠷᠭᠡ ᠠᠷᠠᠪ ᠤᠯᠤᠰ᠎ᠤᠳ᠎ᠤᠨ ᠲᠥᠯᠥᠭᠡᠯᠡᠭ᠌ᠴᠢ ᠭᠤᠣᠯ ᠰᠡᠳᠦᠪᠲᠦ ᠶᠠᠷᠢᠶ᠎ᠠ ᠲᠠᠯᠪᠢᠪᠠ᠃
ᠶᠠᠷᠢᠯᠴᠠᠭᠠᠨ᠎ᠤ ᠲᠠᠪᠴᠠᠩ᠎ᠤᠨ ᠬᠤᠭᠤᠴᠠᠭᠠᠨ᠎ᠳᠤ᠂ ᠳᠤᠮᠳᠠᠳᠤ ᠤᠯᠤᠰ ᠪᠠ ᠠᠷᠠᠪ᠎ᠤᠨ ᠬᠦᠨᠳᠦᠲᠦ ᠵᠣᠴᠢᠳ ᠠᠭᠤᠯᠭ᠎ᠠ ᠪᠠ ᠮᠡᠷᠭᠡᠵᠢᠯ ᠬᠤᠶᠠᠷ ᠶᠡᠭᠡ ᠴᠢᠭ᠌ᠯᠡᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ 《 ᠳ᠋ᠢᠭᠢᠲᠴᠢᠯᠡᠭ᠌ᠰᠡᠨ ᠵᠠᠭᠤᠴᠢᠯᠠᠭᠤᠷ᠎ᠤᠨ ᠴᠠᠭ ᠦᠶ᠎ᠡ᠎ᠶ᠋ᠢᠨ ᠳᠤᠮᠳᠠᠳᠤ ᠤᠯᠤᠰ ᠪᠠ ᠠᠷᠠᠪ᠎ᠤᠨ ᠦᠵᠡᠵᠦ᠍ ᠰᠣᠨᠣᠰᠭᠤ ᠠᠭᠤᠯᠭ᠎ᠠ᠎ᠶ᠋ᠢᠨ ᠬᠠᠮᠲᠤᠷᠠᠯᠴᠠᠭ᠎ᠠ 》 ᠪᠠ 《 ᠮᠡᠷᠭᠡᠵᠢᠯ᠎ᠢᠶᠠᠷ ᠬᠦᠴᠦᠨ ᠨᠡᠮᠡᠷᠢᠯᠡᠬᠦ᠌ ᠦᠵᠡᠵᠦ᠍ ᠰᠣᠨᠣᠰᠭᠤ ᠠᠵᠤ ᠦᠢᠯᠡᠰ᠎ᠤᠨ ᠴᠢᠨᠠᠷ ᠰᠠᠢᠲᠠᠶ ᠬᠥᠭ᠌ᠵᠢᠯᠲᠡ 》᠎ᠶ᠋ᠢᠨ ᠵᠥᠪᠯᠡᠬᠦ᠌ ᠰᠡᠳᠦᠪ᠎ᠤᠨ ᠲᠣᠭᠤᠷᠢᠨ᠎ᠳᠤ ᠰᠤᠳᠤᠯᠤᠨ ᠶᠠᠷᠢᠯᠴᠠᠵᠤ᠂ ᠠᠭᠤᠯᠭ᠎ᠠ᠎ᠶ᠋ᠢᠨ ᠬᠠᠮᠲᠤᠷᠠᠯᠴᠠᠭ᠎ᠠ᠂ ᠮᠡᠷᠭᠡᠵᠢᠯ᠎ᠤᠨ ᠬᠡᠷᠡᠭ᠌ᠯᠡᠯᠲᠡ᠂ ᠱᠢᠨ᠎ᠡ ᠡᠵᠡᠩᠨᠡᠯᠲᠡ᠎ᠶ᠋ᠢᠨ ᠬᠡᠯᠪᠡᠷᠢ᠎ᠶ᠋ᠢ ᠪᠤᠢᠵᠢᠭᠤᠯᠬᠤ ᠵᠡᠷᠭᠡ᠎ᠳᠤ ᠭᠤᠤᠯᠳᠠᠯᠭ᠎ᠠ᠎ᠲᠠᠢ ᠴᠢᠭ᠌ᠯᠡᠭᠦᠯᠦᠨ ᠶᠠᠷᠢᠯᠴᠠᠭ᠎ᠠ ᠰᠣᠯᠢᠯᠴᠠᠭ᠎ᠠ ᠬᠢᠪᠡ᠃ ᠬᠤᠷᠠᠯ᠎ᠳᠤ ᠣᠷᠣᠯᠴᠠᠭ᠍ᠰᠠᠨ ᠬᠦᠨᠳᠦᠲᠦ ᠵᠣᠴᠢᠳ 《ᠳᠣᠯᠣᠳᠤᠭᠠᠷ ᠬᠤᠭᠤᠴᠠᠭᠠᠨ᠎ᠤ ᠳᠤᠮᠳᠠᠳᠤ ᠤᠯᠤᠰ ᠠᠷᠠᠪ ᠤᠯᠤᠰ᠎ᠤᠳ᠎ᠤᠨ ᠷᠠᠳᠢᠣ᠋ ᠲᠧᠯᠸᠢᠰ᠎ᠤᠨ ᠬᠠᠮᠲᠤᠷᠠᠯᠴᠠᠭᠠᠨ᠎ᠤ ᠶᠠᠷᠢᠯᠴᠠᠭᠠᠨ᠎ᠤ ᠲᠠᠪᠴᠠᠩ᠎ᠤᠨ ᠬᠠᠮᠲᠤ᠎ᠶ᠋ᠢᠨ ᠲᠤᠩᠬᠠᠭ 》᠎ᠢ ᠰᠠᠨᠠᠯ ᠨᠢᠭᠡᠲᠡᠶ ᠪᠠᠲᠤᠯᠠᠭ᠍ᠰᠠᠨ ᠪᠥᠭᠡᠳ ᠨᠡᠢᠲᠡᠯᠡᠵᠦ᠍᠂ ᠳᠤᠮᠳᠠᠳᠤ ᠤᠯᠤᠰ ᠪᠠ ᠠᠷᠠᠪ᠎ᠤᠨ ᠷᠠᠳᠢᠣ᠋ ᠲᠧᠯᠸᠢᠰ᠎ᠤᠨ ᠦᠵᠡᠵᠦ᠍ ᠰᠣᠨᠣᠰᠭᠤ ᠲᠥᠷᠥ᠎ᠶ᠋ᠢᠨ ᠪᠣᠳᠣᠯᠭ᠎ᠠ᠂ ᠠᠭᠤᠯᠭ᠎ᠠ᠂ ᠮᠡᠷᠭᠡᠵᠢᠯ᠂ ᠠᠵᠢᠯᠲᠠᠨ᠎ᠤ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠤᠯᠠᠮ ᠨᠢᠭᠡ ᠠᠯᠬᠤᠮ ᠭᠦᠨᠵᠡᠭᠡᠢᠷᠡᠭᠦᠯᠵᠦ᠍᠂ ᠪᠣᠯᠪᠠᠰᠤᠨ᠎ᠤ ᠶᠠᠷᠢᠯᠴᠠᠭᠠᠨ᠎ᠤ ᠴᠠᠭ ᠦᠶ᠎ᠡ᠎ᠶ᠋ᠢᠨ ᠱᠢᠨ᠎ᠡ ᠬᠡᠪ ᠳᠠᠭᠤᠷᠢᠶᠠᠯ᠎ᠢ ᠪᠣᠶ ᠪᠣᠯᠭᠠᠪᠠ᠃ ᠡᠭᠦᠨ᠎ᠠᠴᠠ ᠭᠠᠳᠠᠨ᠎ᠠ᠂ ᠶᠠᠷᠢᠯᠴᠠᠭᠠᠨ᠎ᠤ ᠲᠠᠪᠴᠠᠩ ᠪᠠᠰᠠ 50 ᠭᠠᠷᠤᠶ ᠲᠥᠷᠥᠯ᠎ᠤᠨ ᠳᠤᠮᠳᠠᠳᠤ ᠤᠯᠤᠰ ᠪᠠ ᠠᠷᠠᠪ᠎ᠤᠨ ᠦᠵᠡᠵᠦ᠍ ᠰᠣᠨᠣᠰᠭᠤ ᠬᠦᠷᠢᠶᠡᠨ᠎ᠳᠠᠬᠢ ᠬᠠᠮᠲᠤᠷᠠᠯᠴᠠᠭᠠᠨ᠎ᠤ ᠦᠷ᠎ᠡ ᠪᠦᠲᠦᠭᠡᠯ᠎ᠢ ᠨᠡᠢᠲᠡᠯᠡᠵᠦ᠍᠂ ᠳᠥᠷᠪᠡᠳᠦᠭᠡᠷ ᠬᠤᠭᠤᠴᠠᠭᠠᠨ᠎ᠤ ᠳᠤᠮᠳᠠᠳᠤ ᠤᠯᠤᠰ ᠠᠷᠠᠪ ᠤᠯᠤᠰ᠎ᠤᠳ᠎ᠤᠨ ᠣᠬᠤᠷ ᠸᠢᠳᠢᠣ᠋᠎ᠶ᠋ᠢᠨ ᠤᠷᠤᠯᠳᠤᠭᠠᠨ᠎ᠤ ᠱᠠᠩᠨᠠᠯ ᠭᠥᠷᠳᠡᠭ᠌ᠰᠡᠨ ᠪᠦᠲᠦᠭᠡᠯ᠎ᠢ ᠨᠡᠢᠲᠡᠯᠡᠵᠦ᠍᠂ ᠳᠤᠮᠳᠠᠳᠤ ᠤᠯᠤᠰ ᠪᠠ ᠠᠷᠠᠪ᠎ᠤᠨ ᠷᠠᠳᠢᠣ᠋ ᠲᠧᠯᠸᠢᠰ᠎ᠤᠨ ᠦᠵᠡᠵᠦ᠍ ᠰᠣᠨᠣᠰᠭᠤ ᠠᠭᠤᠯᠭ᠎ᠠ ᠪᠠ ᠮᠡᠷᠭᠡᠵᠢᠯ᠎ᠤᠨ ᠰᠣᠯᠢᠯᠴᠠᠭᠠᠨ᠎ᠤ ᠦᠵᠡᠭᠦᠯᠭᠡ᠂ ᠳᠤᠮᠳᠠᠳᠤ ᠤᠯᠤᠰ ᠪᠠ ᠠᠷᠠᠪ᠎ᠤᠨ ᠬᠠᠮᠲᠤᠷᠠᠯᠴᠠᠭᠠᠨ᠎ᠤ ᠭᠤᠤᠯ ᠰᠡᠳᠦᠪᠲᠦ ᠳᠠᠭᠤᠤ ᠬᠥᠭ᠌ᠵᠢᠮ᠎ᠤᠨ ᠴᠤᠭ᠍ᠯᠠᠭᠠᠨ᠂ ᠳᠤᠮᠳᠠᠳᠤ ᠤᠯᠤᠰ ᠪᠠ ᠠᠷᠠᠪ᠎ᠤᠨ ᠵᠠᠭᠤᠴᠢᠯᠠᠭᠤᠷ᠎ᠤᠨ ᠰᠤᠷᠪᠤᠯᠵᠢᠯᠠᠭ᠎ᠠ ᠵᠡᠷᠭᠡ ᠣᠯᠠᠨ ᠵᠦᠢᠯ᠎ᠤᠨ ᠠᠵᠢᠯᠯᠠᠭ᠎ᠠ᠎ᠶ᠋ᠢ ᠡᠷᠭᠢᠯᠡᠪᠡ᠃
