ᠬᠠᠮᠣᠭ᠎ᠤᠨ ᠰᠢᠨ᠎ᠡ ᠳᠠᠩᠰᠠᠯᠠᠯ᠎ᠤᠨ ᠵᠠᠷᠯᠠᠯ᠎ᠳᠤ᠂ ᠪᠣᠲᠠᠲᠣ ᠠᠬᠤᠢ᠎ᠶᠢᠨ ᠰᠡᠳᠣᠪᠲᠦ ᠲᠸᠯᠸᠢᠰ ᠵᠦᠴᠦᠭᠡ ( ᠰᠦᠯᠵᠢᠶᠡᠨ᠎ᠤ ᠵᠦᠴᠦᠭᠡ )᠎ᠶᠢᠨ ᠡᠵᠡᠯᠡᠬᠦ ᠬᠠᠷᠢᠴᠠᠯ ᠨᠢ ᠵᠢᠷᠭᠣᠭ᠋ᠠᠨ ᠬᠤᠪᠢ᠎ᠶᠢ ᠳᠠᠪᠠᠵᠠᠢ
2025-12-05

2025 ᠣᠨ᠎ᠤ 10 ᠳ᠋ᠤᠭ᠋ᠠᠷ ᠰᠠᠷ᠎ᠠ᠎ᠳᠤ᠂ ᠪᠥᠬᠦ᠌ ᠤᠯᠤᠰ᠎ᠤᠨ ᠲᠧᠯᠸᠢᠰ ᠵᠦᠴᠦᠭᠡ ( ᠰᠦᠯᠵᠢᠶᠡᠨ᠎ᠤ ᠵᠦᠴᠦᠭᠡ )  ᠰᠡᠭᠦᠳᠡᠷᠯᠡᠨ ᠦᠢ᠍ᠯᠡᠳᠬᠦ᠎ᠶᠢᠨ ᠳᠠᠩᠰᠠᠯᠠᠯ᠎ᠤᠨ ᠵᠠᠷᠯᠠᠯ᠎ᠤᠨ ᠵᠦᠴᠦᠭᠡ᠎ᠶᠢᠨ ᠭᠠᠷᠴᠠᠭ143 ᠪᠦᠯᠦᠭ ᠪᠣᠢ᠃ ᠡᠭᠦᠨ᠎ᠳᠤ᠂ ᠪᠣᠳᠠᠲᠤ ᠠᠬᠤᠶ᠎ᠶ᠋ᠢᠨ ᠰᠡᠳᠦᠪᠲᠦ ᠲᠧᠯᠸᠢᠰ ᠵᠦᠴᠦᠭᠡ( ᠰᠦᠯᠵᠢᠶᠡᠨ᠎ᠤ ᠵᠦᠴᠦᠭᠡ ) 87ᠪᠦᠯᠦᠭ ᠪᠠᠢ᠌ᠵᠤ ( ᠲᠣᠰ ᠦᠶ᠎ᠡ᠎ᠶ᠋ᠢᠨ ᠰᠡᠳᠦᠪ᠎ᠤᠨ 85ᠪᠦᠯᠦᠭ ᠂ ᠣᠲᠣ ᠦᠶ᠎ᠡ᠎ᠶ᠋ᠢᠨ ᠰᠡᠳᠦᠪ᠎ᠤᠨ 2ᠪᠦᠯᠦᠭ ᠎ᠢ ᠪᠠᠭᠲᠠᠭ᠋ᠠᠨ᠎ᠠ ) ᠂ 10 ᠳ᠋ᠤᠭᠠᠷ ᠰᠠᠷ᠎ᠠ᠎ᠶ᠋ᠢᠨ ᠶᠡᠷᠦᠩᠬᠡᠶ ᠳᠠᠩᠰᠠᠯᠠᠭᠤᠯᠤᠭ᠍ᠰᠠᠨ ᠲᠤᠭ᠎ᠠ᠎ᠶ᠋ᠢᠨ ᠡᠵᠡᠯᠡᠬᠦ᠌ ᠬᠤᠪᠢ᠎ᠶ᠋ᠢᠨ ᠵᠢᠩ᠎ᠨᠢ ᠪᠠᠷᠤᠭ 60.84% ᠪᠣᠯᠤᠨ᠎ᠠ᠃

