ᠰᠲ᠋ᠢᠯᠢ᠎ᠶᠢᠨ ᠪᠠᠢᠷᠢ ᠲᠣᠭᠲᠠᠭᠠᠯᠲᠠ᠎ᠶᠢ ᠣᠨᠣᠪᠴᠢᠲᠠᠢ ᠣᠯᠵᠤ᠂ ᠳᠤᠮᠳᠠ ᠬᠠᠭᠣᠳᠠᠰᠣ᠎ᠶᠢᠨ ᠬᠦᠦᠷᠨᠢᠯ᠎ᠦᠨ 《 ᠭᠦᠨᠴᠡ᠎ᠶᠢ ᠠᠯᠳᠠᠬᠤ ᠦᠭᠡᠢ ᠠᠪᠴᠠᠯᠳᠣᠩᠭᠣᠢ᠂ ᠶᠡᠬᠡ ᠳᠡᠯᠭᠡᠴᠡ ᠪᠠᠭ᠎ᠠ ᠳᠡᠯᠭᠡᠴᠡ᠎ᠳᠦ ᠪᠦᠷ ᠲᠤᠬᠢᠷᠠᠬᠤ 》 ᠣᠨᠴᠠ ᠴᠢᠳᠠᠪᠤᠷᠢ᠎ᠶᠢ ᠨᠡᠩ ᠰᠠᠢᠲᠤᠷ ᠪᠠᠳᠠᠷᠠᠭᠤᠯᠵᠤ᠂ ᠦᠵᠡᠭᠴᠢᠳ᠎ᠲᠦ ᠳᠤᠮᠳᠠ ᠵᠡᠷᠭᠡ᠎ᠶᠢᠨ ᠵᠦᠴᠦᠭᠡ ᠭᠡᠬᠦ ᠡᠨᠡᠬᠦ ᠴᠣᠩᠬᠣ᠎ᠶᠢ ᠨᠡᠪᠲᠡᠯᠦᠨ᠂ ᠨᠡᠩ ᠣᠯᠠᠨ ᠥᠪᠡᠷᠮᠢᠴᠡ ᠦᠵᠡᠮᠵᠢ᠎ᠶᠢ ᠦᠵᠡᠭᠦᠯᠦᠨ᠎ᠡ᠃
ᠣᠢᠷ᠎ᠠ᠎ᠳᠤ᠂ ᠳᠤᠮᠳᠠ ᠵᠡᠷᠭᠡ᠎ᠶᠢᠨ ᠵᠦᠴᠦᠭᠡ 《 ᠦᠵᠡᠮᠵᠢ᠎ᠶᠢ ᠣᠯᠵᠤ ᠦᠵᠡᠬᠦ ᠴᠣᠩᠬᠤ 》ᠰᠦᠯᠵᠢᠶᠡᠨ᠎ᠦ ᠲᠠᠢᠰᠠᠨ᠎ᠳᠤ ᠬᠠᠯᠠᠮ ᠨᠡᠪᠲᠡᠷᠡᠭᠦᠯᠪᠡ᠃ ᠲᠣᠰ ᠵᠦᠴᠦᠭᠡ᠎ᠨᠢ ᠦᠶ᠎ᠡ᠎ᠶᠢᠨ ᠬᠣᠭᠤᠷᠤᠨᠳᠤᠬᠢ ᠰᠡᠳᠭᠢᠯᠭᠡ᠂ ᠨᠤᠲᠤᠭ᠎ᠲᠤ᠎ᠪᠠᠨ ᠪᠤᠴᠠᠵᠤ ᠠᠳᠠᠯ ᠦᠢᠯᠡᠰ ᠴᠣᠭᠴᠠᠯᠠᠬᠤ᠂ ᠬᠥᠳᠡᠭᠡ ᠲᠣᠰᠭᠤᠨ᠎ᠢ ᠬᠥᠭᠵᠢᠭᠦᠯᠦᠨ ᠮᠠᠨᠳᠤᠭᠤᠯᠬᠤ ᠵᠡᠷᠭᠡ ᠣᠯᠠᠨ ᠡᠰᠢᠲᠦ ᠭᠣᠤᠯ ᠰᠡᠳᠦᠪ᠎ᠢ ᠥᠪᠡᠷᠮᠢᠴᠡ ᠲᠡᠯᠡᠢ᠎ᠶᠢᠨ ᠠᠷᠠᠯ᠎ᠤᠨ ᠰᠣᠶᠤᠯ᠎ᠳᠤ ᠠᠭᠤᠰᠭᠠᠨ ᠣᠷᠤᠭᠤᠯᠵᠤ᠂ ᠤᠳᠠᠭᠠᠰᠢᠷᠠᠭᠤᠯᠬᠤ᠎ᠦᠭᠡᠢ᠂ ᠳᠤᠲᠠᠭᠤ ᠳᠣᠷᠭᠤᠨ ᠵᠣᠭᠰᠣᠬᠣ ᠦᠭᠡᠢ᠂ ᠬᠠᠭᠤᠳᠠᠰᠤ ᠬᠡᠮᠵᠢᠶ᠎ᠡ ᠪᠠ ᠠᠢᠵᠠᠮ᠎ᠤᠨ ᠰᠢᠨ᠎ᠡ ᠭᠠᠢᠬᠠᠮᠰᠢᠭᠲᠤ ᠲᠥᠷᠦᠭᠳᠡᠯ᠎ᠢᠶᠡᠷ ᠦᠵᠡᠭᠴᠢᠳ᠎ᠦᠨ ᠵᠦᠴᠦᠭᠡ ᠦᠵᠡᠬᠦ ᠬᠠᠯᠠᠭᠤᠨ ᠰᠡᠳᠭᠢᠯᠭᠡ᠎ᠶᠢ ᠳᠠᠢᠴᠢᠯᠠᠵᠠᠢ᠃《ᠷᠠᠳᠢᠤ᠋ ᠲᠧᠯᠸᠢᠰ᠎ᠤᠨ 21 ᠵᠤᠷᠪᠤᠰ》᠎ᠢ ᠨᠠᠢ᠌ᠳᠠᠪᠤᠷᠢᠵᠢᠭᠤᠯᠤᠭᠰᠠᠨ ᠦᠷ᠎ᠡ ᠪᠦᠲᠦᠭᠡᠯ ᠪᠣᠯᠤᠭᠰᠠᠨ᠎ᠤ ᠬᠤᠪᠢ᠎ᠳᠤ᠂ ᠳᠤᠮᠳᠠ ᠵᠡᠷᠭᠡ᠎ᠶᠢᠨ ᠵᠦᠴᠦᠭᠡ᠎ᠶᠢᠨ ᠲᠤᠰᠠᠭᠠᠷ ᠲᠥᠷᠦᠯ ᠬᠤᠪᠢᠶᠠᠭᠰᠠᠨ᠎ᠨᠢ ᠣᠬᠤᠷᠬᠠᠨ ᠬᠡᠳᠦᠨ ᠰᠠᠷ᠎ᠠ ᠪᠠᠢ᠌ᠵᠤ᠂ ᠳᠠᠩᠰᠠᠯᠠᠭᠤᠯᠤᠭᠰᠠᠨ ᠲᠤᠭ᠎ᠠ ᠬᠡᠮᠵᠢᠶ᠎ᠡ᠎ᠨᠢ ᠨᠢᠳᠤᠨᠤᠨ᠎ᠤ 8 ᠳ᠋ᠤᠭ᠋ᠠᠷ ᠰᠠᠷ᠎ᠠ᠎ᠶᠢᠨ 2 ᠪᠦᠯᠥᠭ ᠪᠠᠢ᠌ᠭᠰᠠᠨ᠎ᠠᠴᠠ᠎ᠪᠠᠨ ᠳᠡᠭᠡᠭᠱᠢᠯᠡᠭᠡᠳ 11 ᠰᠠᠷ᠎ᠠ᠎ᠶᠢᠨ 23 ᠪᠦᠯᠥᠭ ᠪᠣᠯᠵᠤ᠂ ᠨᠡᠮᠡᠭᠳᠡᠯ᠎ᠤᠨ ᠬᠤᠷᠳᠤᠴᠠ᠎ᠨᠢ ᠬᠥᠮᠦᠰ᠎ᠤᠨ ᠠᠩᠬᠠᠷᠤᠯ᠎ᠢ ᠲᠠᠲᠠᠪᠠ᠃
ᠶᠡᠷᠦ᠎ᠳᠤ᠎ᠪᠠᠨ ᠳᠤᠮᠳᠠ ᠵᠡᠷᠭᠡ᠎ᠶᠢᠨ ᠵᠦᠴᠦᠭᠡ᠎ᠶᠢᠨ ᠳᠠᠩ ᠲᠡᠭᠦᠪᠦᠷᠢ᠎ᠶᠢᠨ ᠴᠠᠭ᠎ᠤᠨ ᠤᠷᠲᠤ᠎ᠨᠢ 20 ᠮᠢᠨᠦ᠋ᠲ ᠣᠷᠴᠢᠮ ᠪᠠᠢᠵᠤ᠂ ᠬᠥᠨᠳᠡᠯᠡᠨ ᠳᠡᠯᠭᠡᠴᠡ᠎ᠪᠡᠷ ᠰᠡᠭᠦᠳᠡᠷᠯᠡᠬᠦ ᠪᠠ ᠦᠷᠭᠦᠯᠵᠢᠯᠡᠨ ᠬᠦᠦᠷᠨᠢᠬᠦ᠎ᠪᠡᠷ ᠣᠨᠴᠠᠯᠢᠭ ᠪᠣᠯᠭᠠᠳᠠᠭ᠃ ᠳ᠋ᠢᠭᠢᠲᠴᠢᠯᠡᠭᠰᠡᠨ ᠵᠠᠭᠤᠴᠢᠯᠠᠭᠤᠷ᠎ᠤᠨ ᠴᠠᠭ ᠦᠶ᠎ᠡ᠎ᠳᠦ᠂ ᠡᠨᠡᠬᠦ ᠣᠷᠳᠤ ᠵᠦᠴᠦᠭᠡ ᠪᠣᠯᠤᠨ ᠪᠢᠴᠢᠯ ᠣᠬᠤᠷ ᠵᠦᠴᠦᠭᠡ᠎ᠶᠢᠨ ᠬᠣᠭᠤᠷᠤᠨᠳᠤᠬᠢ ᠤᠳᠭ᠎ᠠ ᠤᠷᠠᠯᠢᠭ᠎ᠤᠨ ᠬᠡᠯᠪᠡᠷᠢ᠎ᠨᠢ ᠲᠣᠰ ᠪᠡᠶ᠎ᠡ᠎ᠶᠢᠨ ᠳᠠᠪᠠᠭᠤᠯᠢᠭ᠎ᠢᠶᠠᠨ ᠬᠡᠷᠬᠢᠨ ᠪᠠᠳᠠᠷᠠᠭᠤᠯᠪᠠᠯ ᠵᠣᠬᠢᠬᠤ᠂ ᠪᠠᠰᠠ ᠬᠡᠷᠬᠢᠨ ᠳᠤᠮᠳᠠ ᠵᠡᠷᠭᠡ᠎ᠶᠢᠨ ᠬᠡᠮᠵᠢᠶ᠎ᠡ᠎ᠪᠡᠷ ᠳᠤᠮᠳᠠ ᠵᠡᠷᠭᠡ᠎ᠶᠢᠨ ᠴᠢᠨᠠᠷ ᠴᠢᠨᠰᠠᠭ᠎ᠠ᠎ᠶᠢ ᠪᠦᠲᠦᠭᠡᠵᠦ᠂ ᠵᠠᠬ᠎ᠠ ᠳᠡᠯᠭᠡᠭᠦᠷ᠎ᠦᠨ ᠨᠡᠮᠡᠭᠳᠡᠯ᠎ᠢ ᠬᠥᠭᠵᠢᠭᠡᠪᠡᠯ ᠵᠣᠬᠢᠬᠤ ᠪᠣᠢ ?
