2025 ᠣᠨ᠎ᠤ 11 ᠳ᠋ᠦ᠍ᠭᠡᠷ ᠰᠠᠷ᠎ᠠ᠎ᠶ᠋ᠢᠨ 9᠎ᠤ ᠣᠷᠣᠶ᠂ ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠠᠷᠪᠠᠨ ᠲᠠᠪᠤᠳᠤᠭᠠᠷ ᠬᠤᠭᠤᠴᠠᠭᠠᠨ᠎ᠤ ᠪᠡᠶ᠎ᠡ ᠲᠠᠮᠢᠷ᠎ᠤᠨ ᠴᠤᠭ᠍ᠯᠠᠭᠠᠨ᠎ᠤ ᠡᠬᠢᠯᠡᠯᠲᠡ᠎ᠶ᠋ᠢᠨ ᠶᠣᠰᠣᠯᠠᠯ ᠭᠤᠸᠠᠩᠳᠦ᠋ᠩ᠎ᠤᠨ ᠣᠯᠢᠮᠫᠢᠺ᠎ᠤᠨ ᠪᠡᠶ᠎ᠡ ᠲᠠᠮᠢᠷ᠎ᠤᠨ ᠲᠥᠪ᠎ᠲᠤ ᠶᠠᠪᠤᠭ᠍ᠳᠠᠪᠠ᠃ ᠲᠤᠰ ᠤᠳᠠᠭᠠᠨ᠎ᠤ ᠡᠬᠢᠯᠡᠯᠲᠡ᠎ᠶ᠋ᠢᠨ ᠶᠣᠰᠣᠯᠠᠯ᠎ᠢ ᠭᠤᠸᠠᠩᠳᠦ᠋ᠩ ᠱᠢᠶᠠᠩᠭᠠᠩ ᠣᠣᠮᠧᠨᠭᠤᠷᠪᠠᠨ ᠭᠠᠵᠠᠷ ᠬᠠᠮᠲᠤᠷᠠᠨ ᠡᠷᠬᠢᠯᠡᠵᠦ᠍᠂ 《 ᠬᠦᠰᠡᠯ ᠵᠡᠭᠦᠳᠦ᠎ᠪᠡᠨ ᠲᠡᠷᠭᠡᠯᠱᠢᠭᠦᠯᠬᠦ᠌ 》 ᠪᠠᠷ ᠭᠣᠣᠯ ᠰᠡᠳᠦᠪ ᠪᠣᠯᠭᠠᠵᠤ᠂ ᠲᠥᠪ᠎ᠦᠨ ᠷᠠᠳᠢᠣ᠋ ᠲᠸᠯᠸᠢᠰ᠎ᠦᠨ ᠶᠡᠷᠦᠩᠬᠡᠢ ᠬᠣᠷᠢᠶᠠᠨ᠎ᠤ CCTV1᠂ CCTV4᠂ CCTV5᠂ CCTV13 ᠵᠡᠷᠭᠡ 7 ᠰᠤᠪᠠᠭ ᠪᠣᠯᠤᠨ ᠭᠤᠸᠠᠩᠳᠦ᠋ᠩ ᠣᠳᠣᠨ ᠲᠸᠯᠸᠢᠰ ᠂ ᠱᠸᠨᠵᠸᠨ ᠣᠳᠣᠨ ᠲᠸᠯᠸᠢᠰ ᠵᠡᠷᠭᠡ᠎ᠪᠡᠷ ᠱᠢᠭᠣᠳ ᠨᠡᠪᠲᠡᠷᠡᠭᠦᠯᠵᠦ᠍ ᠱᠢᠯᠢᠳᠡᠭ ᠲᠤᠰᠭᠠᠯ ᠣᠯᠪᠠ᠃ ᠡᠬᠢᠯᠡᠯᠲᠡ᠎ᠶ᠋ᠢᠨ ᠶᠣᠰᠣᠯᠠᠯ ᠵᠢᠴᠢ ᠣᠨᠴᠠᠭᠠᠢ ᠫᠷᠣᠭ᠌ᠷᠠᠮ᠎ᠢ ᠪᠦᠬᠦ᠌ ᠤᠯᠤᠰ᠎ᠤᠨ ᠬᠡᠪᠴᠢᠶᠡᠨ᠎ᠳᠤ ᠨᠡᠢᠲᠡ 2.0 ᠳ᠋ᠦᠩᠱᠢᠭᠤᠷ ᠬᠥᠮᠥᠨ ᠤᠳᠠᠭ᠎ᠠ ᠬᠦᠯᠢᠶᠡᠨ ᠠᠪᠴᠤ᠌ ᠦᠵᠡᠵᠦ᠍᠂ ᠬᠦᠯᠢᠶᠡᠨ ᠠᠪᠴᠤ᠌ ᠦᠵᠡᠭ᠌ᠰᠡᠨ ᠴᠠᠭ᠎ᠨᠢ 5271.8 ᠲᠦᠮᠡᠨ ᠴᠠᠭ ᠪᠣᠯᠤᠨ᠎ᠠ᠃ ᠡᠬᠢᠯᠡᠯᠲᠡ᠎ᠶ᠋ᠢᠨ ᠶᠣᠰᠣᠯᠠᠯ᠎ᠤᠨ ᠶᠡᠷᠣᠩᠬᠡᠢ ᠬᠦᠯᠢᠶᠡᠨ ᠠᠪᠴᠦ᠍ ᠦᠵᠡᠭ᠌ᠰᠡᠨ ᠨᠤᠷᠮ᠎ᠠ 9.239% ᠪᠠᠢᠵᠤ᠂ ᠬᠦᠯᠢᠶᠡᠨ ᠠᠪᠴᠤ᠌ ᠦᠵᠡᠭ᠌ᠰᠡᠨ ᠬᠤᠪᠢ ᠲᠤᠭ᠎ᠠ 36.209% ᠪᠠᠢᠵᠤ᠂ ᠲᠤᠰ ᠤᠷᠤᠢ᠎ᠶ᠋ᠢᠨ ᠠᠳᠠᠯᠢ ᠬᠣᠭᠣᠴᠠᠭᠠᠨ᠎ᠤ ᠡᠯ᠎ᠡ ᠲᠥᠷᠥᠯ᠎ᠤᠨ ᠫᠷᠤᠭ᠌ᠷᠠᠮ᠎ᠤᠨ ᠨᠢᠭᠡᠳᠦᠭᠡᠷ᠎ᠲᠤ ᠵᠢᠭ᠍ᠰᠠᠭᠠᠭ᠍ᠳᠠᠪᠠ; ᠪᠦᠬᠦ᠌ ᠤᠯᠤᠰ᠎ᠤᠨ ᠣᠯᠠᠨ ᠭᠠᠵᠠᠷ᠎ᠲᠤ ᠠᠩᠬᠠᠷᠤᠯ᠎ᠢᠶᠠᠷ ᠦᠨᠳᠣᠷ ᠪᠠᠢᠵᠦ᠍ ᠂ 12 ᠮᠤᠵᠢ ᠣᠷᠣᠨ ᠬᠣᠲᠠ᠎ᠶ᠋ᠢᠨ ᠶᠡᠷᠣᠩᠬᠡᠢ ᠬᠦᠯᠢᠶᠡᠨ ᠠᠪᠴᠤ᠌ ᠦᠵᠡᠭ᠌ᠰᠡᠨ ᠨᠤᠷᠮ᠎ᠠ 10% ᠶ᠋ᠢ ᠳᠠᠪᠠᠵᠤ ᠂ ᠡᠭᠦᠨ᠎ᠦ ᠳᠣᠲᠣᠷ᠎ᠠ ᠬᠥᠬᠡᠨᠠᠭᠤᠷ᠂ ᠪᠡᠭᠡᠵᠢᠩ ᠬᠣᠶᠠᠷ ᠭᠠᠵᠠᠷ᠎ᠤᠨ ᠶᠡᠷᠣᠩᠬᠡᠢ ᠬᠦᠯᠢᠶᠡᠨ ᠠᠪᠴᠤ᠌ ᠦᠵᠡᠭ᠌ᠰᠡᠨ ᠨᠤᠷᠮ᠎ᠠ 15%᠎ᠶ᠋ᠢ ᠳᠠᠪᠠᠵᠤ ᠂ ᠨᠥᠯᠥᠭᠡᠯᠡᠬᠦ᠌ ᠬᠦᠴᠦᠨ᠎ᠢᠶᠠᠷ ᠥᠷᠭᠡᠨ ᠳᠡᠯᠭᠡᠷ ᠪᠠᠢᠨ᠎ᠠ ᠃
ᠡᠭᠦᠨ᠎ᠡᠴᠡ ᠭᠠᠲᠠᠨ᠎ᠠ᠂ ᠡᠨᠡ ᠵᠢᠯ᠎ᠤᠨ 6 ᠳ᠋ᠤᠭᠠᠷ ᠰᠠᠷ᠎ᠠ᠎ᠡᠴᠡ ᠡᠭᠢᠯᠡᠨ᠂ ᠠᠷᠪᠡᠨ ᠲᠠᠪᠤᠲᠤᠭᠠᠷ ᠬᠤᠭᠤᠴᠠᠭᠠᠨ᠎ᠤ ᠪᠦᠭᠦ᠌ ᠤᠯᠤᠰ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠬᠤᠯᠪᠤᠭ᠍ᠲᠠᠯ ᠪᠦᠭᠦᠢ ᠤᠷᠤᠯᠲᠤᠭᠠᠨ ᠵᠠᠯᠭᠠᠯᠳᠣᠭᠠ ᠪᠠᠷ ᠡᠭᠢᠯᠡᠵᠦ᠍ ᠂ CCTV5᠂ CCTV5 +᠂ CCTV16᠂ CCTV - 4K ᠤᠷᠤᠯᠲᠤᠭᠠᠨᠤ ᠠᠵᠢᠯᠯᠠᠭ᠎ᠠ᠎ᠶ᠋ᠢ ᠵᠠᠯᠭᠠᠯᠳᠣᠭᠠ ᠪᠠᠷ ᠲᠠᠮᠵᠢᠭᠤᠯᠤᠨ ᠨᠡᠪᠲᠡᠷᠡᠭᠦᠯᠵᠦ᠍᠂ ᠪᠦᠭᠦ᠌ ᠤᠯᠤᠰ᠎ᠤᠨ ᠬᠡᠪᠴᠢᠶᠠᠨ᠎ᠳᠤ ᠨᠡᠢᠲᠡ 8.5 ᠳ᠋ᠤᠩᠱᠢᠭᠤᠷ ᠬᠦᠮᠤᠨ ᠤᠲᠠᠭ᠎ᠠ ᠬᠦᠯᠢᠶᠡᠨ ᠠᠪᠴᠦ᠍ ᠦᠵᠡᠭ᠌ᠰᠡᠨ ᠪᠠᠢᠨ᠎ᠠ ᠃