12 ᠳ᠋ᠤᠭ᠋ᠠᠷ ᠰᠠᠷ᠎ᠠ᠎ᠶᠢᠨ 3 ᠤ᠋ ᠡᠳᠦᠷ ᠂ ᠲᠥᠷᠥ᠎ᠶᠢᠨ ᠶᠠᠪᠤᠳᠠᠯ᠎ᠤ᠋ᠨ ᠬᠣᠷᠢᠶᠠᠨ᠎ᠤ᠋ ᠰᠣᠨᠢᠨ ᠮᠡᠳᠡᠭᠡᠨᠦ᠌ ᠠᠯᠪᠠᠨ ᠭᠡᠷ᠂ ᠤᠯᠤᠰ᠎ᠤ᠋ᠨ ᠷᠠᠳᠢᠤ᠋ ᠲᠧᠯᠸᠢᠰ᠎ᠦ᠋ᠨ ᠶᠡᠷᠦᠩᠬᠡᠢ ᠲᠣᠪᠴᠢᠶ᠎ᠠ᠎ᠲᠠᠢ ᠬᠠᠮᠲᠤ ᠪᠠᠷ ᠵᠣᠬᠢᠶᠠᠨ ᠪᠠᠢᠭᠤᠯᠤᠭ᠍ᠰᠠᠨ 《 ᠳᠤᠮᠳᠠᠳᠤ ᠤᠯᠤᠰ᠎ᠤ᠋ᠨ ᠬᠠᠮᠲᠤᠷᠠᠭ᠍ᠰᠠᠨ ᠳᠡᠯᠭᠡᠨ ᠦᠵᠡᠭᠦᠯᠭᠡ᠎ᠶᠢᠨ ᠲᠠᠪᠴᠠᠩ 》᠎ᠢ᠋ ᠰᠢᠩᠭ᠋ᠠᠫᠣᠷᠦ᠋ᠨ 2025 ᠣᠨ᠎ᠤ ᠠᠽᠢᠶ᠎ᠠ ᠲᠢᠪᠦ᠋ᠨ ᠲᠧᠯᠸᠢᠰ᠎ᠦ᠋ᠨ ᠶᠠᠷᠢᠶᠠᠨᠤ᠋ ᠲᠠᠪᠴᠠᠩ ᠪᠣᠯᠤᠨ ᠵᠠᠬ᠎ᠠ ᠳᠡᠯᠭᠡᠭᠦᠷ ( ATF ) ᠲᠤ᠌ ᠳᠡᠯᠭᠡᠨ ᠦᠵᠡᠭᠦᠯᠵᠦ᠍᠂ 12 ᠳ᠋ᠤᠭ᠋ᠠᠷ ᠰᠠᠷ᠎ᠠ᠎ᠶᠢᠨ 5 ᠤ᠋ ᠡᠳᠦᠷ ᠪᠣᠯᠲᠠᠯ᠎ᠠ ᠦᠷᠭᠦᠯᠵᠢᠯᠡᠪᠡ᠃ ᠲᠣᠰ ᠤᠳᠠᠭᠠᠨ᠎ᠤ 《 ᠳᠤᠮᠳᠠᠳᠤ ᠤᠯᠤᠰ᠎ᠤᠨ ᠬᠠᠮᠲᠤᠷᠠᠭ᠍ᠰᠠᠨ ᠳᠡᠯᠭᠡᠨ ᠦᠵᠡᠭᠦᠯᠭᠡ᠎ᠶᠢᠨ ᠲᠠᠪᠴᠠᠩ 》᠎ᠨᠢ ᠨᠡᠢᠲᠡ 24 ᠳᠤᠮᠳᠠᠳᠤ ᠤᠯᠤᠰ᠎ᠤᠨ ᠦᠵᠡᠵᠦ᠍ ᠰᠣᠨᠣᠰᠭᠤ ᠪᠠᠢᠭᠤᠯᠤᠮᠵᠢ ᠣᠷᠣᠯᠴᠠᠵᠤ᠂ 《 ᠭᠤᠢᠳᠠ ᠰᠠᠢᠬᠠᠨ ᠳᠤᠮᠳᠠᠳᠤ ᠣᠯᠣᠰ ᠥᠯᠢᠭᠡᠷ ᠬᠢᠵᠠᠭ᠋ᠠᠷ ᠦᠭᠡᠢ 》 ᠣᠯᠠᠨ ᠤᠯᠤᠰ᠎ᠤᠨ ᠬᠠᠮᠲᠤᠷᠠᠯᠴᠠᠭ᠎ᠠ ᠰᠣᠯᠢᠯᠴᠠᠭᠠᠨ᠎ᠤ ᠠᠵᠢᠯᠯᠠᠭ᠎ᠠ ᠵᠡᠷᠭᠡ ᠣᠯᠠᠨ ᠬᠡᠯᠪᠡᠷᠢ᠎ᠶ᠋ᠢᠨ᠂ ᠠᠭᠤᠯᠭ᠎ᠠ᠎ᠪᠠᠷ ᠪᠠᠶᠠᠯᠢᠭ 17 ᠲᠠᠯᠠᠪᠤᠷ ᠬᠦᠳᠡᠯᠭᠡᠭᠡᠨ᠎ᠢ ᠡᠷᠭᠢᠯᠡᠵᠦ᠍᠂ 《 ᠣᠪᠣᠭ᠎ᠠ ᠰᠠᠢᠨ ᠬᠥᠮᠦᠨ᠎ᠤ ᠠᠮᠢᠳᠤᠷᠠᠯ 》᠂ 《 ᠡᠩᠬᠡ ᠲᠠᠢᠪᠤᠩ ᠣᠨ 》᠂ 《 ᠭᠡᠷᠡᠯᠲᠦ ᠨᠠᠷᠠ ᠨᠠᠳᠠ ᠲᠠᠢ ᠠᠳᠠᠯᠢ 》᠂ 《 ᠴᠣᠩᠬᠣᠨ ᠭᠠᠳᠠᠨᠠᠬᠢ ᠬᠥᠬᠡ ᠮᠡᠴᠢᠳ 》᠂ 《 ᠰᠣᠶᠣᠯ᠎ᠤᠨ ᠬᠦᠳᠡᠯᠭᠡᠭᠡᠨ᠎ᠦ ᠳᠣᠮᠳᠠᠲᠣ ᠣᠯᠣᠰ 》 ᠵᠡᠷᠭᠡ ᠲᠧᠯᠸᠢᠰ ᠵᠦᠴᠦᠭᠡ᠂ ᠪᠠᠷᠢᠮᠲᠠᠲᠤ ᠺᠢᠨᠣ᠋᠂ ᠶᠡᠷᠦᠩᠬᠡᠢᠯᠡᠭ᠌ᠰᠡᠨ ᠤᠷᠠᠯᠢᠭ ᠵᠡᠷᠭᠡ᠎ᠶᠢ ᠬᠠᠮᠣᠷᠣᠭᠰᠠᠨ ᠪᠥᠬᠦ᠌ ᠲᠥᠷᠥᠯ ᠵᠦᠢᠯ᠎ᠤᠨ ᠨᠡᠢᠲᠡ 200 ᠭᠠᠷᠤᠶ ᠰᠣᠳᠣᠨ ᠪᠦᠲᠦᠭᠡᠯ᠎ᠢ ᠡᠷᠭᠦᠨ ᠲᠠᠨᠢᠯᠴᠠᠭᠤᠯᠵᠤ᠂ ATF ᠳᠤ ᠣᠷᠣᠯᠴᠠᠭ᠍ᠰᠠᠨ᠎ᠠᠴᠠ ᠨᠠᠭᠠᠱᠢᠬᠢ ᠬᠡᠪᠴᠢᠶ᠎ᠡ᠎ᠪᠠᠷ ᠬᠠᠮᠤᠭ᠎ᠤᠨ ᠶᠡᠭᠡ᠂ ᠬᠦᠳᠡᠯᠭᠡᠭᠡᠨ᠎ᠢᠶᠡᠷ ᠬᠠᠮᠤᠭ᠎ᠤᠨ ᠠᠷᠪᠢᠨ᠂ ᠪᠦᠲᠦᠭᠡᠯ᠎ᠢᠶᠡᠷ ᠬᠠᠮᠤᠭ᠎ᠤᠨ ᠱᠢᠨ᠎ᠡ ᠨᠢᠭᠡ ᠬᠤᠭᠤᠴᠠᠭ᠎ᠠ ᠪᠣᠯᠪᠠ᠃ ᠳᠤᠮᠳᠠᠳᠤ ᠤᠯᠤᠰ᠎ᠤᠨ ᠦᠵᠡᠵᠦ᠍ ᠰᠣᠨᠣᠰᠭᠤ ᠠᠵᠤ ᠠᠬᠤᠢᠯᠠᠯ ᠪᠣᠯᠤᠨ ᠱᠢᠩᠭᠠᠫᠤᠷ᠂ ᠢᠨᠳᠦ᠋ᠨ᠋ᠸᠰᠢᠶᠠ᠂ ᠲᠠᠢ᠌ᠯᠠᠨᠳ᠋ ᠤᠯᠤᠰ ᠵᠡᠷᠭᠡ ᠤᠯᠤᠰ᠎ᠤᠨ ᠦᠵᠡᠵᠦ᠍ ᠰᠣᠨᠣᠰᠭᠤ ᠪᠠᠢᠭᠤᠯᠤᠮᠵᠢ᠎ᠯᠤᠭ᠎ᠠ ᠤᠯᠠᠨ ᠵᠦᠢᠯ᠎ᠤᠨ ᠬᠠᠮᠲᠤᠷᠠᠯᠴᠠᠭᠠᠨ᠎ᠤ ᠵᠥᠪᠯᠡᠯᠴᠡᠭᠡᠷ ᠲᠣᠭ᠍ᠲᠠᠵᠤ᠂ ᠠᠽᠢᠶ᠎ᠠ ᠲᠢᠪ ᠵᠢᠴᠢ ᠪᠦᠬᠦ᠌ ᠪᠥᠮᠪᠥᠷᠴᠡᠭ᠎ᠤᠨ ᠠᠵᠢᠯ ᠨᠢᠭᠡᠲᠡᠨ᠎ᠳᠤ ᠳᠤᠮᠳᠠᠳᠤ ᠤᠯᠤᠰ᠎ᠤᠨ ᠦᠵᠡᠵᠦ᠍ ᠰᠣᠨᠣᠰᠭᠤ ᠠᠭᠤᠯᠭ᠎ᠠ᠎ᠶ᠋ᠢᠨ ᠱᠢᠨ᠎ᠡ᠎ᠶ᠋ᠢ ᠡᠭᠦᠳᠬᠦ᠌ ᠠᠮᠢᠵᠢᠷᠠᠯ᠎ᠤᠨ ᠬᠦᠴᠦᠨ ᠪᠣᠯᠤᠨ ᠨᠡᠭᠡᠭᠡᠯᠲᠡᠲᠦ ᠪᠠᠢᠷᠢᠱᠢᠯ᠎ᠢ ᠳᠡᠯᠭᠡᠨ ᠦᠵᠡᠭᠦᠯᠪᠡ᠃
ᠠᠽᠢᠶ᠎ᠠ ᠲᠢᠪ᠎ᠤᠨ ᠲᠧᠯᠸᠢᠰ᠎ᠤᠨ ᠶᠠᠷᠢᠶᠠᠨ᠎ᠤ ᠲᠠᠪᠴᠠᠩ ᠪᠣᠯᠣᠨ ᠵᠠᠬ᠎ᠠ ᠳᠡᠯᠭᠡᠭᠦᠷ ᠪᠣᠯ ᠠᠽᠢᠶ᠎ᠠ ᠲᠢᠪ᠎ᠤᠨ ᠬᠡᠪᠴᠢᠶ᠎ᠡ᠎ᠪᠠᠷ ᠬᠠᠮᠤᠭ᠎ᠤᠨ ᠶᠡᠭᠡ ᠵᠤᠭ᠎ᠠ ᠴᠡᠩᠭᠡᠯ᠎ᠤᠨ ᠠᠭᠤᠯᠭ᠎ᠠ᠎ᠶ᠋ᠢᠨ ᠵᠠᠬ᠎ᠠ ᠳᠡᠯᠭᠡᠭᠦᠷ ᠪᠣᠯᠤᠨ᠎ᠠ᠂ ᠵᠢᠯ ᠪᠦᠷᠢ ᠪᠦᠬᠦ᠌ ᠪᠥᠮᠪᠥᠷᠴᠡᠭ᠎ᠠᠴᠠ ᠢᠷᠡᠭᠰᠡᠨ ᠦᠢᠯᠡᠳᠬᠦ᠌ ᠺᠣᠮᠫᠠᠨᠢ᠂ ᠲᠠᠷᠬᠠᠭᠠᠬᠤ ᠺᠣᠮᠫᠠᠨᠢ᠂ ᠬᠤᠳᠠᠯᠳᠤᠨ ᠠᠪᠤᠭ᠍ᠴᠢ ᠪᠠ ᠪᠡᠯᠡ ᠣᠷᠣᠭᠤᠯᠤᠭ᠍ᠴᠢᠳᠢ ᠶᠡᠭᠡ ᠬᠡᠮᠵᠢᠶ᠎ᠡ᠎ᠪᠡᠷ ᠲᠠᠲᠠᠵᠤ᠂ ᠬᠠᠮᠤᠭ᠎ᠤᠨ ᠱᠢᠨ᠎ᠡ ᠬᠤᠳᠠᠯᠳᠤᠭᠠᠨ᠎ᠤ ᠠᠵᠠ ᠲᠣᠬᠢᠶᠠᠯ ᠪᠠ ᠵᠠᠬ᠎ᠠ ᠳᠡᠯᠭᠡᠭᠦᠷ᠎ᠤᠨ ᠬᠠᠨᠳᠤᠰᠢ᠎ᠶ᠋ᠢ ᠬᠠᠮᠲᠤ᠎ᠪᠠᠷ ᠰᠤᠳᠤᠯᠤᠨ ᠶᠠᠷᠢᠯᠴᠠᠨ᠎ᠠ᠃ 2025 ᠣᠨ᠎ᠤ ᠠᠽᠢᠶ᠎ᠠ ᠲᠢᠪ᠎ᠦᠨ ᠲᠧᠯᠸᠢᠰ᠎ᠦᠨ ᠶᠠᠷᠢᠯᠴᠠᠭᠠᠨ᠎ᠤ ᠲᠠᠪᠴᠠᠩ ᠪᠣᠯᠣᠨ ᠵᠠᠬ᠎ᠠ ᠳᠡᠯᠭᠡᠭᠦᠷ ᠨᠢ 60 ᠤᠯᠤᠰ ᠪᠠ ᠭᠠᠵᠠᠷ ᠣᠷᠣᠨ᠎ᠢ ᠳᠠᠪᠠᠭ᠍ᠰᠠᠨ ᠪᠠᠷᠤᠭ 5000 ᠠᠵᠢᠯ ᠲᠥᠷᠥᠯ᠎ᠦᠨ ᠬᠥᠮᠦᠰ ᠣᠷᠣᠯᠴᠠᠵᠠᠢ᠃