ᠲᠤᠰ ᠤᠳᠠᠭᠠᠨ᠎ᠤ ᠶᠠᠷᠢᠯᠴᠠᠭᠠᠨ᠎ᠤ ᠲᠠᠪᠴᠠᠩ ᠵᠢᠴᠢ ᠬᠤᠶᠠᠳᠤᠭᠠᠷ ᠬᠤᠭᠤᠴᠠᠭᠠᠨ᠎ᠤ ᠳᠤᠮᠳᠠᠳᠤ ᠤᠯᠤᠰ ᠪᠠ ᠠᠷᠠᠪ᠎ᠤᠨ ᠲᠦᠷᠦᠭᠦᠴᠦᠳ᠎ᠤᠨ ᠬᠤᠷᠠᠯ᠎ᠳᠤ ᠬᠠᠮᠵᠢᠯᠴᠠᠬᠤ᠎ᠶ᠋ᠢᠨ ᠲᠥᠯᠥᠭᠡ᠂ ᠡᠨᠡ ᠵᠢᠯ᠎ᠤᠨ 9 ᠳ᠋ᠤᠭᠡᠷ ᠰᠠᠷ᠎ᠠ᠎ᠠᠴᠠ ᠢᠷᠡᠬᠦ᠌ ᠵᠢᠯ᠎ᠤᠨ 6 ᠳ᠋ᠤᠭᠠᠷ ᠰᠠᠷ᠎ᠠ ᠪᠣᠯᠲᠠᠯ᠎ᠠ᠂ ᠳᠤᠮᠳᠠᠳᠤ ᠤᠯᠤᠰ ᠪᠠ ᠠᠷᠠᠪ᠎ᠤᠨ ᠵᠠᠭᠤᠴᠢᠯᠠᠭᠤᠷ᠎ᠤᠨ᠎ᠬᠢᠨ 《 ᠦᠵᠡᠵᠦ᠍ ᠰᠣᠨᠣᠰᠭᠤ ᠲᠣᠷᠭᠠᠨ ᠵᠠᠮ • ᠳᠤᠮᠳᠠᠳᠤ ᠤᠯᠤᠰ ᠪᠠ ᠠᠷᠠᠪ᠎ᠤᠨ ᠦᠯᠢᠭᠡᠷ》 ᠭᠡᠬᠦ᠌ ᠳᠤᠮᠳᠠᠳᠤ ᠤᠯᠤᠰ ᠪᠠ ᠠᠷᠠᠪ᠎ᠤᠨ ᠰᠣᠳᠣᠨ ᠦᠵᠡᠵᠦ᠍ ᠰᠣᠨᠣᠰᠭᠤ ᠫᠷᠤᠭ᠌ᠷᠠᠮ᠎ᠢ ᠬᠠᠷᠢᠯᠴᠠᠨ ᠨᠡᠪᠲᠡᠷᠡᠭᠦᠯᠬᠦ᠌ ᠠᠵᠢᠯᠯᠠᠭ᠎ᠠ᠎ᠶ᠋ᠢ ᠦᠷᠭᠦᠯᠵᠢᠯᠡᠨ ᠥᠷᠨᠢᠭᠦᠯᠵᠦ᠍᠂ 《 ᠳᠡᠯᠡᠬᠡᠶ᠎ᠶ᠋ᠢᠨ ᠪᠥᠮᠪᠥᠷᠴᠡᠭ᠎ᠤᠨ ᠡᠬᠡ 》 ᠵᠡᠷᠭᠡ ᠠᠷᠠᠪ ᠤᠯᠤᠰ᠎ᠤᠳ᠎ᠤᠨ ᠱᠢᠯᠢᠳᠡᠭ ᠦᠵᠡᠵᠦ᠍ ᠰᠣᠨᠣᠰᠭᠤ ᠫᠷᠤᠭ᠌ᠷᠠᠮ᠎ᠢ ᠰᠣᠩᠭᠤᠵᠤ᠂ 《ᠣᠪᠣᠭ᠎ᠠ ᠰᠠᠢᠨ ᠬᠥᠮᠦᠨ᠎ᠤ ᠠᠮᠢᠳᠤᠷᠠᠯ 》᠂ 《ᠤᠯᠤᠰ ᠭᠦᠷᠦᠨᠦ ᠴᠡᠴᠡᠭ᠌ᠯᠡᠯᠲᠡ 》᠂ 《ᠮᠠᠯᠤᠷ ᠥᠳᠡᠭᠡᠶ᠋ᠢᠨ ᠭᠠᠢᠬᠠᠮᠱᠢᠭ᠍ᠲᠤ ᠲᠡᠮᠳᠡᠭ᠌ᠯᠡᠯ 》 ᠵᠡᠷᠭᠡ ᠳᠤᠮᠳᠠᠳᠤ ᠤᠯᠤᠰ᠎ᠤᠨ ᠱᠢᠯᠢᠳᠡᠭ ᠦᠵᠡᠵᠦ᠍ ᠰᠣᠨᠣᠰᠭᠤ ᠫᠷᠣᠭ᠌ᠷᠠᠮ ᠵᠢᠴᠢ 《ᠬᠥᠬᠡᠮᠥ᠋ᠷᠡᠨ ᠪᠠ ᠨᠢᠯᠤᠤᠸ ᠭᠤᠣᠯ᠎ᠤᠨ ᠤᠴᠠᠷᠠᠯ 》 ᠵᠡᠷᠭᠡ ᠳᠤᠮᠳᠠᠳᠤ ᠤᠯᠤᠰ ᠪᠠ ᠠᠷᠠᠪ᠎ᠤᠨ ᠬᠠᠮᠲᠤᠷᠠᠨ ᠰᠡᠭᠦᠳᠡᠷᠯᠡᠭ᠌ᠰᠡᠨ ᠪᠦᠲᠦᠭᠡᠯ᠎ᠢ ᠬᠤᠶᠠᠷ ᠲᠠᠯ᠎ᠠ᠎ᠶ᠋ᠢᠨ ᠤᠯᠤᠰ᠎ᠤᠨ ᠭᠤᠣᠯ ᠤᠷᠤᠰᠭᠠᠯ᠎ᠤᠨ ᠵᠠᠭᠤᠴᠢᠯᠠᠭᠤᠷ᠎ᠲᠤ ᠳᠡᠯᠭᠡᠨ ᠨᠡᠪᠲᠡᠷᠡᠭᠦᠯᠵᠦ᠍᠂ ᠳᠤᠮᠳᠠᠳᠤ ᠤᠯᠤᠰ ᠪᠠ ᠠᠷᠠᠪ᠎ᠤᠨ ᠨᠥᠬᠦᠷᠯᠡᠯ᠎ᠤᠨ ᠬᠠᠮᠲᠤᠷᠠᠯᠴᠠᠭᠠᠨ᠎ᠤ ᠦᠯᠢᠭᠡᠷ᠎ᠢ ᠬᠠᠮᠲᠤ᠎ᠪᠠᠷ ᠶᠠᠷᠢᠪᠠ᠃
ᠳᠣᠯᠣᠳᠤᠭᠠᠷ ᠬᠤᠭᠤᠴᠠᠭᠠᠨ᠎ᠤ ᠳᠤᠮᠳᠠᠳᠤ ᠤᠯᠤᠰ ᠠᠷᠠᠪ ᠤᠯᠤᠰ᠎ᠤᠳ᠎ᠤᠨ ᠷᠠᠳᠢᠣ᠋ ᠲᠧᠯᠸᠢᠰ᠎ᠤᠨ ᠬᠠᠮᠲᠤᠷᠠᠯᠴᠠᠭᠠᠨ᠎ᠤ ᠶᠠᠷᠢᠯᠴᠠᠭᠠᠨ᠎ᠤ ᠲᠠᠪᠴᠠᠩ᠎ᠢ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ ᠪᠠ ᠴᠦᠩᠴᠢᠩ ᠬᠤᠲᠠ᠎ᠶ᠋ᠢᠨ ᠠᠷᠠᠳ᠎ᠤᠨ ᠵᠠᠰᠠᠭ᠎ᠤᠨ ᠣᠷᠳᠣᠨ᠂ ᠠᠷᠠᠪ ᠤᠯᠤᠰ᠎ᠤᠳ᠎ᠤᠨ ᠬᠤᠯᠪᠣᠭᠠᠨ᠎ᠤ ᠨᠠᠷᠢᠨ ᠪᠢᠴᠢᠭ᠎ᠤᠨ ᠭᠠᠵᠠᠷ᠂ ᠠᠷᠠᠪ ᠤᠯᠤᠰ᠎ᠤᠳ᠎ᠤᠨ ᠷᠠᠳᠢᠣ᠋ ᠲᠧᠯᠸᠢᠰ᠎ᠤᠨ ᠬᠤᠯᠪᠣᠭ᠎ᠠ ᠬᠠᠮᠲᠤ᠎ᠪᠠᠷ ᠡᠷᠬᠢᠯᠡᠪᠡ᠃