ᠬᠠᠮ ᠵᠠᠭᠤᠴᠢᠯᠠᠭᠤᠷ᠎ᠤᠨ ᠨᠡᠪᠲᠡᠷᠡᠭᠦᠯᠦᠭ᠌ᠴᠢ ᠡᠷᠬᠢᠯᠡᠭᠴᠢ᠎ᠶ᠋ᠢᠨ ᠴᠢᠳᠠᠪᠤᠷᠢ᠎ᠶ᠋ᠢ ᠳᠡᠭᠡᠭ᠌ᠰᠢᠯᠡᠭᠦᠯᠬᠦ᠌ ᠰᠤᠳᠤᠯᠤᠨ ᠶᠠᠷᠢᠯᠴᠠᠬᠤ ᠠᠩᠭᠢ 《 ᠠᠯᠲᠠᠨ ᠳᠠᠭᠣᠨ ᠱᠠᠩᠨᠠᠯ 》 ᠣᠯᠭᠤᠬᠤ ᠬᠤᠭᠤᠴᠠᠭᠠᠨ᠎ᠳᠤ ᠶᠠᠪᠤᠭ᠍ᠳᠠᠪᠠ
2025-12-31

12 ᠳ᠋ᠤᠭ᠋ᠠᠷ ᠰᠠᠷ᠎ᠠ᠎ᠶ᠋ᠢᠨ 22᠎ᠤᠨ ᠡᠳᠦᠷ᠎ᠠᠴᠠ 26᠎ᠤ ᠡᠳᠦᠷ ᠪᠣᠯᠲᠠᠯ᠎ᠠ᠂ ᠭᠤᠷᠪᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠨᠡᠪᠲᠡᠷᠡᠭᠦᠯᠵᠦ ᠡᠷᠬᠢᠯᠡᠬᠦ 《 ᠠᠯᠲᠠᠨ ᠳᠠᠭᠤᠨ ᠱᠠᠩᠨᠠᠯ 》 ᠣᠯᠭᠤᠬᠤ ᠬᠣᠭᠣᠴᠠᠭ᠋ᠠᠨ᠎ᠳᠤ᠂ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠶ᠋ᠢᠨ ᠰᠤᠳᠤᠯᠤᠨ ᠰᠤᠷᠤᠯᠴᠠᠬᠤ ᠳᠡᠭᠡᠳᠦ ᠰᠤᠷᠭᠠᠭᠤᠯᠢ᠂ ᠬᠤᠨᠠᠨ ᠮᠤᠵᠢ᠎ᠶ᠋ᠢᠨ ᠷᠠᠳᠢᠣ᠋ ᠲᠧᠯᠸᠢᠰ᠎ᠤᠨ ᠲᠣᠪᠴᠢᠶ᠎ᠠ ᠴᠠᠩᠱᠠ᠎ᠳᠤ ᠬᠠᠮ ᠵᠠᠭᠤᠴᠢᠯᠠᠭᠤᠷ᠎ᠤᠨ ᠨᠡᠪᠲᠡᠷᠡᠭᠦᠯᠦᠭ᠌ᠴᠢ ᠡᠷᠬᠢᠯᠡᠭᠴᠢ ᠶ᠋ᠢᠨ ᠴᠢᠳᠠᠪᠤᠷᠢ᠎ᠶ᠋ᠢ ᠳᠡᠭᠡᠭ᠌ᠰᠢᠯᠡᠭᠦᠯᠬᠦ᠌ ᠰᠤᠳᠤᠯᠤᠨ ᠶᠠᠷᠢᠯᠴᠠᠬᠤ ᠠᠩᠭᠢ ( ᠭᠤᠷᠪᠠᠳᠤᠭᠠᠷ ᠬᠤᠭᠤᠴᠠᠭ᠎ᠠ ) ᠶ᠋ᠢ ᠡᠷᠭᠢᠯᠡᠪᠡ᠃

ᠲᠣᠰ ᠬᠤᠭᠤᠴᠠᠭᠠᠨ᠎ᠤ 《 ᠠᠯᠲᠠᠨ ᠳᠠᠭᠤᠨ ᠱᠠᠩᠨᠠᠯ 》᠎ᠤᠨ ᠱᠢᠷᠢᠰ ᠠᠵᠢᠯᠯᠠᠭ᠎ᠠ᠎ᠶ᠋ᠢᠨ ᠴᠢᠬᠤᠯᠠ ᠪᠦᠷᠢᠯᠳᠦᠬᠦᠨ ᠬᠡᠰᠡᠭ ᠪᠣᠯᠤᠭ᠍ᠰᠠᠨ᠎ᠤ ᠬᠤᠪᠢ᠎ᠳᠤ᠂ ᠰᠤᠳᠤᠯᠤᠨ ᠶᠠᠷᠢᠯᠴᠠᠬᠤ ᠠᠩᠭᠢ ᠪᠣᠯ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠶ᠋ᠢᠨ 《 ᠠᠯᠲᠠᠨ ᠳᠠᠭᠤᠨ ᠲᠥᠯᠥᠪᠯᠡᠭᠡ 》᠎ᠶ᠋ᠢ ᠭᠦᠨᠵᠡᠭᠡᠶ ᠬᠡᠷᠡᠭ᠌ᠵᠢᠭᠦᠯᠬᠦ᠂ ᠷᠠᠳᠢᠣ᠋ ᠲᠧᠯᠸᠢᠰ᠎ᠤᠨ ᠦᠵᠡᠵᠦ᠍ ᠰᠣᠨᠣᠰᠭᠤ ᠨᠡᠪᠲᠡᠷᠡᠭᠦᠯᠦᠭ᠌ᠴᠢ ᠡᠷᠬᠢᠯᠡᠭᠴᠢ᠎ᠶ᠋ᠢᠨ ᠭᠤᠤᠯᠯᠠᠭ᠍ᠴᠢ ᠴᠢᠳᠠᠪᠤᠷᠢᠲᠠᠨ᠎ᠢ ᠰᠢᠰᠲᠸᠮ ᠲᠠᠢ ᠬᠥᠮᠦᠵᠢᠭᠦᠯᠬᠦ᠌ ᠪᠠᠰᠠ ᠨᠢᠭᠡᠨ ᠵᠢᠱ᠌ᠢᠶ᠎ᠡ ᠦᠵᠡᠭᠦᠯᠬᠦ᠌ ᠠᠷᠭ᠎ᠠ ᠬᠡᠮᠵᠢᠶ᠎ᠡ ᠪᠠ ᠴᠢᠬᠤᠯᠠ ᠦᠢᠯᠡᠳᠦᠯᠭᠡ ᠪᠣᠯᠤᠨ᠎ᠠ᠃ ᠰᠤᠳᠤᠯᠤᠨ ᠶᠠᠷᠢᠯᠴᠠᠬᠤ ᠠᠩᠭᠢ ᠭᠤᠤᠯ ᠵᠠᠭᠤᠴᠢᠯᠠᠭᠤᠷ᠎ᠤᠨ ᠱᠢᠰᠲ᠋ᠧᠮ᠎ᠤᠨ ᠴᠢᠨᠠᠷᠲᠠᠶ ᠬᠤᠪᠢᠰᠤᠯᠲᠠ᠎ᠶ᠋ᠢ ᠠᠬᠢᠭᠤᠯᠬᠤ᠂ ᠭᠤᠤᠯ ᠬᠦᠴᠦᠨ᠎ᠤ ᠴᠡᠷᠢᠭ᠎ᠤᠨ ᠭᠤᠤᠯ ᠲᠡᠢᠨ᠎ᠤ ᠲᠠᠯᠠᠪᠤᠷ᠎ᠲᠤ ᠣᠷᠣᠬᠤ᠎ᠶ᠋ᠢ ᠠᠬᠢᠭᠤᠯᠬᠤ᠎ᠲᠠᠢ ᠨᠢᠭ᠍ᠲᠠ ᠤᠶᠠᠯᠳᠤᠭᠤᠯᠤᠨ᠂ ᠨᠡᠪᠲᠡᠷᠡᠭᠦᠯᠦᠭ᠌ᠴᠢ ᠡᠷᠬᠢᠯᠡᠭᠴᠢ᠎ᠶ᠋ᠢᠨ ᠡᠩᠨᠡᠭᠡ᠎ᠶ᠋ᠢ ᠬᠡᠷᠬᠢᠨ ᠬᠡᠯᠪᠡᠷᠢ᠎ᠪᠠᠨ ᠬᠤᠪᠢᠷᠠᠭᠤᠯᠤᠨ ᠲᠠᠰ ᠳᠡᠪᠱᠢᠭᠦᠯᠬᠦ᠌ ᠡᠨᠡ ᠬᠦ᠌ ᠵᠠᠩᠭᠢᠯᠠᠭ᠎ᠠ᠎ᠶ᠋ᠢᠨ ᠰᠡᠳᠦᠪ᠎ᠲᠠᠢ ᠨᠢᠭ᠍ᠲᠠ ᠤᠶᠠᠯᠳᠤᠭᠤᠯᠤᠨ᠂ ᠰᠤᠷᠤᠭ᠍ᠴᠢᠳ᠎ᠢ ᠬᠥᠲᠥᠯᠦᠨ ᠵᠢᠯᠣᠭᠤᠳᠴᠤ᠌ ᠤᠯᠤᠰ ᠲᠥᠷᠥ᠎ᠶ᠋ᠢᠨ ᠰᠠᠭᠤᠷᠢ᠎ᠶ᠋ᠢ ᠪᠠᠬᠢᠵᠢᠭᠦᠯᠵᠦ᠍᠂ ᠶᠣᠰᠣ ᠮᠣᠷᠠᠯ᠎ᠢ ᠡᠷᠬᠢᠮᠯᠡᠨ ᠤᠷᠠᠯᠢᠭ᠎ᠢ ᠬᠥᠭᠡᠭᠡᠴᠡᠯᠳᠦᠵᠦ᠍᠂ ᠪᠥᠬᠦ᠌ ᠵᠠᠭᠤᠴᠢᠯᠠᠭᠤᠷ᠎ᠤᠨ ᠬᠡᠯᠪᠡᠷᠢ᠎ᠶ᠋ᠢᠨ ᠲᠤᠰᠭᠠᠶ ᠮᠡᠷᠭᠡᠵᠢᠯᠲᠡᠨ᠎ᠤ ᠬᠡᠯᠪᠡᠷᠢ᠎ᠶ᠋ᠢᠨ ᠲᠤᠰᠭᠠᠶ ᠮᠡᠷᠭᠡᠵᠢᠯ᠎ᠤᠨ ᠬᠡᠪ ᠪᠣᠯᠪᠠᠰᠤᠷᠠᠯ᠎ᠢ ᠬᠥᠮᠦᠵᠢᠭᠦᠯᠵᠦ᠍᠂ ᠨᠠᠩ ᠢᠲᠡᠭᠡᠯ᠎ᠲᠠᠢ ᠣᠪᠣᠷ᠎ᠢᠶᠠᠷ ᠥᠭᠡᠷᠡᠴᠢᠯᠡᠯᠲᠡ ᠬᠢᠵᠦ᠍ ᠱᠢᠨ᠎ᠡ᠎ᠶ᠋ᠢ ᠡᠭᠦᠳᠬᠦ᠌ ᠬᠦᠨᠳᠦ ᠡᠭᠦᠷᠭᠡ᠎ᠶ᠋ᠢ ᠵᠣᠷᠢᠭ᠍ᠲᠠᠶ᠎ᠪᠠᠷ ᠡᠭᠦᠷᠭᠡᠯᠡᠵᠦ᠍᠂ ᠴᠠᠭ ᠦᠶ᠎ᠡ᠎ᠶ᠋ᠢᠨ ᠲᠠᠭᠤᠨ᠎ᠢ ᠳᠠᠮᠵᠢᠭᠤᠯᠬᠤ᠎ᠶ᠋ᠢᠨ ᠲᠥᠯᠥᠭᠡ ᠴᠥᠬᠦᠷᠡᠰᠢ ᠥᠬᠡᠶ ᠲᠡᠮᠡᠴᠡᠪᠡ᠃

ᠰᠤᠳᠤᠯᠤᠨ ᠶᠠᠷᠢᠯᠴᠠᠬᠤ ᠠᠩᠭᠢ 《 ᠠᠯᠲᠠᠨ ᠳᠠᠭᠤᠨ ᠦᠯᠢᠭᠡᠷ ᠳᠠᠭᠤᠷᠢᠶᠠᠯ 》᠎ᠤᠨ ᠭᠤᠭ᠍ᠴᠤᠭ᠎ᠠ᠎ᠶ᠋ᠢ ᠲᠣᠬᠢᠷᠠᠭᠤᠯᠵᠤ᠂ 12 ᠨᠡᠷᠡᠰ 《 ᠠᠯᠲᠠᠨ ᠳᠠᠭᠣᠨ ᠱᠠᠩᠨᠠᠯ》᠎ᠤᠨ ᠱᠠᠩᠨᠠᠯ ᠬᠦᠷᠲᠡᠭ᠌ᠴᠢ ᠶᠠᠷᠢᠶᠠᠨ᠎ᠤ ᠲᠠᠪᠴᠠᠩ᠎ᠳᠤ ᠭᠠᠷᠴᠤ᠌᠂ 《 ᠠᠯᠲᠠᠨ ᠳᠠᠭᠤᠤ 》᠎ᠶ᠋ᠢᠨ ᠲᠤᠬᠠᠶ ᠣᠢᠯᠠᠭᠠᠯᠲᠠ᠎ᠪᠠᠨ ᠠᠭᠤᠵᠢᠷᠠᠲᠠᠯ᠎ᠠ ᠶᠠᠷᠢᠯᠴᠠᠪᠠ᠃ ᠲᠡᠳᠡᠨ᠎ᠤ ᠬᠤᠪᠢᠶᠠᠯᠴᠠᠭ᠎ᠠ ᠳᠤᠮᠳᠠ ᠪᠣᠳᠠᠲᠤ ᠠᠬᠤᠢ᠎ᠶ᠋ᠢᠨ ᠲᠥᠭᠡᠷᠢᠭ᠌ᠳᠡᠯ᠎ᠢ ᠵᠠᠳᠠᠯᠤᠭ᠍ᠰᠠᠨ᠎ᠢᠶᠠᠷ ᠪᠠᠷᠠᠬᠤ ᠦᠭᠡᠢ᠂ ᠨᠡᠩ ᠴᠤ᠌ ᠬᠡᠯᠪᠡᠷᠢ᠎ᠪᠠᠨ ᠬᠤᠪᠢᠷᠠᠭᠤᠯᠤᠨ ᠱᠢᠪᠲᠤᠯᠤᠯᠲᠠ ᠭᠠᠷᠭᠠᠬᠤ᠎ᠶ᠋ᠢ ᠶᠠᠷᠢᠵᠠᠢ; ᠬᠤᠪᠢᠰᠤᠯᠲᠠ᠎ᠶ᠋ᠢᠨ ᠳᠤᠮᠳᠠ ᠤᠭ ᠰᠠᠨᠠᠭ᠎ᠠ᠎ᠪᠠᠨ ᠵᠣᠷᠢᠵᠤ᠂ ᠦᠵᠡᠯ ᠰᠠᠨᠠᠭ᠎ᠠ᠎ᠲᠠᠢ ᠬᠠᠢᠷ᠎ᠠ ᠰᠡᠳᠭᠢᠯᠭᠡ᠎ᠲᠠᠢ ᠦᠢᠯᠡ ᠠᠵᠢᠯᠯᠠᠭ᠎ᠠ᠎ᠲᠠᠢ ᠪᠠᠢᠬᠤ᠎ᠶ᠋ᠢ ᠢᠯᠡᠳᠭᠡᠭ᠌ᠰᠡᠨ ᠪᠥᠭᠡᠳ ᠰᠠᠨᠠᠭᠠᠴᠢᠯᠠᠭ᠎ᠠ᠎ᠠᠴᠠ᠎ᠪᠠᠨ ᠬᠤᠪᠢᠰᠤᠯᠲᠠ᠎ᠶᠢ ᠲᠡᠪᠡᠷᠢᠨ᠂ 《 ᠠᠯᠲᠠᠨ ᠳᠠᠭᠤᠨ᠎ᠤ ᠱᠢᠨ᠎ᠡ ᠠᠮᠢᠵᠢᠷᠠᠯ》᠎ᠤᠨ ᠰᠢᠨ᠎ᠡ ᠴᠢᠳᠠᠪᠤᠷᠢ᠎ᠶᠢ ᠰᠡᠳᠭᠢᠯ ᠲᠠᠯᠪᠢᠨ ᠳᠠᠪᠲᠠᠨ ᠪᠣᠯᠪᠠᠰᠤᠷᠠᠭᠤᠯᠬᠤ ᠬᠡᠷᠡᠭ᠌ᠲᠡᠶ ᠭᠡᠵᠦ ᠴᠢᠬᠣᠯᠠᠴᠢᠯᠠᠪᠠ᠃ 《 ᠠᠯᠲᠠᠨ ᠳᠠᠭᠤᠨ ᠵᠠᠮ 》᠎ᠤᠨ ᠲᠤᠰᠭᠠᠶ ᠰᠡᠳᠦᠪᠲᠦ ᠰᠤᠷᠤᠯᠴᠠᠯᠭ᠎ᠠ᠎ᠶ᠋ᠢᠨ ᠭᠤᠭ᠍ᠴᠤᠭ᠎ᠠ᠎ᠳᠤ᠂ 《 ᠠᠯᠲᠠᠨ ᠳᠠᠭᠣᠨ ᠱᠠᠩᠨᠠᠯ》᠎ᠦᠨ ᠱᠢᠯᠭᠠᠷᠠᠭᠤᠯᠬᠤ ᠺᠣᠮᠢᠰ᠎ᠤᠨ ᠲᠤᠰᠭᠠᠶ ᠮᠡᠷᠭᠡᠵᠢᠯᠲᠡᠨ᠎ᠢ ᠤᠷᠢᠵᠤ ᠦᠵᠡᠵᠦ᠍ ᠰᠣᠨᠣᠰᠭᠤ ᠠᠭᠤᠯᠭ᠎ᠠ᠎ᠶ᠋ᠢᠨ ᠱᠢᠨ᠎ᠡ᠎ᠶ᠋ᠢ ᠡᠭᠦᠳᠬᠦ᠌ ᠬᠥᠭ᠌ᠵᠢᠯᠲᠡ᠎ᠶ᠋ᠢᠨ ᠬᠠᠨᠳᠤᠰᠢ᠂ ᠵᠢᠮ᠎ᠡ ᠶᠣᠰᠣ ᠬᠢᠭᠡᠳ ᠬᠡᠷᠡᠭ᠎ᠤᠨ ᠵᠢᠱ᠌ᠢᠶ᠎ᠡ᠎ᠶ᠋ᠢ ᠭᠦᠨᠵᠡᠭᠡᠶ ᠲᠠᠢᠯᠪᠤᠷᠢᠯᠠᠨ ᠣᠢᠯᠠᠭᠠᠭᠤᠯᠵᠤ᠂ 《 ᠰᠦᠷᠯᠢᠭ ᠪᠠᠭ᠋ᠠᠲᠣᠷᠯᠢᠭ᠎ᠢᠶᠠᠷ ᠰᠦᠨᠳᠡᠷᠯᠡᠨ ᠵᠣᠭᠰᠣᠬᠣ 》᠎ᠶᠢᠨ ᠳᠦᠷᠢ᠎ᠶ᠋ᠢ ᠳᠡᠭᠡᠭ᠌ᠰᠢᠯᠡᠭᠦᠯᠬᠦ᠌ ᠬᠢᠭᠡᠳ 《 ᠲᠤᠬᠠᠶ᠎ᠶ᠋ᠢᠨ ᠲᠠᠯᠠᠪᠠᠢ᠎ᠳᠤ ᠳᠠᠭᠤᠨ ᠭᠠᠷᠭᠠᠬᠤ 》 ᠴᠢᠳᠠᠪᠤᠷᠢ᠎ᠶ᠋ᠢ ᠵᠠᠳᠠᠯᠵᠤ ᠳᠠᠬᠢᠨ ᠪᠦᠲᠦᠭᠡᠪᠡ; ᠬᠤᠨᠠᠨ ᠮᠤᠵᠢ᠎ᠶ᠋ᠢᠨ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ ᠭᠤᠤᠯ ᠬᠠᠷᠢᠭᠤᠴᠠᠯᠭᠠᠲᠠᠨ ᠨᠥᠬᠦᠳ 《 ᠷᠠᠳᠢᠣ᠋ ᠲᠧᠯᠸᠢᠰ᠎ᠤᠨ ᠱᠢᠶᠠᠩᠵᠢᠶᠦ᠋ᠨ 》᠎ᠤ ᠬᠥᠭ᠌ᠵᠢᠯᠲᠡ᠎ᠶ᠋ᠢᠨ ᠲᠤᠷᠱᠢᠯᠭ᠎ᠠ ᠪᠠ ᠠᠮᠵᠢᠯᠲᠠ ᠣᠯᠤᠭ᠍ᠰᠠᠨ ᠨᠢᠭᠤᠴᠠ ᠲᠡᠮᠲᠡᠭ᠎ᠢ ᠱᠢᠰᠲ᠋ᠧᠮ᠎ᠲᠠᠢ ᠲᠣᠳᠣᠷᠬᠠᠢᠯᠠᠨ ᠥᠭᠦᠯᠡᠪᠡ᠃ 《 ᠠᠯᠲᠠᠨ ᠳᠠᠭᠤᠨ ᠦᠢᠯᠡᠳᠭᠡᠯ᠎ᠤᠨ ᠭᠠᠵᠠᠷ 》᠎ᠤᠨ ᠭᠤᠭ᠍ᠴᠤᠭ᠎ᠠ᠎ᠳᠤ᠂ 《 ᠷᠠᠳᠢᠣ᠋ ᠲᠧᠯᠸᠢᠰ᠎ᠤᠨ ᠶᠡᠭᠡ V 》᠎ᠶᠢ ᠣᠷᠢᠵᠣ ᠤᠯᠠᠮᠵᠢᠯᠠᠯᠲᠤ ᠵᠠᠭᠤᠴᠢᠯᠠᠭᠤᠷ᠎ᠤᠨ ᠬᠥᠮᠦᠰ᠎ᠤᠨ ᠬᠡᠯᠪᠡᠷᠢ᠎ᠪᠠᠨ ᠬᠤᠪᠢᠷᠠᠭᠤᠯᠤᠨ ᠠᠮᠢ ᠴᠦᠯᠡᠨ ᠱᠢᠨ᠎ᠡ ᠵᠠᠭᠤᠴᠢᠯᠠᠭᠤᠷ᠎ᠤᠨ ᠤᠷᠤᠯᠳᠤᠭᠠᠨ᠎ᠤ ᠵᠠᠮ᠎ᠢ ᠲᠡᠮᠡᠴᠡᠭᠰᠡᠨ ᠪᠣᠳᠠᠲᠤ ᠪᠠᠢᠯᠳᠤᠭᠠᠨ᠎ᠤ ᠲᠤᠷᠱᠢᠯᠭ᠎ᠠ᠎ᠶ᠋ᠢ ᠲᠠᠢ᠌ᠯᠪᠤᠷᠢᠯᠠᠭᠣᠯᠵᠣ᠂ ᠲᠤᠰᠭᠠᠢ ᠮᠡᠷᠭᠡᠵᠢᠯ᠎ᠤᠨ ᠴᠥᠮ᠎ᠡ᠎ᠶ᠋ᠢ ᠴᠢᠬᠤᠯᠠᠴᠢᠯᠠᠬᠤ᠎ᠶ᠋ᠢᠨ ᠬᠠᠮᠲᠤ ᠰᠤᠷᠤᠭ᠍ᠴᠢᠳ᠎ᠢ ᠵᠣᠬᠢᠶᠠᠨ ᠪᠠᠢᠭᠤᠯᠤᠨ ᠮᠠ ᠯᠠᠨ ᠱᠠᠨ᠎ᠤ ᠸᠢᠳᠢᠣ᠋ ᠰᠣᠶᠣᠯ᠎ᠤᠨ ᠡᠭᠦᠳᠦᠯᠲᠡ᠎ᠶ᠋ᠢᠨ ᠬᠦᠷᠢᠶᠡᠯᠡᠩ᠎ᠳᠤ ᠬᠦᠷᠴᠦ᠍ ᠰᠣᠶᠣᠯ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠠᠭᠤᠰᠤᠯᠴᠠᠯ᠎ᠤᠨ ᠬᠥᠳᠡᠯᠭᠡᠭᠦᠷ ᠳᠣᠣᠷᠠᠬᠢ ᠠᠵᠤ ᠦᠢᠯᠡᠰ᠎ᠤᠨ ᠱᠢᠨ᠎ᠡ᠎ᠶ᠋ᠢ ᠡᠭᠦᠳᠬᠦ᠌ ᠠᠮᠢ ᠠᠬᠤᠢ᠎ᠶ᠋ᠢᠨ ᠱᠢᠰᠲ᠋ᠧᠮ᠎ᠢ ᠰᠤᠷᠤᠯᠴᠠᠭᠤᠯᠪᠠ᠃ 《 ᠠᠯᠲᠠᠨ ᠳᠠᠭᠤᠨ ᠱᠢᠯᠦᠭ᠎ᠤᠨ ᠴᠤᠭ᠍ᠯᠠᠭᠠᠨ 》᠎ᠤ ᠦᠢᠯᠡᠳᠦᠯᠭᠡ᠎ᠶ᠋ᠢᠨ ᠳᠤᠮᠳᠠ᠂ ᠰᠤᠷᠤᠭ᠍ᠴᠢᠳ 《 ᠠᠯᠲᠠᠨ ᠳᠠᠭᠣᠣ᠎ᠶᠢᠨ ᠪᠦᠷᠢᠨ ᠰᠠᠢ᠌ᠬᠠᠨ • ᠭᠡᠷᠡᠯ ᠭᠢᠯᠪᠠᠭ᠎ᠠ᠎ᠶᠢ ᠬᠦᠭᠡᠭᠡᠴᠡᠯᠳᠦᠨ ᠶᠠᠪᠣᠬᠣ 》 ᠭᠡᠬᠦ᠌ ᠰᠡᠳᠦᠪ᠎ᠢᠶᠠᠷ ᠠᠩᠬ᠎ᠠ ᠵᠣᠬᠢᠶᠠᠭᠰᠠᠨ ᠱᠢᠯᠦᠭ ᠳᠠᠭᠤᠯᠠᠯ᠎ᠢ ᠬᠠᠮᠲᠤ᠎ᠪᠠᠷ ᠳᠡᠯᠭᠡᠷᠡᠭᠦᠯᠵᠦ᠍᠂ ᠱᠢᠨ᠎ᠡ ᠴᠠᠭ ᠦᠶ᠎ᠡ᠎ᠶ᠋ᠢᠨ ᠨᠡᠪᠲᠡᠷᠡᠭᠦᠯᠦᠭ᠌ᠴᠢ ᠡᠷᠬᠢᠯᠡᠭᠴᠢ ᠴᠢᠬᠤᠯᠠ ᠶᠡᠭᠡ ᠬᠡᠷᠡᠭ ᠶᠠᠪᠤᠳᠠᠯ᠎ᠤᠨ ᠭᠡᠷᠡᠴᠢᠯᠡᠭ᠌ᠴᠢ᠂ ᠲᠡᠦᠬᠡ᠎ᠶ᠋ᠢᠨ ᠬᠥᠭ᠌ᠵᠢᠯᠲᠡ᠎ᠶ᠋ᠢᠨ ᠲᠡᠮᠳᠡᠭ᠌ᠯᠡᠭ᠌ᠴᠢ᠂ ᠪᠣᠯᠪᠠᠰᠤᠨ ᠲᠠᠪᠱᠢᠯᠳᠠ᠎ᠶ᠋ᠢᠨ ᠪᠦᠳᠦᠭᠡᠨ ᠪᠠᠢᠭᠤᠯᠤᠭ᠍ᠴᠢ᠂ ᠴᠠᠭ ᠦᠶ᠎ᠡ᠎ᠶ᠋ᠢᠨ ᠳᠦᠷᠰᠦ ᠪᠠᠢᠳᠠᠯ᠎ᠤᠨ ᠲᠥᠯᠥᠭᠡᠯᠡᠭ᠌ᠴᠢ ᠪᠣᠯᠬᠤ᠎ᠪᠠᠷ ᠵᠣᠷᠢᠭ ᠰᠢᠭᠣᠳᠴᠣ ᠳᠠᠭᠣᠨ ᠨᠢᠭᠡᠲᠡᠢ ᠢᠯᠡᠳᠭᠡᠪᠡ᠃

ᠲᠥᠪ᠎ᠤᠨ ᠷᠠᠳᠢᠣ᠋ ᠲᠧᠯᠸᠢᠰ᠎ᠤᠨ ᠪᠠᠢᠭᠤᠯᠤᠮᠵᠢ᠂ ᠡᠯ᠎ᠡ ᠮᠤᠵᠢ ( ᠣᠷᠣᠨ᠂ ᠬᠤᠲᠠ ) ᠪᠠ ᠳᠡᠳ᠋ ᠮᠤᠵᠢ᠎ᠶ᠋ᠢᠨ ᠱᠠᠲᠤᠨ᠎ᠤ ᠬᠤᠲᠠ ᠵᠢᠴᠢ ᠬᠤᠨᠠᠨ᠎ᠤ ᠲᠤᠬᠠᠶ᠎ᠶ᠋ᠢᠨ ᠭᠠᠵᠠᠷ᠎ᠤᠨ ᠬᠡᠰᠡᠭ ᠷᠠᠳᠢᠣ᠋ ᠲᠧᠯᠸᠢᠰ ᠬᠤᠷᠢᠶᠠᠨ᠎ᠤ ᠷᠠᠳᠢᠣ᠋ ᠲᠧᠯᠸᠢᠰ᠎ᠤᠨ ᠨᠡᠪᠲᠡᠷᠡᠭᠦᠯᠦᠭ᠌ᠴᠢ ᠡᠷᠬᠢᠯᠡᠭᠴᠢ᠎ᠶᠢᠨ ᠭᠤᠤᠯᠯᠠᠭ᠍ᠴᠢ ᠬᠦᠴᠦᠨ᠂ ᠬᠡᠰᠡᠭ ᠭᠤᠤᠯᠳᠠᠯᠭ᠎ᠠ᠎ᠲᠠᠢ ᠰᠦᠯᠵᠢᠶᠡᠨ᠎ᠤ ᠦᠵᠡᠵᠦ᠍ ᠰᠣᠨᠣᠰᠭᠤ ᠪᠠᠢᠭᠤᠯᠤᠮᠵᠢ᠂ ᠤᠯᠤᠰ᠎ᠤᠨ ᠳᠣᠲᠣᠭᠠᠳᠤ᠎ᠶ᠋ᠢᠨ ᠭᠤᠤᠯ ᠪᠣᠯᠬᠤ ᠷᠠᠳᠢᠣ᠋ ᠲᠧᠯᠸᠢᠰ᠎ᠤᠨ MCN ᠪᠠᠢᠭᠤᠯᠤᠮᠵᠢ ᠪᠣᠯᠤᠨ ᠲᠣᠯᠣᠭ᠋ᠠᠢ᠌ᠯᠠᠭᠴᠢ ᠬᠡᠯᠲᠡᠰ᠎ᠤᠨ ᠵᠠᠬ᠎ᠠ ᠳᠡᠯᠭᠡᠭᠦᠷᠴᠢᠯᠡᠭ᠌ᠰᠡᠨ MCN ᠪᠠᠢᠭᠤᠯᠤᠮᠵᠢ᠂ ᠬᠡᠰᠡᠭ ᠭᠤᠤᠯᠳᠠᠯᠭ᠎ᠠ᠎ᠲᠠᠢ ᠰᠦᠯᠵᠢᠶᠡᠨ᠎ᠤ ᠱᠢᠭᠤᠳ ᠨᠡᠪᠲᠡᠷᠡᠭᠦᠯᠭᠡ᠎ᠶ᠋ᠢᠨ ᠲᠠᠪᠴᠠᠩ᠎ᠤᠨ ᠰᠦᠯᠵᠢᠶᠡᠨ᠎ᠤ ᠦᠵᠡᠵᠦ᠍ ᠰᠣᠨᠣᠰᠭᠤ ᠨᠡᠪᠲᠡᠷᠡᠭᠦᠯᠦᠭ᠌ᠴᠢ ᠡᠷᠬᠢᠯᠡᠭᠴᠢ ᠨᠡᠢᠲᠡ 80 ᠬᠥᠮᠦᠨ ᠪᠣᠯᠪᠠᠰᠤᠷᠠᠯ᠎ᠳᠤ ᠣᠷᠣᠯᠴᠠᠪᠠ᠃ ᠡᠭᠦᠨ᠎ᠳᠤ᠂ ᠪᠠᠷᠤᠭ ᠳᠥᠷᠪᠡᠨ ᠬᠤᠪᠢ ᠎ᠶ᠋ᠢᠨ ᠰᠤᠷᠤᠭ᠍ᠴᠢᠳ ᠬᠠᠮ ᠵᠠᠭᠤᠴᠢᠯᠠᠭᠤᠷ᠎ᠤᠨ ᠭᠤᠤᠯ ᠨᠡᠪᠲᠡᠷᠡᠭᠦᠯᠦᠭ᠌ᠴᠢ ᠪᠠ ᠰᠦᠯᠵᠢᠶᠡᠨ᠎ᠤ ᠭᠤᠤᠯ ᠨᠡᠪᠲᠡᠷᠡᠭᠦᠯᠦᠭ᠌ᠴᠢ᠎ᠶ᠋ᠢᠨ ᠬᠠᠮᠢᠶ᠎ᠠ ᠪᠥᠬᠦᠶ ᠠᠵᠢᠯ᠎ᠢ ᠬᠢᠪᠠ᠃

ᠢᠷᠡᠯᠲᠡ᠄ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠢ ᠲᠣᠪᠴᠢᠶ᠎ᠠ᠎ᠶᠢᠨ ᠣᠯᠠᠨ ᠨᠡᠢᠲᠡ᠎ᠶᠢᠨ ᠸᠢᠴᠠᠲ ᠲᠠᠪᠴᠠᠩ