《 AI ᠰᠢᠳᠢᠲᠦ ᠥᠭᠡᠷᠡᠴᠢᠯᠡᠯᠲᠡ 》᠎ᠶ᠋ᠢᠨ ᠸᠢᠳᠢᠣ᠋ ᠳᠠᠮᠵᠢᠭᠤᠯᠭ᠎ᠠ᠎ᠶ᠋ᠢᠨ ᠰᠠᠮᠠᠭᠤᠨ ᠪᠠᠢᠳᠠᠯ᠎ᠢ ᠵᠠᠰᠠᠬᠤ᠎ᠶ᠋ᠢᠨ ᠲᠥᠯᠥᠭᠡ᠂ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ 2026 ᠣᠨ᠎ᠤ 1 ᠳ᠋ᠦ᠍ᠭᠡᠷ ᠰᠠᠷ᠎ᠠ᠎ᠶ᠋ᠢᠨ 1᠎ᠤ ᠡᠳᠦᠷ᠎ᠠᠴᠠ ᠡᠬᠢᠯᠡᠨ᠂ ᠪᠥᠬᠦ᠌ ᠤᠯᠤᠰ᠎ᠤᠨ ᠬᠡᠪᠴᠢᠶᠡᠨ᠎ᠳᠤ ᠨᠢᠭᠡ ᠰᠠᠷ᠎ᠠ᠎ᠶ᠋ᠢᠨ ᠬᠤᠭᠤᠴᠠᠭ᠎ᠠ᠎ᠲᠠᠢ ᠲᠤᠰᠭᠠᠶ ᠵᠠᠰᠠᠯᠲᠠ᠎ᠶ᠋ᠢ ᠥᠷᠨᠢᠭᠦᠯᠪᠡ᠃
ᠡᠭᠦᠰᠦᠮᠡᠯ ᠬᠡᠯᠪᠡᠷᠢ᠎ᠶᠢᠨ ᠬᠢᠮᠡᠯ ᠣᠶᠤᠨ ᠮᠡᠷᠭᠡᠵᠢᠯ᠎ᠦ᠋ᠨ ᠲᠦᠷᠭᠡᠨ ᠬᠥᠭ᠌ᠵᠢᠯᠲᠡ᠎ᠶᠢ ᠳᠠᠭᠠᠯᠳᠤᠨ᠂ ᠬᠡᠰᠡᠭ ᠰᠦᠯᠵᠢᠶᠡᠨ᠎ᠦ᠌ ᠳᠠᠩᠰᠠᠨ ᠨᠣᠮᠧᠷ AI ᠪᠠᠭᠠᠵᠢ᠎ᠶᠢ ᠳᠤᠷ᠎ᠠ᠎ᠪᠠᠷ᠎ᠢᠶᠠᠨ ᠬᠡᠷᠡᠭᠯᠡᠵᠦ᠂ ᠰᠣᠩᠭᠣᠳᠠᠭ ᠺᠢᠨᠤ᠋ ᠲᠧᠯᠸᠢᠰ᠂ ᠺᠠᠷᠲ᠋ᠣᠨ ᠺᠢᠨᠤ᠋ ᠵᠡᠷᠭᠡ ᠶᠢᠨ ᠠᠭᠤᠯᠭ᠎ᠠ᠎ᠶᠢ ᠨᠤᠷᠠᠭᠠᠬᠤ ᠴᠢᠨᠠᠷᠲᠠᠢ ᠦᠭᠡᠷᠡᠲᠥᠭᠦᠯᠬᠦ᠂ ᠰᠢᠳᠢᠲᠦ ᠴᠢᠨᠠᠷᠲᠠᠢ ᠵᠠᠳᠠᠯᠬᠤ ᠪᠠ ᠪᠣᠯᠬᠢ ᠪᠦᠳᠦᠭᠦᠪᠴᠢᠯᠡᠨ ᠳᠠᠬᠢᠨ ᠨᠠᠢ᠌ᠷᠠᠭᠣᠯᠣᠯᠲᠠ ᠬᠢᠵᠦ᠂ ᠡᠳᠡᠭᠡᠷ ᠠᠭᠤᠯᠭ᠎ᠠ ᠨᠢ ᠰᠣᠩᠭᠣᠳᠠᠭ ᠪᠦᠲᠦᠭᠡᠯ᠎ᠦ᠋ᠨ ᠣᠶᠤᠨ ᠰᠠᠨᠠᠭᠠᠨ᠎ᠤ᠋ ᠳᠣᠲᠣᠭᠠᠳᠤ ᠴᠦᠮᠡᠠ᠋ᠴᠠ ᠬᠦᠨᠳᠦ ᠨᠣᠴᠢᠲᠠᠢ ᠲᠡᠷᠰᠯᠡᠵᠦ᠍᠂ ᠰᠦᠯᠵᠢᠶᠡᠨ᠎ᠦ᠌ ᠳᠠᠮᠵᠢᠭᠤᠯᠭ᠎ᠠ᠎ᠶᠢᠨ ᠡᠮᠬᠢ ᠵᠢᠷᠤᠮᠢ᠋ ᠰᠠᠮᠠᠭᠤᠷᠠᠭᠤᠯᠵᠤ᠂ ᠡᠷᠬᠡ᠎ᠳ᠋ᠦ᠍ ᠬᠠᠯᠳᠠᠭ᠍ᠰᠠᠨ ᠠᠵᠢᠯᠯᠠᠭ᠎ᠠ᠎ᠶᠢ ᠬᠦᠭᠵᠢᠭᠡᠵᠦ᠂ ᠠᠵᠢᠯ ᠲᠥᠷᠥᠯ᠎ᠦ᠋ᠨ ᠬᠥᠭ᠌ᠵᠢᠯᠲᠡ᠎ᠶᠢ ᠬᠣᠬᠢᠷᠠᠭᠤᠯᠵᠤ᠂ ᠨᠠᠰᠤᠨᠳ᠋ᠤ ᠦᠯᠦ᠍ ᠬᠦᠷᠦᠭ᠌ᠰᠡᠳᠦ᠋ᠨ ᠵᠥᠪ ᠰᠣᠶᠣᠯ᠎ᠤ᠋ᠨ ᠲᠠᠨᠢᠨ ᠮᠡᠳᠡᠬᠦᠢ ᠪᠠ ᠪᠣᠳᠠᠲᠤ ᠲᠥᠷᠥᠭᠳᠡᠯ ᠡᠭᠦᠰᠬᠦ᠎ᠶᠢ ᠬᠠᠷᠰᠢᠯᠠᠵᠠᠢ᠃
ᠲᠤᠰᠬᠠᠢ ᠵᠠᠰᠠᠯᠲᠠ ᠨᠢ ᠭᠣᠣᠯᠳᠠᠯᠭ᠎ᠠ ᠲᠠᠢ ᠳᠥᠷᠪᠡᠨ ᠶᠡᠭᠡ ᠨᠡᠷᠡᠲᠦ ᠪᠦᠲᠦᠭᠡᠯ᠂ ᠲᠡᠦᠬᠡ᠎ᠶ᠋ᠢᠨ ᠰᠡᠳᠦᠪ᠂ ᠬᠤᠪᠢᠰᠭᠠᠯ᠎ᠤᠨ ᠰᠡᠳᠦᠪ᠂ ᠪᠠᠭᠠᠲᠤᠷ ᠵᠢᠱ᠌ᠢᠶᠡᠴᠢ ᠬᠥᠮᠦᠰ ᠵᠡᠷᠭᠡ ᠲᠧᠯᠸᠢᠰ ᠵᠦᠴᠦᠭᠡ᠎ᠶ᠋ᠢᠨ ᠪᠦᠲᠦᠭᠡᠯ᠎ᠳᠤ ᠰᠠᠭᠤᠷᠢᠯᠠᠭ᠍ᠰᠠ 《 AI ᠰᠢᠳᠢᠲᠦ ᠦᠭᠡᠷᠡᠴᠢᠯᠡᠯᠲᠡ 》 ᠳᠣᠣᠷᠠᠬᠢ ᠸᠢᠳᠢᠣ᠋᠎ᠶ᠋ᠢ ᠵᠠᠰᠠᠪᠠ᠄ ᠨᠢᠭᠡ᠎ᠳᠤ᠂ ᠤᠭ ᠪᠦᠲᠦᠭᠡᠯ᠎ᠦᠨ ᠤᠶᠤᠨ ᠰᠠᠨᠠᠭᠠᠨ᠎ᠤ ᠳᠣᠲᠣᠭ᠋ᠠᠳᠣ ᠴᠥᠮ᠎ᠡ ᠪᠠ ᠳᠦᠷᠢ᠎ᠶ᠋ᠢ ᠬᠦᠨᠳᠦ ᠨᠣᠴᠢᠲᠠᠢ ᠵᠦᠷᠢᠴᠡᠵᠦ᠂ ᠲᠠᠨᠢᠨ ᠮᠡᠳᠡᠬᠦᠢ᠎ᠶ᠋ᠢ ᠥᠨᠳᠣᠰᠣᠨᠳᠤᠪᠠᠨ ᠨᠣᠷᠠᠭ᠋ᠠᠵᠣ᠂ ᠲᠦᠭᠡᠮᠡᠯ ᠬᠠᠮᠲᠣ᠎ᠶᠢᠨ ᠲᠠᠨᠢᠯᠲᠠ᠎ᠶᠢ ᠵᠠᠳᠠᠯᠵᠠᠢ; ᠬᠤᠶᠠᠷ᠎ᠲᠤ᠂ ᠠᠭᠤᠯᠭ᠎ᠠ᠎ᠶᠢᠨ ᠱᠠᠭᠯᠠᠮᠵᠢ ᠨᠢ ᠴᠢᠰᠤᠲᠤ ᠬᠦᠴᠦᠷᠬᠡᠭ᠌ᠯᠡᠯ᠂ ᠰᠣᠨᠢᠨ ᠰᠡᠪᠡᠭᠦᠨᠢ ᠪᠡᠳᠡᠷᠢᠵᠦ ᠪᠣᠯᠬᠢ ᠪᠦᠳᠦᠭᠦᠯᠢᠭ᠂ ᠪᠤᠷᠤᠭᠤ ᠥᠷᠲᠡᠭ᠎ᠤᠨ ᠦᠵᠡᠯᠲᠡ᠎ᠶ᠋ᠢ ᠰᠤᠷᠲᠠᠯᠴᠢᠯᠠᠵᠤ᠂ ᠨᠡᠢᠲᠡ᠎ᠶ᠋ᠢᠨ ᠡᠮᠬᠢ ᠵᠢᠷᠤᠮ ᠪᠠ ᠰᠠᠢᠨ ᠰᠠᠢᠬᠠᠨ ᠵᠠᠩ ᠳᠠᠳᠭᠠᠯ᠎ᠢ ᠲᠡᠷᠰᠡᠯᠵᠡᠢ; ᠭᠤᠷᠪᠠ᠎ᠳᠤ᠂ ᠳᠤᠮᠳᠠᠳᠤ᠎ᠶ᠋ᠢᠨ ᠰᠣᠶᠣᠯ᠎ᠢ ᠨᠡᠭᠦᠯᠭᠡᠨ ᠬᠡᠷᠡᠭ᠌ᠯᠡᠭ᠌ᠰᠡᠨ᠂ ᠥᠭᠡᠷᠡᠲᠦᠭᠦᠯᠦᠭᠰᠡᠨ ᠲᠤᠪᠤᠢᠮ᠎ᠠ ᠠᠰᠠᠭᠤᠳᠠᠯ ᠣᠷᠣᠰᠢᠵᠦ᠂ ᠦᠨᠡᠨ ᠲᠡᠦᠬᠡ᠎ᠶ᠋ᠢᠨ ᠴᠠᠭ ᠬᠤᠭᠤᠴᠠᠭ᠎ᠠ ᠪᠠ ᠳᠤᠮᠳᠠᠳᠤ᠎ᠶ᠋ᠢᠨ ᠪᠣᠯᠪᠠᠰᠤᠨ᠎ᠤ ᠢᠯᠡᠳᠭᠡᠯᠲᠡ᠎ᠳᠦ ᠢᠯᠡᠷᠬᠡᠢ ᠣᠷᠣᠨ ᠪᠠᠢ᠌ᠷᠢ᠎ᠡᠴᠡ ᠨᠢ ᠰᠠᠯᠣᠭᠰᠠᠨ ᠲᠠᠨᠢᠨ ᠮᠡᠳᠡᠬᠦᠢ ᠡᠭᠦᠰᠭᠡᠵᠦ᠂ ᠰᠣᠶᠣᠯ᠎ᠤᠨ ᠬᠠᠮᠲᠣ᠎ᠶᠢᠨ ᠲᠠᠨᠢᠯᠲᠠ᠎ᠶᠢ ᠳᠠᠭ᠋ᠠᠷᠢᠵᠠᠢ᠃ ᠲᠤᠰᠭᠠᠢᠯᠠᠨ ᠵᠠᠰᠠᠬᠤ ᠠᠵᠢᠯ ᠨᠢ ᠪᠠᠭᠠᠴᠤᠳ ᠬᠡᠦᠬᠡᠳ᠎ᠦ᠋ᠨ ᠰᠠᠢᠨ ᠮᠡᠳᠡᠳᠡᠭ᠂ ᠲᠣᠷ᠎ᠠ ᠪᠠᠬ᠎ᠠ ᠲᠠᠢ ᠺᠠᠷᠲ᠋ᠣᠨ ᠵᠢᠷᠤᠭ᠎ᠤ᠋ᠨ ᠳᠦᠷᠢ᠎ᠶᠢ ᠥᠭᠡᠷᠡᠴᠢᠯᠡᠨ ᠨᠠᠢᠷᠠᠭᠤᠯᠵᠤ ᠪᠣᠢ ᠪᠣᠯᠭᠠᠭ᠍ᠰᠠᠨ ᠡᠯ᠎ᠡ ᠲᠥᠷᠥᠯ᠎ᠦ᠋ᠨ ᠭᠠᠵᠢᠭᠤ ᠬᠡᠦᠬᠡᠯᠳᠡᠢ᠎ᠶᠢᠨ ᠺᠠᠷᠲ᠋ᠣᠨ ᠵᠢᠷᠤᠭ᠎ᠢ᠋ ᠬᠠᠮᠲᠤᠳ᠋ᠤ ᠨᠢ ᠠᠷᠢᠯᠭ᠋ᠠᠪᠠ᠃
ᠲᠣᠰᠬᠠᠢ ᠵᠠᠰᠠᠯᠲᠠ ᠨᠢ ᠰᠦᠯᠵᠢᠶᠡᠨ᠎ᠤ ᠦᠵᠡᠵᠦ᠍ ᠰᠣᠨᠣᠰᠭᠤ ᠲᠠᠪᠴᠠᠩ᠎ᠤᠨ ᠭᠤᠤᠯ ᠴᠣᠭ᠍ᠴᠠ᠎ᠶ᠋ᠢᠨ ᠬᠠᠷᠢᠭᠤᠴᠠᠯᠭ᠎ᠠ᠎ᠶ᠋ᠢ ᠨᠠᠢᠳᠠᠪᠤᠷᠢᠵᠢᠭᠤᠯᠵᠤ᠂ ᠠᠭᠤᠯᠭ᠎ᠠ᠎ᠶ᠋ᠢ ᠬᠢᠨᠠᠨ ᠬᠠᠷᠭᠤᠭᠤᠯᠬᠤ ᠪᠣᠭᠤᠮᠲᠠ᠎ᠶ᠋ᠢ ᠴᠢᠩᠭ᠎ᠠ ᠠᠳᠬᠣᠬᠣ᠎ᠶᠢ ᠴᠢᠩᠭ᠋ᠠᠷᠠᠭᠣᠯᠵᠣ᠂ ᠲᠣᠭ᠍ᠲᠠᠭᠠᠯ᠎ᠠᠴᠠ ᠵᠥᠷᠢᠴᠡᠭ᠌ᠰᠡᠨ ᠠᠭᠤᠯᠭ᠎ᠠ᠎ᠶ᠋ᠢ ᠡᠷᠡᠰ ᠴᠡᠪᠡᠷᠯᠡᠵᠦ᠍᠂ ᠡᠷᠦᠶ ᠬᠤᠷᠤᠶ ᠥᠬᠡᠶ ᠦᠵᠡᠭ᠌ᠳᠡᠯᠳᠤ ᠳᠣᠪᠤᠢ᠌ᠮ᠎ᠠ ᠢᠯᠡᠷᠡᠭᠰᠡᠨ ᠲᠠᠩᠰᠠᠨ ᠨᠣᠮᠧᠷ᠎ᠢ ᠱᠢᠶ᠋ᠳᠪᠦᠷᠢᠯᠡᠵᠦ᠍᠂ 《 AI ᠰᠢᠳᠢᠲᠦ ᠥᠭᠡᠷᠡᠴᠢᠯᠡᠯᠲᠡ 》 ᠶ᠋ᠢᠨ ᠸᠢᠳᠢᠤ᠋ ᠳᠡᠯᠭᠡᠷᠡᠬᠦ᠌ ᠮᠠᠭᠤ ᠪᠠᠢᠳᠠᠯ᠎ᠢ ᠬᠤᠪᠢᠷᠠᠭᠤᠯᠵᠤ᠂ ᠵᠠᠯᠠᠭᠤᠴᠤᠳ ᠪᠠᠭᠠᠴᠤᠳ᠎ᠤᠨ ᠡᠷᠡᠭᠦᠯ᠎ᠢᠶᠠᠷ ᠦᠰᠦᠨ ᠪᠤᠢᠵᠢᠬᠤ᠎ᠳᠤ ᠰᠦᠯᠵᠢᠶᠡᠨ᠎ᠤ ᠰᠠᠢᠨ ᠰᠠᠢᠬᠠᠨ ᠣᠷᠣᠨ ᠵᠠᠶ᠎ᠶ᠋ᠢ ᠪᠣᠶ ᠪᠣᠯᠭᠠᠬᠤ ᠬᠡᠷᠡᠭ᠌ᠲᠡᠶ ᠭᠡᠵᠦ᠍ ᠱᠠᠭᠠᠷᠳᠠᠪᠠ᠃
ᠲᠣᠰᠬᠠᠢ ᠵᠠᠰᠠᠭ᠍ᠰᠠᠨ᠎ᠤ ᠳᠠᠷᠠᠭ᠎ᠠ᠂ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ ᠨᠠᠷᠢᠨ ᠬᠢᠨᠠᠮᠠᠭᠠᠶ ᠳ᠋ᠦᠩᠨᠡᠵᠦ᠍᠂ ᠶᠡᠷᠦᠩᠬᠡᠢᠯᠡᠨ ᠵᠠᠰᠠᠬᠤ ᠠᠷᠭ᠎ᠠ ᠬᠡᠮᠵᠢᠶ᠎ᠡ᠎ᠶ᠋ᠢ ᠤᠯᠠᠮ ᠨᠢᠭᠡ ᠠᠯᠬᠤᠮ ᠰᠤᠳᠤᠯᠤᠨ ᠲᠣᠭ᠍ᠲᠠᠭᠠᠵᠤ᠂ ᠠᠵᠢᠯ᠎ᠤᠨ ᠲᠣᠭ᠍ᠲᠠᠴᠠ᠎ᠶ᠋ᠢ ᠪᠦᠷᠢᠨᠱᠢᠬᠦᠯᠦᠨ᠂ ᠵᠠᠰᠠᠯᠲᠠ᠎ᠶ᠋ᠢ ᠪᠠᠢᠩᠭᠤᠵᠢᠭᠤᠯᠬᠤ᠂ ᠣᠷᠳᠣ ᠬᠤᠭᠤᠴᠠᠭ᠎ᠠ᠎ᠪᠠᠷ ᠪᠦᠲᠦᠮᠵᠢᠲᠡᠶ ᠪᠠᠢᠯᠭᠠᠬᠤ᠎ᠶ᠋ᠢ ᠪᠠᠲᠤᠯᠠᠨ᠎ᠠ᠃