ᠨᠢᠭᠡ ᠲᠠᠯ᠎ᠠ᠎ᠪᠠᠷ᠂ ᠤᠯᠠᠮᠵᠢᠯᠠᠯᠲᠤ ᠣᠷᠳᠤ ᠵᠦᠴᠦᠭᠡ᠎ᠶᠢᠨ ᠵᠠᠬ᠎ᠠ ᠳᠡᠯᠭᠡᠭᠦᠷ᠎ᠨᠢ ᠶᠠᠭ ᠦᠵᠡᠭᠴᠢᠳ᠎ᠦᠨ ᠠᠩᠬᠠᠷᠤᠯ ᠠᠯᠳᠠᠭᠳᠠᠬᠤ᠂ ᠵᠣᠬᠢᠶᠠᠨ ᠪᠦᠲᠦᠭᠡᠯᠭᠡ᠎ᠶᠢᠨ ᠬᠡᠯᠪᠡᠷᠢ᠎ᠪᠡᠨ ᠬᠤᠪᠢᠷᠠᠭᠤᠯᠬᠤ᠎ᠳᠤ ᠬᠦᠴᠦᠨ ᠮᠡᠬᠦᠰᠳᠡᠬᠦ ᠵᠡᠷᠭᠡ ᠪᠣᠳᠠᠲᠤ ᠪᠠᠢᠳᠠᠯ᠎ᠳᠤ ᠲᠤᠯᠭᠠᠷᠠᠵᠤ ᠪᠠᠢᠨ᠎ᠠ; ᠨᠥᠭᠦᠭᠡ ᠲᠠᠯ᠎ᠠ᠎ᠪᠠᠷ᠂ ᠵᠠᠷᠢᠮ ᠪᠢᠴᠢᠯ ᠣᠬᠤᠷ ᠵᠦᠴᠦᠭᠡ᠎ᠳᠦ ᠠᠭᠤᠯᠭ᠎ᠠ᠎ᠨᠢ ᠠᠳᠠᠯᠢ ᠴᠢᠨᠠᠷᠵᠢᠭᠰᠠᠨ᠂ ᠵᠦᠴᠦᠭᠡ᠎ᠶᠢᠨ ᠦᠢᠯᠡ ᠶᠠᠪᠤᠳᠠᠯ᠎ᠨᠢ ᠬᠡᠰᠡᠭ ᠪᠤᠰᠠᠭ᠂ ᠲᠣᠭᠯᠠᠯᠲᠠ᠎ᠨᠢ ᠳᠠᠪᠠᠭᠤᠯᠤᠯ᠎ᠲᠠᠢ ᠵᠡᠷᠭᠡ ᠠᠰᠠᠭᠤᠳᠠᠯ ᠣᠷᠤᠰᠢᠵᠤ᠂ ᠵᠠᠬ᠎ᠠ ᠳᠡᠯᠭᠡᠭᠦᠷ᠎ᠲᠦ ᠵᠣᠬᠢᠬᠤ ᠬᠡᠮᠵᠢᠶᠡᠨ᠎ᠦ 《 ᠬᠡᠢ ᠬᠠᠯᠠᠭᠣᠨ 》᠎ᠢ ᠢᠯᠡᠷᠡᠭᠦᠯᠦᠭᠰᠡᠨ ᠪᠠᠢᠨ᠎ᠠ᠃ ᠬᠡᠷᠡᠭᠯᠡᠭᠴᠢ᠎ᠶᠢᠨ ᠬᠡᠷᠡᠭᠴᠡᠭᠡ ᠪᠣᠯᠤᠨ ᠲᠥᠷᠦ᠎ᠶᠢᠨ ᠪᠣᠳᠤᠯᠭ᠎ᠠ᠎ᠶᠢᠨ ᠵᠢᠯᠤᠭᠤᠳᠤᠯᠭ᠎ᠠ᠎ᠶᠢᠨ ᠳᠠᠪᠬᠤᠷ ᠬᠥᠳᠡᠯᠭᠡᠭᠦᠷ ᠳᠣᠤᠷ᠎ᠠ᠂ ᠳᠣᠮᠳᠠ ᠵᠡᠷᠭᠡ᠎ᠶᠢᠨ ᠵᠦᠴᠦᠭᠡ᠎ᠶᠢᠨ ᠲᠥᠷᠦᠯ ᠵᠦᠢᠯ ᠠᠶᠠᠨᠳᠠᠭ᠋ᠠᠨ ᠪᠤᠢ ᠪᠣᠯᠪᠠ᠃ ᠭᠤᠸ᠎ᠠ ᠲᠠᠭᠠᠰᠢᠶᠠᠯ᠎ᠤᠨ ᠵᠠᠭᠠᠭ ᠬᠢᠵᠠᠭᠠᠷ᠎ᠢ ᠬᠠᠢᠨ ᠰᠦᠪᠡᠭᠴᠢᠯᠡᠬᠦ ᠲᠤᠷᠰᠢᠯᠲᠠ᠎ᠶᠢᠨ ᠲᠠᠯᠠᠪᠠᠢ ᠪᠣᠯᠤᠭᠰᠠᠨ᠎ᠤ ᠬᠤᠪᠢ᠎ᠳᠤ᠂ ᠳᠤᠮᠳᠠ ᠵᠡᠷᠭᠡ᠎ᠶᠢᠨ ᠵᠦᠴᠦᠭᠡ᠎ᠳᠦ ᠲᠠᠯᠪᠢᠭᠰᠠᠨ ᠬᠦᠰᠡᠯ ᠡᠷᠡᠮᠡᠯᠵᠡᠯ᠎ᠨᠢ ᠳᠥᠭᠦᠮᠬᠡᠨ 《 ᠣᠷᠳᠤ ᠵᠦᠴᠦᠭᠡ᠎ᠶᠢᠨ ᠠᠪᠴᠢᠯᠲᠠ 》 ᠪᠤᠶᠤ 《 ᠣᠬᠤᠷ ᠵᠦᠴᠦᠭᠡ᠎ᠶᠢᠨ ᠤᠷᠲᠤᠳᠭᠠᠯᠲᠠ 》 ᠣᠭᠲᠤ ᠪᠢᠰᠢ᠂ ᠬᠠᠷᠢᠨ ᠣᠷᠳᠤ ᠵᠦᠴᠦᠭᠡ᠂ ᠪᠢᠴᠢᠯ ᠣᠬᠤᠷ ᠵᠦᠴᠦᠭᠡᠲᠡᠢ 《 ᠪᠠᠢᠷᠢ ᠰᠠᠭᠤᠷᠢ᠎ᠶᠢᠨ ᠵᠥᠷᠢᠶ᠎ᠡ 》᠎ᠶᠢ ᠨᠡᠭᠡᠭᠡᠵᠦ᠂ ᠵᠥᠷᠢᠶᠡᠲᠦ ᠤᠷᠤᠯᠳᠤᠭᠠᠨ᠎ᠤ ᠵᠠᠮ ᠳᠡᠭᠡᠷ᠎ᠡ ᠬᠦᠦᠷᠨᠢᠨ ᠲᠣᠭᠠᠴᠢᠬᠤ ᠰᠢᠨ᠎ᠡ ᠬᠡᠯᠡᠨ ᠵᠦᠢ᠎ᠶᠢ ᠪᠠᠢᠭᠤᠯᠤᠭᠰᠠᠨ ᠪᠠᠢᠨ᠎ᠠ᠃
ᠵᠦᠴᠦᠭᠡ᠎ᠶᠢᠨ ᠲᠡᠭᠦᠪᠦᠷᠢ᠎ᠨᠢ ᠭᠣᠤᠯᠳᠠᠭᠤ ᠡᠳᠦᠷ ᠲᠤᠲᠤᠮ᠎ᠤᠨ ᠬᠠᠨᠢ ᠪᠣᠯᠵᠤ ᠦᠵᠡᠬᠦ᠎ᠳᠦ ᠲᠣᠬᠢᠷᠠᠨ᠎ᠠ᠃ 2 ᠮᠢᠨᠦ᠋ᠲ ᠣᠷᠴᠢᠮ᠎ᠤᠨ ᠨᠢᠭᠡ ᠪᠦᠯᠦᠭ ᠪᠢᠴᠢᠯ ᠣᠬᠤᠷ ᠵᠦᠴᠦᠭᠡ᠎ᠨᠢ ᠴᠠᠭ᠎ᠦᠨ ᠤᠷᠲᠤ᠎ᠶᠢ ᠰᠢᠬᠠᠨ ᠭᠠᠷᠭᠠᠵᠤ ᠬᠠᠢᠷ᠎ᠠ ᠰᠡᠳᠭᠢᠯᠭᠡ᠎ᠶᠢ ᠨᠠᠷᠢᠨ ᠵᠢᠷᠤᠭᠯᠠᠵᠤ᠂ ᠦᠨ᠎ᠡ ᠥᠷᠲᠡᠭ᠎ᠢ ᠢᠯᠡᠷᠡᠭᠦᠯᠬᠦ᠎ᠳᠦ ᠬᠦᠴᠢᠷ᠂ ᠳᠤᠮᠳᠠ ᠵᠡᠷᠭᠡ᠎ᠶᠢᠨ ᠵᠦᠴᠦᠭᠡ᠎ᠨᠢ ᠬᠠᠷᠢᠴᠠᠩᠭᠤᠢ ᠭᠦᠢᠴᠡᠳ ᠴᠠᠭ᠎ᠤᠨ ᠪᠠᠭᠲᠠᠭᠠᠮᠵᠢ᠎ᠪᠠᠷ ᠬᠥᠮᠦᠨ᠎ᠢ ᠪᠦᠲᠦᠭᠡᠬᠦ ᠪᠠ ᠭᠣᠤᠯ ᠰᠡᠳᠦᠪ᠎ᠢ ᠠᠭᠤᠳᠠᠯᠬᠤ᠎ᠳᠤ ᠣᠷᠤᠨ ᠵᠠᠢ ᠦᠯᠡᠳᠡᠭᠡᠵᠦ ᠥᠭᠴᠡᠢ᠃ ᠡᠭᠦᠨ᠎ᠦ ᠬᠠᠮᠲᠤ ᠪᠠᠰᠠ ᠪᠢᠴᠢᠯ ᠣᠬᠤᠷ ᠵᠦᠴᠦᠭᠡ᠎ᠶᠢᠨ ᠠᠢᠵᠠᠮ᠎ᠤᠨ ᠳᠠᠪᠠᠭᠤᠯᠢᠭ᠎ᠢ ᠵᠣᠬᠢᠶᠠᠨ ᠪᠦᠲᠦᠭᠡᠯᠭᠡ᠎ᠳᠦ ᠠᠭᠤᠰᠭᠠᠨ ᠣᠷᠤᠭᠤᠯᠵᠤ᠂ ᠦᠵᠡᠭᠳᠡᠯ᠂ ᠵᠦᠴᠦᠭᠡ᠎ᠶᠢᠨ ᠦᠭᠡ᠎ᠶᠢ ᠨᠡᠩ ᠤᠯᠠᠨ ᠬᠦᠦᠷᠨᠢᠨ ᠲᠣᠭᠠᠴᠢᠬᠤ ᠴᠢᠳᠠᠪᠤᠷᠢ ᠪᠠ ᠤᠷᠮ᠎ᠠ᠎ᠶᠢᠨ ᠲᠡᠯᠡᠬᠦ ᠬᠦᠴᠦᠨ᠎ᠢ ᠠᠴᠢᠶᠠᠯᠠᠭᠤᠯᠵᠤ᠂ ᠬᠦᠦᠷᠨᠢᠨ ᠲᠣᠭᠠᠴᠢᠬᠤ ᠨᠢᠭᠲᠠᠴᠠ᠎ᠶᠢ ᠳᠠᠬᠢᠨ᠎ᠢᠶᠠᠷ ᠨᠡᠮᠡᠭᠳᠡᠭᠦᠯᠬᠦ᠎ᠶᠢ ᠪᠡᠶᠡᠯᠡᠭᠦᠯᠵᠦ ᠴᠢᠳᠠᠨ᠎ᠠ᠃ 《 ᠲᠠᠩ ᠭᠥᠢ ᠴᠢ ᠲᠠᠨ 》᠎ᠤ ᠳᠠᠩ ᠲᠡᠭᠦᠪᠦᠷᠢ᠎ᠶᠢ 