ᠣᠢᠷ᠎ᠠ᠎ᠳᠤ᠂ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠡᠴᠡ 《 2025 ᠣᠨ᠎ᠤ 10 ᠳ᠋ᠤᠭ᠋ᠠᠷ ᠰᠠᠷ᠎ᠠ᠎ᠶᠢᠨ ᠪᠥᠬᠦ᠌ ᠤᠯᠤᠰ᠎ᠤᠨ ᠲᠧᠯᠸᠢᠰ ᠵᠦᠴᠦᠭᠡ    ( ᠰᠦᠯᠵᠢᠶᠡᠨ᠎ᠤ ᠵᠦᠴᠦᠭᠡ )᠎ᠢ ᠰᠡᠭᠦᠳᠡᠷᠯᠡᠨ ᠦᠢ᠍ᠯᠡᠳᠬᠦ᠎ᠶᠢᠨ ᠳᠠᠩᠰᠠᠯᠠᠯ᠎ᠤᠨ ᠵᠠᠷᠯᠠᠯ᠎ᠤᠨ ᠲᠤᠬᠠᠶ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠶ᠋ᠢᠨ ᠮᠡᠳᠡᠭ᠌ᠳᠡᠯ》    ( ᠳᠣᠷᠣᠭ᠍ᠰᠢ 《 ᠮᠡᠳᠡᠭ᠌ᠳᠡᠯ 》 ᠭᠡᠵᠦ᠍  ᠲᠣᠪᠴᠢᠯᠠᠨ᠎ᠠ )᠎ᠢ ᠨᠡᠢᠲᠡᠯᠡᠪᠡ᠃

《 ᠮᠡᠳᠡᠭ᠌ᠳᠡᠯ 》᠎ᠳᠤ ᠢᠯᠡᠷᠡᠭᠦᠯᠦᠭ᠌ᠰᠡᠨ᠎ᠢᠶᠠᠷ᠂ 2025 ᠣᠨ᠎ᠤ 10 ᠳ᠋ᠤᠭ᠋ᠠᠷ ᠰᠠᠷ᠎ᠠ᠎ᠳᠤ᠂ ᠪᠥᠬᠦ᠌ ᠤᠯᠤᠰ᠎ᠤᠨ ᠲᠧᠯᠸᠢᠰ ᠵᠦᠴᠦᠭᠡ ( ᠰᠦᠯᠵᠢᠶᠡᠨ᠎ᠤ ᠵᠦᠴᠦᠭᠡ ) ᠰᠡᠭᠦᠳᠡᠷᠯᠡᠨ ᠦᠢ᠍ᠯᠡᠳᠬᠦ᠎ᠶᠢᠨ ᠳᠠᠩᠰᠠᠯᠠᠯ᠎ᠤᠨ ᠵᠠᠷᠯᠠᠯ᠎ᠤᠨ ᠵᠦᠴᠦᠭᠡ ᠎ᠶᠢᠨ ᠭᠠᠷᠴᠠᠭ143 ᠪᠦᠯᠦᠭ ᠪᠣᠢ᠃ ᠡᠭᠦᠨ᠎ᠳᠤ᠂ ᠡᠩ᠎ᠤᠨ ᠵᠦᠴᠦᠭᠡ᠎ᠶ᠋ᠢᠨ ᠴᠤᠭ᠍ᠯᠠᠷᠠᠯ 49 ᠪᠦᠯᠦᠭ ᠪᠠᠢᠵᠤ᠂ ᠡᠵᠡᠯᠡᠬᠦ ᠬᠠᠷᠢᠴᠠᠯ ᠨᠢ 34.27% ᠪᠣᠯᠣᠨ᠎ᠠ; ᠳᠣᠮᠳᠠ ᠤᠷᠲᠤ ᠵᠦᠴᠦᠭᠡ 9 ᠪᠦᠯᠦᠭ ᠪᠠᠢᠵᠤ᠂ ᠡᠵᠡᠯᠡᠬᠦ ᠬᠠᠷᠢᠴᠠᠯ ᠨᠢ 6.29% ᠪᠣᠯᠣᠨ᠎ᠠ; ᠣᠬᠤᠷ ᠵᠦᠴᠦᠭᠡ 20 ᠪᠦᠯᠦᠭ ᠪᠠᠢᠵᠤ᠂ ᠡᠵᠡᠯᠡᠬᠦ ᠬᠠᠷᠢᠴᠠᠯ ᠨᠢ13.99% ᠪᠣᠯᠣᠨ᠎ᠠ; ᠤᠯᠠᠷᠢᠯ᠎ᠢᠶᠠᠷ ᠨᠡᠪᠲᠡᠷᠡᠭᠦᠯᠬᠦ ᠵᠦᠴᠦᠭᠡ 4 ᠪᠦᠯᠦᠭ ᠪᠠᠢᠵᠤ᠂ ᠡᠵᠡᠯᠡᠬᠦ ᠬᠠᠷᠢᠴᠠᠯ ᠨᠢ 2.8% ᠪᠣᠯᠣᠨ᠎ᠠ; ᠰᠦᠯᠵᠢᠶᠡᠨ᠎ᠤ ᠦᠯᠢᠭᠡᠷᠲᠦ ᠺᠢᠨᠣ᠋ 61 ᠪᠦᠯᠦᠭ ᠪᠠᠢᠵᠤ᠂ ᠡᠵᠡᠯᠡᠬᠦ ᠬᠠᠷᠢᠴᠠᠯ ᠨᠢ 42.66% ᠪᠣᠯᠣᠨ᠎ᠠ᠃

