ᠰᠣᠳᠣᠨ ᠪᠦᠲᠦᠭᠡᠯ᠎ᠢᠶᠡᠷ ᠴᠠᠭ ᠦᠶ᠎ᠡ᠎ᠶᠢᠨ ᠴᠡᠭᠡᠨ ᠳᠡᠯᠭᠡᠴᠡ᠎ᠶ᠋ᠢᠨ ᠭᠡᠷᠡᠯᠲᠦᠭᠦᠯᠦᠯ᠎ᠢ ᠬᠦᠴᠦᠯᠡᠨ ᠪᠦᠲᠦᠭᠡᠨ᠎ᠡ — 2025 ᠣᠨ᠎ᠤ ᠳᠤᠮᠳᠠᠳᠤ ᠤᠯᠤᠰ᠎ᠤ᠋ᠨ ᠷᠠᠳᠢᠤ᠋ ᠲᠧᠯᠸᠢᠰ᠎ᠦ᠋ᠨ ᠰᠣᠳᠣᠨ ᠪᠦᠲᠦᠭᠡᠯ᠎ᠦᠨ ᠦᠳᠡᠱᠢᠯᠡᠭᠡ ᠎ᠶ᠋ᠢ 11 ᠳ᠋ᠦ᠍ᠭᠡᠷ ᠰᠠᠷ᠎ᠠ᠎ᠶᠢᠨ 14 ᠎ᠦ᠌ ᠡᠳᠦᠷ ᠨᠡᠪᠲᠡᠷᠡᠭᠦᠯᠦᠨ᠎ᠡ
2025-11-17

ᠤᠯᠤᠰ᠎ᠤ᠋ᠨ ᠷᠠᠳᠢᠤ᠋ ᠲᠧᠯᠸᠢᠰ᠎ᠦ᠋ᠨ ᠶᠡᠷᠦᠩᠬᠡᠢ ᠲᠣᠪᠴᠢᠶ᠎ᠠ ᠡᠴᠡ ᠵᠢᠭᠠᠨ ᠵᠢᠯᠣᠭᠣᠳᠤᠭ᠍ᠰᠠᠨ 2025 ᠣᠨ᠎ᠤ ᠳᠤᠮᠳᠠᠳᠤ ᠤᠯᠤᠰ᠎ᠤ᠋ᠨ ᠷᠠᠳᠢᠤ᠋ ᠲᠧᠯᠸᠢᠰ᠎ᠦ᠋ᠨ ᠦᠵᠡᠵᠦ᠍ ᠰᠣᠨᠣᠰᠭᠤ ᠰᠣᠳᠣᠨ ᠪᠦᠲᠦᠭᠡᠯ᠎ᠤᠨ  ᠦᠳᠡᠱᠢᠯᠡᠭᠡ᠎ᠶ᠋ᠢ 11 ᠳ᠋ᠦ᠍ᠭᠡᠷ ᠰᠠᠷ᠎ᠠ᠎ᠶᠢᠨ 14 ᠎ᠦ᠌ ᠡᠳᠦᠷ᠎ᠦ᠋ᠨ 19᠄ 30 ᠮᠢᠨᠦ᠋ᠲ ᠎ᠲᠤ ᠬᠤᠨᠠᠨ᠎ᠤ᠋ ᠣᠳᠣᠨ ᠲᠧᠯᠸᠢᠰ᠎ᠳᠡᠭᠡᠷ᠎ᠡ ᠨᠡᠪᠲᠡᠷᠡᠭᠦᠯᠵᠦ᠍ ᠂ 22᠄ 00 ᠴᠠᠭ᠎ᠲᠤ ᠳᠣᠷᠣᠨᠠᠲᠣ ᠎ᠶ᠋ᠢᠨ ᠣᠳᠣᠨ ᠲᠧᠯᠸᠢᠰ ᠳᠡᠭᠡᠷ᠎ᠡ ᠨᠡᠪᠲᠡᠷᠡᠭᠦᠯᠵᠦ᠍ ᠂ 15 ᠎ᠤ᠋ ᠡᠳᠦᠷ᠎ᠦ᠋ᠨ 22᠄ 00 ᠴᠠᠭ᠎ᠲᠤ ᠪᠡᠭᠡᠵᠢᠩ᠎ᠦ᠋ᠨ ᠣᠳᠣᠨ ᠲᠧᠯᠸᠢᠰ ᠳᠡᠭᠡᠷ᠎ᠡ ᠨᠡᠪᠲᠡᠷᠡᠭᠦᠯᠵᠦ᠍ ᠂ 16 ᠎ᠤ᠋ ᠡᠳᠦᠷ᠎ᠦ᠋ᠨ 19 ᠄ 30 ᠎ᠳᠤ ᠵᠧᠵᠢᠶᠠᠩ᠎ᠤ᠋ᠨ ᠣᠳᠣᠨ ᠲᠧᠯᠸᠢᠰ ᠪᠣᠯᠤᠨ ᠵᠢᠶᠠᠩᠰᠦ ᠣᠳᠣᠨ ᠲᠧᠯᠸᠢᠰ ᠳᠡᠭᠡᠷ᠎ᠡ ᠨᠡᠪᠲᠡᠷᠡᠭᠦᠯᠵᠦ᠍ ᠂ ᠪᠤᠰᠤᠳ ᠣᠳᠣᠨ ᠲᠧᠯᠸᠢᠰ ᠲᠤᠰ ᠰᠠᠷ᠎ᠠ᠎ᠳ᠋ᠤ ᠵᠠᠯᠭᠠᠭ᠎ᠠ᠎ᠪᠠᠷ ᠨᠡᠪᠲᠡᠷᠡᠭᠦᠯᠬᠦ᠌ ᠪᠣᠯᠤᠨ᠎ᠠ ᠃ ᠠᠢ ᠴᠢ ᠢ ᠂ ᠶᠧᠦ ᠺᠦ ᠂ ᠲᠧᠩ ᠱᠢᠶᠦ᠋ᠨ ᠸᠢᠳᠢᠤ᠋᠂ ᠮᠡᠩ ᠭᠦᠸᠧ TV ᠵᠡᠷᠭᠡ ᠡᠯ᠎ᠡ ᠰᠦᠯᠵᠢᠶᠡᠨ᠎ᠦ᠌ ᠦᠵᠡᠵᠦ᠍ ᠰᠣᠨᠣᠰᠭᠤ ᠲᠠᠪᠴᠠᠩ 14 ᠎ᠦ᠌ ᠣᠷᠣᠢ ᠵᠡᠷᠭᠡ ᠪᠡᠷ ᠨᠡᠪᠲᠡᠷᠡᠭᠦᠯᠦᠨ᠎ᠡ ᠃

ᠰᠣᠳᠣᠨ ᠪᠦᠲᠦᠭᠡᠯ᠎ᠤᠨ ᠦᠳᠡᠱᠢᠯᠡᠭᠡ᠎ᠨᠢ 《 ᠠᠷᠠᠳ ᠲᠦᠮᠡᠨ᠎ᠤ ᠬᠠᠷᠠᠭ᠎ᠠ • ᠰᠣᠳᠣᠨ ᠪᠦᠲᠦᠭᠡᠯ᠎ᠢ ᠬᠠᠮᠲᠤ ᠪᠠᠷ ᠡᠭᠦᠳᠬᠦ᠌ 》 ᠎ᠪᠠᠷ ᠭᠤᠣᠯ ᠰᠡᠳᠦᠪ ᠪᠣᠯᠭᠠᠵᠤ᠂ ᠰᠣᠭ᠍ᠳᠣᠭᠣᠷᠠᠬᠤ ᠮᠠᠶᠢᠭ᠎ᠤᠨ ᠲᠠᠪᠴᠠᠩ᠂ ᠭᠣᠣᠯᠯᠠᠨ ᠪᠦᠲᠦᠭᠡᠭ᠌ᠴᠢ᠎ᠶ᠋ᠢᠨ ᠬᠤᠪᠢᠶᠠᠯᠴᠠᠯ ᠪᠣᠯᠤᠨ ᠣᠨ᠎ᠤ ᠹᠢᠯᠢᠮ᠎ᠤᠨ ᠬᠠᠭᠤᠳᠠᠰᠤ ᠎ᠶ᠋ᠢ ᠨᠡᠢᠲᠡᠯᠡᠬᠦ᠌ ᠎ᠪᠠᠷ ᠳᠠᠮᠵᠢᠭᠤᠯᠵᠤ᠂ ᠷᠠᠳᠢᠣ᠋ ᠲᠧᠯᠸᠢᠰ᠎ᠤᠨ ᠦᠵᠡᠵᠦ᠍ ᠰᠣᠨᠣᠰᠭᠣ ᠠᠵᠢᠯ ᠲᠦᠷᠦᠯ᠎ᠤᠨ ᠠᠷᠠᠳ ᠲᠦᠮᠡᠨ᠎ᠤ ᠳᠤᠮᠳᠠ ᠦᠨᠳᠦᠰᠦᠯᠡᠵᠦ᠍᠂ ᠡᠷᠡᠮᠡᠬᠡᠢᠯᠡᠨ ᠱᠢᠨ᠎ᠡ᠎ᠶ᠋ᠢ ᠡᠭᠦᠳᠦᠭ᠌ᠰᠡᠨ ᠡᠯᠪᠡᠭ ᠦᠷ᠎ᠡ ᠪᠦᠲᠦᠭᠡᠯ᠎ᠢ ᠲᠥᠪᠯᠡᠷᠡᠭᠦᠯᠦᠨ ᠳᠡᠯᠭᠡᠨ ᠦᠵᠡᠭᠦᠯᠵᠦ᠍᠂ ᠦᠵᠡᠭ᠌ᠴᠢᠳ᠎ᠲᠤ ᠤᠷᠠᠨ ᠳᠠᠷᠬᠠᠨ᠎ᠤ ᠰᠡᠳᠭᠢᠯ᠎ᠢ ᠠᠭᠣᠰᠭᠠᠭ᠍ᠰᠠᠨ ᠣᠯᠠᠮᠵᠢᠯᠠᠯ᠂ ᠱᠢᠨ᠎ᠡ᠎ᠶ᠋ᠢ ᠡᠭᠦᠳᠬᠦ᠌ ᠵᠣᠷᠢᠭ ᠰᠠᠨᠠᠭ᠎ᠠ ᠪᠣᠯᠤᠨ ᠴᠠᠭ ᠦᠶ᠎ᠡ᠎ᠶ᠋ᠢᠨ ᠬᠠᠷᠢᠭᠤᠴᠠᠯᠭ᠎ᠠ ᠡᠭᠦᠷᠭᠡᠯᠡᠬᠦ᠌ ᠰᠣᠳᠣᠨ ᠦᠪᠡᠳᠡᠭ᠌ᠰᠢ ᠴᠤᠭ᠍ᠯᠠᠭᠠᠨ᠎ᠢ ᠳᠡᠯᠭᠡᠨ ᠦᠵᠡᠭᠦᠯᠦᠨ᠎ᠡ᠃

ᠦᠳᠡᠱᠢᠯᠡᠭᠡ ᠨᠢ ᠣᠯᠠᠨ ᠡᠱᠢᠴᠢᠯᠡᠭ᠌ᠰᠡᠨ ᠲᠠᠪᠴᠠᠩ᠎ᠤᠨ ᠬᠡᠯᠪᠡᠷᠢ᠎ᠪᠡᠷ ᠳᠣᠮᠳᠠᠲᠣ ᠤᠯᠤᠰ᠎ᠤᠨ ᠷᠠᠳᠢᠣ᠋ ᠲᠸᠯᠸᠢᠰ᠎ᠤᠨ ᠦᠵᠡᠵᠦ᠍ ᠰᠣᠨᠣᠰᠭᠣ ᠠᠵᠢᠯ ᠲᠥᠷᠥᠯ᠎ᠦᠨ ᠬᠥᠭ᠌ᠵᠢᠯᠲᠡ᠎ᠶ᠋ᠢᠨ ᠲᠡᠦᠬᠡᠨ ᠶᠠᠪᠤᠴᠠ᠎ᠶ᠋ᠢ ᠣᠢᠯᠠᠭᠠᠭᠣᠯᠣᠨ᠎ᠠ᠃ ᠡᠬᠢᠯᠡᠯᠲᠡ᠎ᠶᠢᠨ ᠦᠵᠡᠭ᠌ᠳᠡᠯᠲᠦ ᠲᠣᠭ᠍ᠯᠠᠯᠲᠠ 《 ᠴᠠᠭ ᠮᠦᠴᠡ᠎ᠶ᠋ᠢᠨ ᠳᠠᠪᠲᠠᠮᠵᠢ 》 ᠨᠢ ᠦᠵᠡᠭ᠌ᠴᠢᠳ᠎ᠢ᠋ ᠳᠠᠭᠠᠭᠤᠯᠤᠨ ᠬᠠᠷ᠎ᠠ ᠴᠠᠭᠠᠨ ᠵᠢᠷᠤᠭ ᠳᠦᠷᠰᠦ᠎ᠶᠢ ᠦᠵᠡᠵᠦ᠍ ᠪᠠᠢᠭ᠍ᠰᠠᠨ᠎ᠠᠴᠠ᠎ᠪᠠᠨ ᠣᠨᠴᠠ ᠳᠣᠲᠣᠷᠠᠴᠠᠲᠤ ᠬᠠᠷᠠᠭᠠᠨ᠎ᠤ ᠪᠣᠴᠠᠯᠲᠠ᠎ᠶ᠋ᠢ ᠪᠡᠶᠡᠯᠡᠭᠦᠯᠦᠨ᠎ᠡ᠃ ᠠᠬᠤᠢ ᠣᠷᠴᠢᠨ᠎ᠤ ᠣᠢᠯᠡᠳᠣᠯᠴᠡᠯ 《 ᠡᠭᠦᠷᠢᠳᠡ᠎ᠶᠢᠨ ᠢᠲᠡᠭᠡᠯ ᠪᠢᠱᠢᠷᠡᠯ᠎ᠤᠨ ᠲᠥᠯᠥᠭᠡ 》᠎ᠶ᠋ᠢᠨ ᠲᠤᠬᠠᠢ ᠶᠠᠷᠢᠬᠤ᠎ᠳᠦ᠎ᠪᠡᠨ ᠶᠠᠨ ᠠᠨ᠎ᠤ᠋ ᠨᠦᠬᠡᠨ ᠭᠡᠷ᠎ᠲᠤ ᠠᠶᠠᠭ᠎ᠠ ᠲᠣᠭ᠍ᠰᠢᠵᠤ ᠴᠠᠭ ᠮᠡᠳᠡᠭᠡᠯᠡᠬᠦ᠌ ᠠ᠋ᠴᠠ ᠥᠨᠥᠳᠥᠷ᠎ᠦ᠋ᠨ 8K ᠬᠡᠳᠦ ᠥᠨᠳᠥᠷ ᠳᠣᠲᠣᠷᠠᠴᠠᠲᠣ ᠱᠢᠭᠣᠳ ᠨᠡᠪᠲᠡᠷᠡᠭᠦᠯᠭᠡ᠎ᠶᠢ ᠶᠠᠷᠢᠵᠤ ᠂ ᠷᠠᠳᠢᠤ᠋ ᠲᠧᠯᠸᠢᠰ᠎ᠦ᠋ᠨ ᠦᠢᠯᠡᠰ᠎ᠦ᠋ᠨ ᠦᠶ᠎ᠡ ᠶ᠋ᠢᠨ ᠦᠶ᠎ᠡ ᠣᠯᠠᠮᠵᠢᠯᠠᠬᠤ᠂ ᠮᠡᠷᠭᠡᠵᠢᠯ ᠳᠠᠪᠲᠠᠨ ᠣᠷᠣᠯᠠᠭ᠍ᠳᠠᠭ᠍ᠰᠠᠨ ᠪᠣᠯᠪᠠᠴᠦ᠍ ᠤᠭ ᠰᠠᠨᠠᠭ᠎ᠠ᠎ᠪᠠᠨ ᠦᠯᠦ᠍ ᠬᠤᠪᠢᠷᠠᠭᠤᠯᠬᠤ ᠣᠶᠤᠨ ᠰᠠᠨᠠᠭᠠᠨ᠎ᠤ᠋ ᠰᠤᠳᠠᠰᠤ᠎ᠶᠢ ᠵᠢᠷᠣᠭ᠍ᠯᠠᠨ᠎ᠠ᠃ ᠣᠶᠠᠩᠭᠠᠯᠠᠨ ᠲᠤᠭ᠍ᠯᠠᠬᠤ ᠲᠣᠭ᠍ᠯᠠᠯᠲᠠ 《 ᠦᠰᠦᠭ᠎ᠢ ᠦᠵᠡᠭᠡᠳ ᠠᠭᠣᠯᠵᠠᠭ᠍ᠰᠠᠨ ᠮᠡᠲᠤ • ᠪᠠᠭᠠᠳᠣᠷᠴᠣᠳ᠎ᠲᠤ ᠡᠷᠭᠦᠬᠦ᠌ 》 ᠨᠢ ᠴᠠᠭ ᠣᠷᠣᠨ ᠵᠠᠢ ᠠᠯᠤᠰᠯᠠᠬ᠍ᠰᠠᠨ ᠵᠠᠬᠢᠳᠠᠯ ᠎ᠤᠨ ᠶᠠᠷᠢᠯᠴᠠᠭ᠎ᠠ ᠪᠠᠷ ᠳᠠᠮᠵᠢᠭᠤᠯᠤᠨ᠂ ᠣᠳᠭ᠎ᠠ ᠣᠷᠠᠯᠢᠭ᠎ᠤᠨ ᠪᠦᠲᠦᠭᠡᠯ᠎ᠤᠨ ᠲᠡᠦᠬᠡ᠎ᠶ᠋ᠢ ᠪᠠᠲᠤ ᠴᠡᠭᠡᠵᠢᠯᠡᠬᠦ᠂ ᠤᠶᠤᠨ ᠰᠠᠨᠠᠭᠠᠨ᠎ᠤ ᠠᠮᠢᠨ ᠰᠤᠳᠠᠰᠤ᠎ᠶ᠋ᠢ ᠦᠷᠭᠦᠯᠵᠢᠯᠡᠭᠦᠯᠬᠦ᠌ ᠬᠦᠴᠦᠨ ᠴᠢᠳᠠᠯ᠎ᠢ ᠢᠯᠡᠷᠡᠭᠦᠯᠦᠨ᠎ᠡ᠃ 《 ᠳᠠᠬᠢᠨ ᠠᠭᠣᠯᠵᠠᠯᠲᠠ 》 ᠭᠡᠬᠦ᠌ ᠳᠠᠭᠤᠤ᠎ᠨᠢ ᠴᠢᠩ ᠦᠨᠡᠨᠴᠢ ᠰᠡᠳᠭᠢᠯᠭᠡ᠎ᠪᠠᠷ ᠪᠠᠭᠠᠲᠤᠷᠴᠤᠳ᠎ᠲᠤ ᠬᠦᠨᠳᠦᠳᠭᠡᠯ ᠳᠡᠪᠱᠢᠭᠦᠯᠵᠦ᠍᠂ ᠳᠠᠭᠣᠣ ᠬᠦᠭ᠌ᠵᠢᠮ᠎ᠤᠨ ᠲᠣᠭ᠍ᠯᠠᠯᠲᠠ 《 ᠬᠡᠷᠡᠯ ᠭᠢᠯᠪᠠᠭ᠎ᠠ 》 ᠨᠢ ᠦᠶ᠎ᠡ᠎ᠶ᠋ᠢᠨ ᠦᠶ᠎ᠡ ᠎ᠶ᠋ᠢᠨ ᠷᠠᠳᠢᠤ᠋ ᠲᠸᠯᠸᠢᠰ᠎ᠦᠨ ᠬᠦᠮᠦᠰ᠎ᠦᠨ ᠪᠠᠲᠤ ᠰᠠᠬᠢᠯᠲᠠ ᠪᠠ ᠬᠤᠪᠢ ᠨᠡᠮᠡᠷᠢ ᠎ᠶ᠋ᠢ  ᠳᠠᠭᠣᠯᠠᠨ᠎ᠠ᠃

ᠦᠳᠡᠱᠢᠯᠡᠭᠡ᠎ᠨᠢ 《 2025 ᠣᠨ᠎ᠤ ᠲᠠᠨᠢᠯᠴᠠᠭᠤᠯᠤᠭ᠍ᠰᠠᠨ ᠪᠦᠲᠦᠭᠡᠯ 》 ᠪᠣᠯᠤᠨ 《 2026 ᠣᠨ᠎ᠤ ᠰᠣᠳᠣᠨ ᠪᠦᠲᠦᠭᠡᠯ᠎ᠢ ᠪᠠᠷᠠᠯᠠᠬᠤ 》 ᠬᠤᠶᠠᠷ ᠶᠡᠭᠡ ᠹᠢᠯᠢᠮ ᠎ᠤᠨ ᠬᠠᠭᠤᠳᠠᠰᠤ ᠶ᠋ᠢ ᠢᠯᠡᠷᠡᠭᠦᠯᠵᠦ᠍᠂ ᠳᠤᠮᠳᠠᠳᠤ ᠤᠯᠤᠰ᠎ᠤᠨ ᠷᠠᠳᠢᠣ᠋ ᠲᠧᠯᠸᠢᠰ᠎ᠤᠨ ᠦᠵᠡᠵᠦ᠍ ᠰᠣᠨᠣᠰᠭᠤ ᠰᠣᠳᠣᠨ ᠪᠦᠲᠦᠭᠡᠯ᠎ᠢ ᠵᠣᠬᠢᠶᠠᠨ ᠪᠦᠲᠦᠭᠡᠬᠦ᠌ ᠥᠷᠨᠢᠭᠦᠨ ᠪᠠᠢᠳᠠᠯ᠎ᠢ ᠢᠯᠡᠷᠡᠭᠦᠯᠦᠨ᠎ᠡ᠃ ᠭᠡᠷ ᠪᠦᠯᠢ᠎ᠶ᠋ᠢᠨ ᠳᠣᠯᠠᠭᠠᠴᠠ᠎ᠠᠴᠠ ᠠᠭᠤᠯᠠ ᠤᠰᠤᠨ᠎ᠤ ᠵᠤᠵᠠᠭᠠᠨ᠎ᠤ ᠬᠡᠮᠵᠢᠶ᠎ᠡ ᠬᠦᠷᠲᠡᠯ᠎ᠡ᠂ ᠣᠯᠠᠨ ᠪᠦᠯᠦᠭ ᠣᠨ᠎ᠤ ᠱᠢᠯᠢᠳᠡᠭ ᠪᠦᠲᠦᠭᠡᠯ᠎ᠤᠨ ᠭᠣᠣᠯᠯᠠᠨ ᠪᠦᠲᠦᠭᠡᠬᠦ᠌ ᠪᠦᠯᠬᠦᠮ ᠲᠠᠢᠰᠠᠨ᠎ᠳᠤ ᠭᠠᠷᠴᠤ᠌ ᠵᠣᠬᠢᠶᠠᠨ ᠪᠦᠲᠦᠭᠡᠭ᠌ᠰᠡᠨ ᠣᠯᠤᠯᠲᠠ ᠲᠥᠷᠥᠭ᠌ᠳᠡᠯ᠎ᠢᠶᠠᠨ ᠬᠤᠪᠢᠶᠠᠯᠴᠠᠨ᠎ᠠ᠃ ᠡᠭᠦᠨ᠎ᠤ ᠬᠠᠮᠲᠤ᠌᠂ ᠣᠯᠠᠨ ᠪᠦᠯᠦᠭ ᠬᠦᠰᠡᠨ ᠬᠦᠯᠢᠶᠡᠵᠦ᠍ ᠨᠡᠪᠲᠡᠷᠡᠭᠦᠯᠬᠦ᠌᠎ᠪᠠᠷ ᠪᠠᠢᠭ᠎ᠠ ᠪᠦᠲᠦᠭᠡᠯ᠎ᠤᠨ ᠭᠣᠣᠯᠯᠠᠨ ᠪᠦᠲᠦᠭᠡᠭ᠌ᠴᠢ ᠎ᠨᠢ ᠴᠦ᠍ ᠭᠤᠢᠳᠠ ᠰᠠᠢᠬᠠᠨ ᠬᠤᠪᠢᠶᠠᠯᠴᠠᠯ ᠠᠪᠴᠢᠷᠠᠬᠤ ᠪᠣᠯᠤᠨ᠎ᠠ᠃

ᠦᠵᠡᠭ᠌ᠳᠡᠯ᠎ᠢᠶᠠᠷ ᠠᠷᠠᠳ ᠲᠦᠮᠡᠨ᠎ᠤ ᠠᠮᠢᠳᠤᠷᠠᠯ᠎ᠤᠨ ᠬᠠᠯᠠᠭᠤᠨ ᠬᠦᠢᠳᠡᠨ᠎ᠢ ᠲᠡᠮᠳᠡᠭ᠌ᠯᠡᠵᠦ᠍᠂ ᠪᠦᠲᠦᠭᠡᠯ᠎ᠢᠶᠠᠷ ᠴᠠᠭ ᠦᠶ᠎ᠡ᠎ᠶ᠋ᠢᠨ ᠵᠢᠷᠦᠬᠡᠨ ᠯᠤᠭ᠍ᠰᠢᠯᠲᠠ᠎ᠶ᠋ᠢ ᠳᠠᠮᠵᠢᠭᠤᠯᠤᠨ᠎ᠠ᠃ ᠲᠣᠰ ᠤᠳᠠᠭᠠᠨ᠎ᠤ ᠦᠳᠡᠱᠢᠯᠡᠭᠡ ᠪᠣᠯ ᠥᠩᠭᠡᠷᠡᠭ᠌ᠰᠡᠨ᠎ᠤ ᠦᠶ᠎ᠡ ᠦᠶ᠎ᠡ᠎ᠶ᠋ᠢᠨ ᠷᠠᠳᠢᠣ᠋ ᠲᠧᠯᠸᠢᠰ᠎ᠤᠨ ᠬᠦᠮᠦᠰ᠎ᠤᠨ ᠦᠶ᠎ᠡ ᠎ᠶ᠋ᠢᠨ ᠦᠶ᠎ᠡ᠎ᠳᠦ ᠣᠯᠠᠮᠵᠢᠯᠠᠭ᠍ᠳᠠᠭ᠍ᠰᠠᠨ ᠵᠢᠷᠤᠭ᠍ᠯᠠᠯ ᠮᠦᠨ᠂ ᠪᠠᠰᠠ ᠴᠤ᠌ 《 ᠠᠷᠪᠠᠨ ᠲᠠᠪᠤᠳᠤᠭᠠᠷ ᠲᠠᠪᠤᠨ ᠵᠢᠯ 》᠎ᠤᠨ ᠲᠥᠯᠥᠪᠵᠢᠭᠦᠯᠭᠡ ᠎ᠶ᠋ᠢᠨ ᠱᠢᠨ᠎ᠡ ᠠᠶᠠᠨ᠎ᠳᠤ ᠬᠠᠨᠳᠤᠭ᠍ᠰᠠᠨ ᠴᠤᠭ ᠪᠠᠳᠠᠷᠠᠩᠭᠤᠶ ᠠᠶᠠᠯᠠᠯ ᠪᠣᠯᠤᠨ᠎ᠠ᠃ ᠳᠤᠮᠳᠠᠳᠤ ᠤᠯᠤᠰ᠎ᠤᠨ ᠷᠠᠳᠢᠣ᠋ ᠲᠧᠯᠸᠢᠰ᠎ᠤᠨ ᠰᠣᠳᠣᠨ ᠪᠦᠲᠦᠭᠡᠯ᠎ᠤᠨ ᠦᠳᠡᠱᠢᠯᠡᠭᠡ᠎ᠶ᠋ᠢ ᠠᠩᠬᠠᠷᠴᠤ᠌᠂ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠷᠠᠳᠢᠣ᠋ ᠲᠧᠯᠸᠢᠰ᠎ᠤᠨ ᠦᠵᠡᠵᠦ᠍ ᠰᠣᠨᠣᠰᠭᠤ ᠦᠢᠯᠡᠰ᠎ᠤᠨ ᠢᠷᠠᠭᠤ ᠰᠠᠢᠬᠠᠨ ᠬᠠᠭᠤᠳᠠᠰᠤ᠎ᠶ᠋ᠢ ᠬᠠᠮᠲᠤ᠎ᠪᠠᠷ ᠮᠡᠲᠡᠷᠡᠶ᠎ᠡ᠃

ᠢᠷᠡᠯᠲᠡ᠄ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠢ ᠲᠣᠪᠴᠢᠶ᠎ᠠ᠎ᠶᠢᠨ ᠣᠯᠠᠨ ᠨᠡᠢᠲᠡ᠎ᠶᠢᠨ ᠸᠢᠴᠠᠲ ᠲᠠᠪᠴᠠᠩ