20 ᠮᠢᠨᠦ᠋ᠲ ᠣᠷᠴᠢᠮ ᠪᠣᠯᠪᠠᠰᠣᠷᠣᠭᠣᠯᠣᠭᠰᠠᠨ ᠮᠡᠲᠦ᠎ᠪᠡᠷ 《 ᠰᠠᠨᠠᠭᠠᠴᠢᠯᠠᠭᠠᠲᠤ ᠳᠠᠬᠢᠨ ᠬᠤᠷᠳᠤᠴᠠ 》᠎ᠪᠠᠷ ᠳᠠᠮᠵᠢᠨ ᠦᠵᠡᠭᠴᠢᠳ᠎ᠦᠨ 《 ᠨᠢᠭᠡ ᠠᠮᠢᠰᠭᠤᠭ᠎ᠠ᠎ᠪᠠᠷ ᠨᠢᠭᠡ ᠨᠢᠭᠡᠴᠢ᠎ᠶᠢ ᠬᠥᠭᠡᠭᠡᠵᠦ ᠳᠠᠭᠤᠰᠭᠠᠬᠤ 》 ᠬᠡᠷᠡᠭᠴᠡᠭᠡ᠎ᠶᠢ ᠬᠠᠩᠭᠠᠨ᠎ᠠ᠂ ᠡᠨᠡᠬᠦ ᠥᠨᠳᠦᠷ ᠨᠢᠭᠲᠠᠴᠠ᠎ᠲᠠᠢ ᠬᠦᠦᠷᠨᠢᠯ᠎ᠨᠢ ᠦᠷᠭᠦᠯᠵᠢ ᠦᠵᠡᠭᠴᠢᠳ᠎ᠦᠨ ᠭᠡᠳᠡᠷᠭᠦ ᠡᠷᠭᠢᠬᠦ ᠭᠠᠵᠠᠷ᠎ᠲᠤ ᠰᠣᠴᠢᠨ ᠪᠠᠷᠬᠢᠷᠠᠬᠤ᠎ᠶᠢᠨ ᠬᠠᠮᠲᠤ ᠬᠡᠷᠡᠭ᠎ᠦᠨ ᠠᠷᠤ᠎ᠳᠠᠬᠢ ᠭᠦᠨ ᠳᠠᠪᠬᠤᠷᠭ᠎ᠠ᠎ᠶᠢᠨ ᠰᠢᠯᠲᠠᠭᠠᠨ᠎ᠢ ᠰᠡᠳᠭᠢᠨ ᠪᠣᠳᠤᠯᠬᠢᠯᠠᠵᠤ᠂ ᠡᠭᠦᠨ᠎ᠦ ᠤᠯᠠᠮ᠎ᠠᠴᠠ ᠨᠢᠭᠡ ᠤᠳᠠᠭᠠᠨ᠎ᠤ ᠣᠬᠤᠷᠬᠠᠨ ᠪᠥᠭᠡᠳ ᠭᠦᠨ ᠭᠦᠨᠵᠡᠭᠡᠢ ᠰᠢᠷᠲᠡᠯᠲᠡᠶᠢ ᠪᠡᠶᠡᠯᠡᠭᠦᠯᠦᠨ᠎ᠡ᠃
ᠵᠠᠭᠤᠴᠢᠯᠠᠭᠤᠷ᠎ᠤᠨ ᠣᠷᠴᠢᠨ ᠲᠣᠭᠣᠷᠢᠨ ᠬᠡᠷᠬᠢᠨ ᠬᠤᠪᠢᠷᠠᠭᠰᠠᠨᠴᠤ ᠪᠣᠳᠠᠲᠤ ᠪᠠᠢᠳᠠᠯ᠎ᠢ ᠭᠦᠨᠵᠡᠭᠡᠢ ᠶᠠᠷᠢᠯᠴᠠᠵᠤ᠂ ᠴᠠᠭ ᠦᠶ᠎ᠡ᠎ᠶᠢᠨ ᠠᠩᠬᠠᠷᠴᠤ ᠪᠠᠢᠭ᠎ᠠ ᠠᠰᠠᠭᠤᠳᠠᠯ᠎ᠳᠤ ᠬᠠᠷᠢᠭᠤᠯᠲᠠ ᠥᠭᠭᠦᠭᠰᠡᠨ ᠰᠠᠢᠨ ᠦᠯᠢᠭᠡᠷ ᠪᠣᠯ ᠢᠮᠠᠭᠲᠠ ᠣᠯᠠᠨ ᠲᠦᠮᠡᠨ᠎ᠦ ᠰᠠᠶᠢ ᠬᠡᠷᠡᠭᠴᠡᠭᠡ ᠮᠥᠨ᠃ ᠳᠤᠮᠳᠠ ᠵᠡᠷᠭᠡ᠎ᠶᠢᠨ ᠵᠦᠴᠦᠭᠡ᠎ᠶᠢᠨ ᠥᠪᠡᠷᠮᠢᠴᠡ ᠪᠠᠭᠲᠠᠭᠠᠮᠵᠢ ᠪᠣᠯ ᠬᠢᠵᠠᠭᠠᠷᠯᠠᠯ ᠮᠥᠷᠲᠡᠭᠡᠨ ᠨᠡᠩ᠎ᠴᠦ ᠳᠠᠪᠠᠭᠤᠯᠢᠭ ᠲᠠᠯ᠎ᠠ ᠮᠥᠨ᠂ ᠳᠤᠮᠳᠠ ᠵᠡᠷᠭᠡ᠎ᠶᠢᠨ ᠵᠦᠴᠦᠭᠡ᠎ᠳᠦ ᠳᠤᠮᠳᠠ ᠵᠡᠷᠭᠡ᠎ᠶᠢᠨ ᠴᠢᠨᠠᠷ ᠴᠢᠨᠰᠠᠭ᠎ᠠ᠎ᠶᠢ ᠣᠯᠬᠣ᠎ᠳᠤ ᠡᠷᠬᠡᠪᠰᠢ ᠡᠭᠦᠨ᠎ᠢᠶᠠᠷ ᠤᠢ᠌ᠯᠡ ᠶᠠᠪᠣᠳᠠᠯ᠎ᠤᠨ ᠡᠬᠢᠯᠡᠯᠲᠡ ᠪᠣᠯᠭ᠋ᠠᠨ᠎ᠠ — ᠠᠭᠤᠯᠭ᠎ᠠ᠎ᠶᠢᠨ ᠲᠤᠰ ᠪᠡᠶᠡᠳᠦ ᠨᠢ ᠪᠤᠴᠠᠵᠤ᠂ ᠴᠠᠭ᠎ᠤᠨ ᠤᠷᠲᠦ᠎ᠪᠠᠷ ᠵᠦᠴᠦᠭᠡ᠎ᠶᠢᠨ ᠦᠢᠯᠡ ᠶᠠᠪᠤᠳᠠᠯ᠎ᠢ ᠰᠢᠬᠠᠵᠣ 《 ᠤᠰᠤ ᠦᠭᠡᠢ᠌ᠳᠡᠭᠦᠯᠬᠦ 》᠂ ᠪᠦᠷᠢᠨ ᠪᠦᠲᠦᠨ ᠬᠦᠦᠷᠨᠢᠯ᠎ᠢᠶᠡᠷ ᠦᠵᠡᠭᠴᠢᠳ᠎ᠦᠨ ᠰᠡᠳᠭᠢᠯᠭᠡ ᠪᠠ ᠬᠥᠮᠦᠨᠴᠢ ᠴᠢᠨᠠᠷ᠎ᠤᠨ ᠲᠤᠬᠠᠢ ᠪᠡᠶ᠎ᠡ᠎ᠶᠢᠨ ᠪᠠᠢᠴᠠᠭᠠᠯᠲᠠ᠎ᠶᠢ ᠬᠠᠩᠭᠠᠵᠤ᠂ 《ᠬᠦᠦᠷᠨᠢᠯ᠎ᠢᠶᠡᠷ ᠬᠥᠳᠡᠯᠭᠡᠭᠦᠷ ᠪᠣᠯᠭᠠᠬᠤ》 ᠪᠠ 《 ᠥᠷᠲᠡᠭ᠎ᠢ ᠭᠦᠨᠵᠡᠭᠡᠢ ᠲᠠᠷᠢᠶᠠᠯᠠᠬᠤ 》᠎ᠶᠢᠨ ᠣᠷᠭᠠᠨᠢᠭ ᠠᠭᠤᠰᠤᠯᠴᠠᠯ᠎ᠢ ᠪᠡᠶᠡᠯᠡᠭᠦᠯᠦᠨ᠎ᠡ᠃ ᠨᠢᠭᠡᠨᠲᠡ ᠳᠠᠩᠰᠠᠯᠠᠭᠤᠯᠤᠭᠰᠠᠨ 40 ᠪᠦᠯᠥᠭ ᠳᠤᠮᠳᠠ ᠵᠡᠷᠭᠡ᠎ᠶᠢᠨ ᠵᠦᠴᠦᠭᠡ᠎ᠶᠢᠨ ᠣᠯᠠᠩᠬᠢ᠎ᠨᠢ ᠪᠠᠭ᠎ᠠ ᠬᠥᠮᠦᠨ᠎ᠦ ᠬᠠᠷᠠᠭᠠᠰᠤ᠂ ᠡᠰᠡᠬᠦᠯ᠎ᠡ ᠪᠢᠴᠢᠯ ᠬᠦᠦᠷᠨᠢᠯ᠎ᠢᠶᠡᠷ ᠨᠡᠢᠭᠡᠮ᠎ᠦᠨ ᠬᠤᠪᠢᠷᠠᠯᠲᠠ᠎ᠶᠢ ᠳᠣᠰᠬᠠᠵᠣ᠂ ᠡᠰᠡᠬᠦᠯ᠎ᠡ ᠠᠮᠢᠳᠤ ᠰᠣᠷᠭᠤᠭ ᠬᠥᠮᠦᠨ᠎ᠢᠶᠡᠷ ᠤᠯᠠᠮᠵᠢᠯᠠᠯᠲᠤ ᠰᠣᠶᠤᠯ᠎ᠢ ᠠᠵᠢᠭᠯᠠᠬᠤ᠂ ᠪᠦᠲᠦᠴᠡ᠎ᠶᠢᠨ ᠰᠢᠪᠲᠤᠯᠤᠯᠲᠠ᠎ᠪᠠᠷ ᠠᠭᠤᠯᠭ᠎ᠠ ᠪᠣᠯᠭᠠᠨ ᠰᠢᠨ᠎ᠡ᠎ᠶᠢ ᠡᠭᠦᠳᠴᠦ ᠣᠷᠤᠨ ᠵᠠᠢ᠎ᠶᠢ ᠨᠡᠭᠡᠭᠡᠵᠡᠢ᠃
ᠳᠡᠭᠡᠷ᠎ᠡ ᠵᠠᠭᠤᠨ᠎ᠤ ᠶᠡᠷᠡᠭᠡᠳ ᠣᠨ᠎ᠠᠴᠠ 《 ᠪᠢ ᠦᠪᠡᠷ᠎ᠦᠨ ᠭᠡᠷ᠎ᠲᠦ᠎ᠪᠡᠨ ᠬᠠᠢ᠌ᠷᠠᠲᠠᠢ 》᠎ᠠᠴᠠ ᠲᠤᠰ ᠵᠠᠭᠤᠨ᠎ᠤ ᠡᠬᠢᠨ ᠪᠣᠯᠲᠠᠯ᠎ᠠ 《ᠭᠡᠷ᠎ᠲᠤ ᠦᠷ᠎ᠡ ᠬᠡᠦᠬᠡᠳ ᠲᠠᠢ》 ᠳᠠᠩ ᠲᠡᠭᠦᠪᠦᠷᠢ᠎ᠶᠢᠨ ᠴᠠᠭᠦ ᠤᠷᠲᠤ ᠨᠢ 20 ᠮᠢᠨᠦ᠋ᠲ ᠣᠷᠴᠢᠮ᠎ᠤᠨ ᠲᠧᠯᠸᠢᠰ ᠵᠦᠴᠦᠭᠡ ᠡᠷᠲᠡ ᠪᠠᠢᠨ᠎ᠠ᠃ ᠣᠢᠷ᠎ᠠ᠎ᠶᠢᠨ ᠬᠡᠳᠦᠨ ᠵᠢᠯ᠎ᠳᠦ᠂ ᠡᠢ᠌ᠮᠦᠷᠭᠦᠦ ᠵᠦᠴᠦᠭᠡ᠎ᠶᠢᠨ ᠲᠡᠭᠦᠪᠦᠷᠢ ᠳᠠᠬᠢᠨᠲᠠ ᠬᠥᠭᠵᠢᠵᠦ᠂ ᠵᠠᠭᠤᠴᠢᠯᠠᠭᠤᠷ᠎ᠤᠨ ᠠᠮᠢ ᠠᠬᠤᠢ ᠬᠢᠭᠡᠳ ᠦᠵᠡᠭᠴᠢᠳ᠎ᠦᠨ ᠭᠤᠸ᠎ᠠ ᠲᠠᠭᠠᠰᠢᠶᠠᠯ᠎ᠨᠢ ᠨᠢᠭᠡᠨᠲᠡ ᠲᠤᠬᠠᠢ᠎ᠶᠢᠨ ᠵᠢᠯᠲᠡᠢ ᠠᠳᠠᠯᠢ᠎ᠦᠭᠡᠢ ᠪᠣᠯᠵᠠᠢ᠃ ᠬᠠᠮᠢᠶᠠᠷᠤᠯᠲᠠ᠎ᠶᠢᠨ ᠠᠩᠭᠢᠯᠠᠯ᠎ᠤᠨ ᠲᠠᠯ᠎ᠠ᠎ᠪᠠᠷ ᠳᠤᠮᠳᠠ ᠵᠡᠷᠭᠡ᠎ᠶᠢᠨ ᠵᠦᠴᠦᠭᠡ᠎ᠶᠢ ᠲᠤᠰᠠᠭᠠᠷ᠎ᠨᠢ ᠵᠢᠭᠰᠠᠭᠠᠵᠤ᠂ ᠠᠳᠠᠯᠢ ᠪᠤᠰᠤ ᠬᠡᠯᠪᠡᠷᠢ ᠪᠠᠢᠳᠠᠯ᠎ᠤᠨ ᠵᠦᠴᠦᠭᠡ᠎ᠶᠢᠨ ᠲᠡᠭᠦᠪᠦᠷᠢ᠎ᠶᠢ ᠵᠣᠬᠢᠶᠠᠨ ᠪᠦᠲᠦᠭᠡᠵᠦ ᠳᠠᠮᠵᠢᠭᠤᠯᠬᠤ ᠵᠢᠮ᠎ᠡ ᠶᠣᠰᠤ᠎ᠶᠢ ᠬᠦᠨᠳᠦᠳᠭᠡᠪᠡᠯ᠂ ᠵᠣᠬᠢᠶᠠᠨ ᠪᠦᠲᠦᠭᠡᠯᠭᠡ᠎ᠶᠢᠨ ᠳᠤᠮᠳᠠᠬᠢ 《 ᠦᠬᠦᠮᠡᠯ᠎ᠢᠶᠡᠷ ᠬᠡᠷᠡᠭᠯᠡᠬᠦ 》᠎ᠡᠴᠡ ᠪᠦᠲᠦᠮᠵᠢᠲᠡᠢ ᠵᠠᠢᠯᠠᠰᠬᠢᠵᠦ ᠴᠢᠳᠠᠨ᠎ᠠ᠃ ᠡᠨᠡ᠎ᠨᠢ ᠵᠦᠴᠦᠭᠡ᠎ᠶᠢᠨ ᠲᠡᠭᠦᠪᠦᠷᠢ᠎ᠶᠢᠨ ᠲᠥᠷᠦᠯ ᠵᠦᠢᠯ᠎ᠦᠨ ᠲᠠᠯ᠎ᠠ᠎ᠪᠠᠷ ᠬᠢ ᠨᠢᠭᠡ ᠤᠳᠠᠭᠠᠨ᠎ᠤ ᠥᠷᠭᠡᠳᠭᠡᠯ ᠪᠣᠯᠬᠤ᠎ᠪᠠᠷ ᠪᠠᠷᠠᠬᠤ᠎ᠦᠭᠡᠢ᠂ ᠨᠡᠩ᠎ᠴᠦ ᠠᠵᠤ ᠦᠢᠯᠡᠰ᠎ᠦᠨ ᠠᠮᠢ ᠠᠬᠤᠢ᠎ᠶᠢᠨ ᠳᠠᠬᠢᠨ ᠪᠦᠲᠦᠭᠡᠯᠲᠡ ᠪᠣᠯᠤᠨ᠎ᠠ᠄ ᠳᠠᠩᠰᠠᠯᠠᠭᠤᠯᠬᠤ᠂ ᠵᠣᠬᠢᠶᠠᠨ ᠪᠦᠲᠦᠭᠡᠬᠦ᠎ᠡᠴᠡ ᠨᠡᠪᠲᠡᠷᠡᠭᠦᠯᠬᠦ᠂ ᠦᠨᠡᠯᠡᠬᠦ ᠬᠦᠷᠲᠡᠯ᠎ᠡ᠂ ᠠᠳᠠᠯᠢ ᠪᠤᠰᠤ ᠬᠡᠯᠪᠡᠷᠢ᠎ᠶᠢᠨ ᠵᠦᠴᠦᠭᠡ᠎ᠶᠢᠨ ᠲᠡᠭᠦᠪᠦᠷᠢ᠎ᠨᠢ ᠴᠥᠮ ᠥᠪᠡᠷ᠎ᠦᠨ ᠪᠡᠶ᠎ᠡ᠎ᠳᠦ᠎ᠪᠡᠨ ᠲᠣᠬᠢᠷᠠᠭᠰᠠᠨ ᠲᠠᠪᠴᠠᠩ ᠳᠡᠭᠡᠷ᠎ᠡ ᠵᠣᠭᠰᠤᠬᠤ ᠵᠠᠪᠰᠢᠶᠠᠨ᠎ᠲᠠᠢ ᠪᠠᠢᠳᠠᠭ᠃