ᠰᠡᠳᠦᠪ᠎ᠢᠶᠠᠷ᠎ᠨᠢ ᠬᠤᠪᠢᠶᠠᠪᠠᠯ᠂ ᠲᠣᠰ ᠦᠶ᠎ᠡ᠎ᠶ᠋ᠢᠨ ᠰᠡᠳᠦᠪ᠎ᠤᠨ 85 ᠪᠦᠯᠦᠭ ᠪᠠᠢᠵᠤ᠂ ᠡᠵᠡᠯᠡᠬᠦ ᠬᠠᠷᠢᠴᠠᠯ ᠨᠢ 59.44% ᠪᠣᠯᠣᠨ᠎ᠠ; ᠣᠲᠣ ᠦᠶ᠎ᠡ᠎ᠶ᠋ᠢᠨ ᠰᠡᠳᠦᠪ᠎ᠤᠨ 2 ᠪᠦᠯᠦᠭ ᠪᠠᠢᠵᠤ᠂ ᠡᠵᠡᠯᠡᠬᠦ᠌ ᠬᠠᠷᠢᠴᠠᠯ᠎ᠨᠢ 1.40% ᠪᠣᠯᠣᠨ᠎ᠠ; ᠣᠷᠴᠢᠨ ᠦᠶ᠎ᠡ᠎ᠶ᠋ᠢᠨ ᠰᠡᠳᠦᠪ 17᠎ᠤᠨ ᠪᠦᠯᠦᠭ ᠪᠠᠢᠵᠤ᠂ ᠡᠵᠡᠯᠡᠬᠦ ᠬᠠᠷᠢᠴᠠᠯ ᠨᠢ 11.89% ᠪᠣᠯᠣᠨ᠎ᠠ; ᠡᠷᠲᠡᠨ᠎ᠤ ᠦᠶ᠎ᠡ᠎ᠶ᠋ᠢᠨ ᠰᠡᠳᠦᠪ᠎ᠤᠨ 39 ᠪᠦᠯᠦᠭ ᠪᠠᠢᠵᠤ᠂  ᠡᠵᠡᠯᠡᠬᠦ ᠬᠠᠷᠢᠴᠠᠯ ᠨᠢ 27.27% ᠪᠣᠯᠣᠨ᠎ᠠ; ᠪᠤᠳᠠᠲᠤ  ᠠᠬᠣᠢ ᠰᠡᠳᠦᠪ ᠎ᠤᠨ ᠡᠵᠡᠯᠡᠬᠦ ᠬᠠᠷᠢᠴᠠᠯ ᠨᠢ 60.84% ᠪᠣᠯᠣᠨ᠎ᠠ᠃

ᠢᠷᠡᠯᠲᠡ᠄ ᠣᠯᠣᠰ᠎ᠤᠨ ᠷᠠᠳᠢᠤ᠋ ᠲᠸᠯᠸᠢᠰ᠎ᠦᠨ ᠣᠶᠣᠨ᠎ᠤ ᠬᠦᠮᠦᠷᠭᠡ