ᠠᠶᠠᠨ᠎ᠳᠠᠭᠠᠨ ᠡᠭᠦᠰᠬᠦ ᠴᠢᠨᠠᠷᠲᠠᠢ ᠥᠰᠦᠯᠲᠡ᠎ᠡᠴᠡ ᠱᠢᠰᠲ᠋ᠧᠮᠲᠦ ᠴᠢᠨᠠᠷᠲᠠᠢ ᠪᠠᠢᠭᠤᠯᠤᠯᠲᠠ ᠬᠦᠷᠲᠡᠯ᠎ᠡ᠂ ᠵᠢᠱ᠌ᠢᠵᠦ ᠪᠣᠯᠬᠤᠢᠴᠠ ᠰᠢᠨ᠎ᠡ ᠤᠷᠤᠯᠳᠤᠭᠠᠨ᠎ᠤ ᠵᠠᠮ᠎ᠢ ᠶᠠᠭ ᠳᠡᠪᠢᠰᠴᠦ ᠪᠠᠢᠨ᠎ᠠ᠃ ᠭᠡᠲᠡᠯ᠎ᠡ᠂ ᠣᠳᠤᠬᠠᠨ᠎ᠳᠤ ᠳᠤᠮᠳᠠ ᠵᠡᠷᠭᠡ᠎ᠶᠢᠨ ᠵᠦᠴᠦᠭᠡ᠎ᠨᠢ ᠬᠠᠷᠠᠬᠠᠨ ᠲᠣᠳᠤᠷᠬᠠᠢ ᠣᠨᠴᠠᠯᠢᠭ ᠪᠣᠯᠵᠤ ᠪᠦᠷᠢᠯᠳᠦᠭᠡᠳᠦᠢ᠂ ᠳᠤᠮᠳᠠ ᠵᠡᠷᠭᠡ᠎ᠶᠢᠨ ᠵᠦᠴᠦᠭᠡ᠎ᠶᠢᠨ ᠲᠤᠬᠠᠢ ᠲᠠᠨᠢᠯᠲᠠ ᠪᠠ ᠦᠨᠡᠯᠡᠯᠲᠡ᠎ᠨᠢ ᠤᠯᠠᠮᠵᠢᠯᠠᠯᠲᠤ ᠣᠷᠳᠤ ᠵᠦᠴᠦᠭᠡ ᠪᠠ ᠪᠢᠴᠢᠯ ᠣᠬᠤᠷ ᠵᠦᠴᠦᠭᠡ᠎ᠶᠢᠨ ᠦᠭᠡ ᠬᠡᠯᠡᠨ᠎ᠦ ᠲᠣᠭᠲᠠᠯᠴᠠᠭ᠎ᠠ ᠪᠠ ᠯᠣᠭᠢᠭ᠎ᠤᠨ ᠪᠣᠷᠤ ᠲᠥᠯᠦᠪ᠎ᠲᠦ ᠲᠦᠰᠢᠭᠯᠡᠵᠦ᠂ ᠭᠤᠸ᠎ᠠ ᠲᠠᠭᠠᠰᠢᠶᠠᠯ᠎ᠤᠨ ᠣᠨᠴᠠᠯᠢᠭ ᠪᠠ ᠤᠷᠠᠯᠢᠭ᠎ᠤᠨ ᠵᠢᠮ᠎ᠡ ᠶᠣᠰᠤᠨ᠎ᠤ ᠲᠤᠬᠠᠢ ᠲᠠᠨᠢᠯᠲᠠ᠎ᠪᠠᠨ ᠪᠠᠰᠠ ᠭᠦᠨᠵᠡᠭᠡᠢᠷᠡᠭᠦᠯᠬᠦ ᠴᠢᠬᠤᠯᠠᠲᠠᠢ ᠪᠠᠢᠨ᠎ᠠ᠂ ᠢᠩᠭᠢᠪᠡᠯ ᠰᠠᠶᠢ ᠥᠪᠡᠷ᠎ᠦᠨ ᠥᠪᠡᠷᠮᠢᠴᠡ ᠣᠨᠴᠠᠯᠢᠭ᠎ᠠᠴᠠ᠎ᠢᠶᠠᠨ ᠡᠭᠦᠰᠴᠦ ᠪᠠᠢ᠌ᠳᠠᠯ᠎ᠢ ᠡᠪᠳᠡᠵᠦ᠂ ᠡᠭᠦᠳᠦᠨ ᠪᠦᠲᠦᠭᠡᠵᠦ᠂ ᠦᠰᠦᠨ ᠪᠣᠢᠵᠢᠵᠤ ᠴᠢᠳᠠᠨ᠎ᠠ᠃ ᠬᠡᠯᠡᠯᠭᠡᠨ᠎ᠦᠭᠡᠢ᠂ ᠪᠢᠳᠡ ᠳᠤᠮᠳᠠ ᠵᠡᠷᠭᠡ᠎ᠶᠢᠨ ᠵᠦᠴᠦᠭᠡ᠎ᠶᠢᠨ ᠥᠪᠡᠷᠮᠢᠴᠡ ᠴᠢᠨᠠᠷ᠎ᠢ ᠬᠡᠲᠦᠷᠬᠡᠢ ᠴᠢᠬᠤᠯᠠᠴᠢᠯᠠᠬᠤ ᠬᠡᠷᠡᠭ᠎ᠦᠭᠡᠢ᠂ ᠵᠠᠩᠭᠢᠯᠠᠭ᠎ᠠ᠎ᠨᠢ ᠠᠭᠤᠯᠭ᠎ᠠ᠎ᠶᠢᠨ ᠢᠯᠡᠳᠭᠡᠯ᠎ᠳᠦ ᠬᠡᠯᠪᠡᠷᠢ ᠮᠠᠶᠢᠭ᠎ᠢ ᠨᠡᠩ ᠰᠠᠢᠨ ᠦᠢᠯᠡᠴᠢᠯᠡᠭᠦᠯᠵᠦ᠂ ᠥᠪᠡᠷ ᠥᠪᠡᠷ᠎ᠦᠨ ᠭᠤᠸ᠎ᠠ ᠰᠠᠢᠬᠠᠨ᠂ ᠡᠮᠬᠢ ᠵᠠᠮᠪᠠᠷᠠᠭ᠎ᠠ ᠲᠠᠢ ᠠᠭᠤᠯᠭ᠎ᠠ᠎ᠶᠢᠨ ᠵᠢᠭᠰᠠᠭᠠᠯᠢ ᠪᠦᠷᠢᠯᠳᠦᠭᠦᠯᠬᠦ᠎ᠳᠦ ᠪᠠᠢᠨ᠎ᠠ᠃