ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ 《ᠣᠶᠤᠨᠴᠢ ᠥᠷᠢᠰᠥᠯᠳᠦᠭᠡᠨ᠎ᠲᠠᠢ ᠵᠠᠯᠠᠭᠤ ᠨᠠᠰᠤ ᠡᠬᠡ ᠤᠯᠤᠰ᠎ᠢᠶᠡᠨ ᠬᠦᠴᠦᠷᠬᠡᠭ᠌ᠵᠢᠭᠦᠯᠬᠦ᠌᠎ᠳᠦ ᠪᠢ ᠪᠠᠢᠨ᠎ᠠ 》 ᠮᠡᠳᠡᠯᠭᠡ᠎ᠶ᠋ᠢᠨ ᠤᠷᠤᠯᠳᠤᠭᠠᠨ ᠲᠡᠭᠦᠰ ᠠᠮᠵᠢᠯᠲᠠ᠎ᠲᠠᠢ ᠥᠨᠳᠥᠷᠯᠡᠪᠡ
2025-11-19

ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠵᠤ᠂ ᠨᠠᠮ᠎ᠤᠨ ᠬᠤᠷᠢᠳᠤᠭᠠᠷ ᠬᠤᠭᠤᠴᠠᠭᠠᠨ᠎ᠤ ᠲᠥᠪ ᠬᠤᠷᠢᠶᠠᠨ᠎ᠤ ᠳᠥᠷᠪᠡᠳᠦᠭᠡᠷ ᠪᠥᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠤᠷᠤᠯᠴᠠᠨ ᠤᠬᠠᠭᠤᠯᠵᠤ ᠲᠤᠭᠤᠱᠢᠯᠠᠭᠤᠯᠬᠤ᠎ᠶ᠋ᠢᠨ ᠲᠥᠯᠥᠭᠡ᠂ 10 ᠳ᠋ᠤᠭᠠᠷ ᠰᠠᠷ᠎ᠠ᠎ᠶ᠋ᠢᠨ 28 ᠎ᠤ ᠡᠳᠦᠷ᠎ᠠᠴᠠ 30 ᠎ᠤ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ 《ᠣᠶᠤᠨᠴᠢ ᠥᠷᠢᠰᠥᠯᠳᠦᠭᠡᠨ᠎ᠲᠠᠢ ᠵᠠᠯᠠᠭᠤ ᠨᠠᠰᠤ  ᠡᠬᠡ ᠤᠯᠤᠰ᠎ᠢᠶᠡᠨ ᠬᠦᠴᠦᠷᠬᠡᠭ᠌ᠵᠢᠭᠦᠯᠬᠦ᠌᠎ᠳᠦ ᠪᠢ ᠪᠠᠢᠨ᠎ᠠ 》 ᠮᠡᠳᠡᠯᠭᠡ᠎ᠶ᠋ᠢᠨ ᠤᠷᠤᠯᠳᠤᠭᠠᠨ ᠡᠷᠭᠢᠯᠡᠪᠡ᠃ ᠤᠷᠤᠯᠳᠤᠭᠠᠨ᠎ᠢ ᠠᠩᠬᠠᠨ᠎ᠤ ᠤᠷᠤᠯᠳᠤᠭᠠᠨ ᠪᠠ ᠱᠢᠢᠳᠪᠦᠷᠢᠲᠦ ᠤᠷᠤᠯᠳᠤᠭᠠᠨ ᠭᠡᠵᠦ᠍ ᠬᠤᠶᠠᠷ ᠬᠡᠰᠡᠭ ᠬᠤᠪᠢᠶᠠᠵᠤ᠂ ᠨᠡᠢᠲᠡ 22 ᠲᠥᠯᠥᠭᠡᠯᠡᠭ᠌ᠴᠢᠳ᠎ᠤᠨ ᠠᠩᠭᠢ᠎ᠶ᠋ᠢᠨ 116 ᠬᠥᠮᠦᠨ ᠣᠷᠣᠯᠴᠠᠵᠤ᠂ ᠠᠩᠬᠠᠨ᠎ᠤ ᠤᠷᠤᠯᠳᠤᠭᠠᠨ᠎ᠤ ᠱᠢᠯᠭᠠᠷᠠᠭᠤᠯᠤᠯᠲᠠ᠎ᠪᠠᠷ ᠳᠡᠮᠵᠢᠨ᠂ 6 ᠲᠥᠯᠥᠭᠡᠯᠡᠭ᠌ᠴᠢᠳ᠎ᠤᠨ ᠠᠩᠭᠢ᠎ᠶ᠋ᠢᠨ 18 ᠣᠷᠣᠯᠴᠠᠭ᠍ᠴᠢᠳ ᠴᠣᠯᠭᠤᠷᠠᠨ ᠭᠠᠷᠴᠤ᠌᠂ ᠱᠢᠢᠳᠪᠦᠷᠢᠲᠦ ᠤᠷᠤᠯᠳᠤᠭᠠᠨ᠎ᠳᠤ ᠳᠡᠪᠱᠢᠪᠡ᠃ ᠱᠢᠢᠳᠪᠦᠷᠢᠲᠦ ᠤᠷᠤᠯᠳᠤᠭᠠᠨ᠎ᠳᠤ ᠲᠤᠬᠠᠢ᠎ᠶ᠋ᠢᠨ ᠲᠠᠯᠠᠪᠠᠢ᠎ᠶ᠋ᠢᠨ ᠥᠷᠢᠰᠦᠯᠳᠦᠨ ᠬᠠᠷᠢᠭᠤᠯᠬᠤ ᠬᠡᠯᠪᠡᠷᠢ᠎ᠶ᠋ᠢ ᠠᠪᠴᠤ᠌᠂ ᠨᠠᠮ᠎ᠤᠨ ᠱᠢᠨ᠎ᠡ᠎ᠶ᠋ᠢ ᠡᠭᠦᠳᠬᠦ᠌ ᠣᠨᠣᠯ᠂ ᠷᠠᠳᠢᠣ᠋ ᠲᠧᠯᠸᠢᠰ᠎ᠤᠨ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠮᠡᠳᠡᠯᠭᠡ ᠵᠡᠷᠭᠡ ᠠᠭᠤᠯᠭ᠎ᠠ᠎ᠶ᠋ᠢᠨ ᠲᠣᠭᠤᠷᠢᠨ᠎ᠳᠤ᠂ 《 ᠵᠣᠷᠢᠭ ᠱᠢᠭᠤᠳᠪᠠᠯ ᠵᠠᠪᠠᠯ ᠣᠯᠬᠤ 》᠂ 《ᠰᠡᠳᠭᠢᠯ ᠨᠢᠭᠡᠳᠦᠨ ᠬᠦᠴᠦ᠍᠎ᠪᠠᠨ ᠬᠠᠮᠲᠤᠳᠭᠠᠬᠤ 》᠂ 《ᠲᠡᠮᠡᠴᠡᠨ ᠪᠠᠢᠯᠳᠤᠬᠤ 》᠂ 《 ᠰᠡᠳᠭᠢᠯ ᠰᠠᠨᠠᠭ᠎ᠠ ᠬᠥᠪᠬᠡᠯᠵᠡᠬᠦ᠌ 》 ᠂ 《 ᠵᠣᠷᠢᠭ ᠲᠠᠢ ᠲᠡᠮᠡᠴᠡᠬᠦ᠌ 》 ᠵᠡᠷᠭᠡ ᠲᠠᠪᠤᠨ ᠭᠤᠭ᠍ᠴᠤᠭ᠎ᠠ᠎ᠶ᠋ᠢ ᠲᠣᠬᠢᠷᠠᠭᠤᠯᠤᠭ᠍ᠰᠠᠨ ᠪᠥᠭᠡᠳ ᠦᠵᠡᠭ᠌ᠴᠢᠳ ᠲᠠᠢ ᠬᠥᠳᠡᠯᠦᠯᠴᠡᠬᠦ᠌᠎ᠶ᠋ᠢ ᠰᠣᠯᠪᠢᠴᠠᠭᠤᠯᠪᠠ᠃ ᠠᠵᠢᠯᠯᠠᠭ᠎ᠠ᠎ᠶ᠋ᠢᠨ ᠲᠤᠬᠠᠢ᠎ᠶ᠋ᠢᠨ ᠲᠠᠯᠠᠪᠠᠢ᠎ᠶ᠋ᠢᠨ ᠠᠭᠤᠷ ᠠᠮᠢᠰᠭᠤᠯ ᠪᠠᠴᠢᠮ ᠶᠠᠭᠠᠷᠠᠯᠲᠠᠢ ᠬᠦᠷ ᠬᠥᠭ᠌ᠵᠢᠶᠡᠨ᠎ᠢᠶᠠᠷ ᠪᠢᠯᠬᠠᠵᠤ᠂ ᠭᠣᠢᠳᠠ ᠰᠠᠢᠬᠠᠨ ᠵᠠᠯᠭᠠᠭ᠎ᠠ᠎ᠪᠠᠷ ᠢᠯᠡᠷᠡᠵᠦ᠍ ᠪᠠᠢᠯ᠎ᠠ᠃ ᠬᠤᠷᠴᠠ ᠱᠢᠷᠦᠭᠦᠨ ᠥᠷᠢᠰᠥᠯᠳᠦᠭᠡᠨ᠎ᠢᠶᠠᠷ ᠳᠡᠮᠵᠢᠨ᠂ ᠲᠦᠩᠯᠢᠶᠣᠤ᠎ᠶ᠋ᠢᠨ ᠷᠠᠳᠢᠣ᠋ ᠰᠠᠴᠤᠷᠠᠭᠤᠯᠭ᠎ᠠ᠎ᠶ᠋ᠢᠨ ᠲᠥᠪ ᠲᠠᠪᠴᠠᠩ᠎ᠤᠨ ᠲᠥᠯᠥᠭᠡᠯᠡᠭ᠌ᠴᠢᠳ᠎ᠤᠨ ᠠᠩᠭᠢ ᠨᠢᠭᠡᠳᠦᠭᠡᠷ ᠳᠡᠰ᠎ᠤᠨ ᠱᠠᠩᠨᠠᠯ ᠭᠥᠷᠳᠡᠵᠦ᠍᠂ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠶ᠋ᠢᠨ 203 ᠲᠠᠪᠴᠠᠩ᠂ ᠬᠢᠨᠠᠨ ᠬᠡᠮᠵᠢᠯᠲᠡ ᠬᠢᠭᠡᠳ ᠬᠥᠭ᠌ᠵᠢᠭᠦᠯᠦᠯᠲᠡ᠎ᠶ᠋ᠢᠨ ᠲᠥᠪ᠎ᠤᠨ ᠲᠥᠯᠥᠭᠡᠯᠡᠭ᠌ᠴᠢᠳ᠎ᠤᠨ ᠠᠩᠭᠢ ᠬᠤᠶᠠᠳᠤᠭᠠᠷ ᠳᠡᠰ᠎ᠤᠨ ᠱᠠᠩᠨᠠᠯ ᠭᠥᠷᠳᠡᠵᠦ᠍᠂ 706 ᠲᠠᠪᠴᠠᠩ᠂ ᠬᠥᠯᠥᠨ ᠪᠤᠢᠷ᠎ᠤᠨ ᠷᠠᠳᠢᠣ᠋ ᠰᠠᠴᠤᠷᠠᠭᠤᠯᠭ᠎ᠠ᠎ᠶ᠋ᠢᠨ ᠲᠥᠪ ᠲᠠᠪᠴᠠᠩ᠂ ᠪᠤᠭᠤᠲᠤ᠎ᠶ᠋ᠢᠨ ᠷᠠᠳᠢᠣ᠋ ᠰᠠᠴᠤᠷᠠᠭᠤᠯᠭ᠎ᠠ᠎ᠶ᠋ᠢᠨ ᠲᠥᠪ ᠲᠠᠪᠴᠠᠩ᠎ᠤᠨ ᠲᠥᠯᠥᠭᠡᠯᠡᠭ᠌ᠴᠢᠳ᠎ᠤᠨ ᠠᠩᠭᠢ ᠭᠤᠷᠪᠠᠳᠤᠭᠠᠷ ᠳᠡᠰ᠎ᠤᠨ ᠱᠠᠩᠨᠠᠯ ᠭᠥᠷᠳᠡᠪᠡ᠃ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ ᠨᠢᠭᠡᠨᠲᠡ 6 ᠵᠢᠯ ᠳᠠᠷᠠᠭᠠᠯᠠᠨ ᠮᠡᠳᠡᠯᠭᠡ᠎ᠶ᠋ᠢᠨ ᠤᠷᠤᠯᠳᠤᠭᠠᠨ᠎ᠤ ᠠᠵᠢᠯᠯᠠᠭ᠎ᠠ ᠥᠷᠨᠢᠭᠦᠯᠪᠡ᠂ ᠡᠨᠡ ᠬᠦ᠌ ᠠᠵᠢᠯᠯᠠᠭ᠎ᠠ᠎ᠨᠢ ᠨᠢᠭᠡᠨᠲᠡ ᠠᠭᠠᠵᠢᠮ᠎ᠢᠶᠠᠷ ᠴᠢᠳᠠᠪᠤᠷᠢᠲᠠᠨ᠎ᠢ ᠬᠥᠮᠦᠵᠢᠭᠦᠯᠬᠦ᠌ ᠴᠢᠬᠤᠯᠠ ᠲᠠᠪᠴᠠᠩ ᠪᠣᠯᠵᠣ᠂ ᠥᠷᠭᠡᠨ ᠣᠯᠠᠨ ᠵᠠᠯᠠᠭᠤ ᠺᠠᠳ᠋ᠷᠴᠤᠳ᠎ᠤᠨ ᠮᠥᠷᠦ᠋ᠢᠴᠡᠬᠦ᠌ ᠳᠤᠮᠳᠠ ᠣᠶᠤᠨ ᠤᠬᠠᠭᠠᠨ᠎ᠢᠶᠠᠨ ᠨᠢᠭ᠍ᠲᠠᠷᠠᠭᠤᠯᠵᠤ᠂ ᠪᠣᠳᠠᠲᠠᠶ ᠠᠵᠢᠯᠯᠠᠬᠤ ᠳᠤᠮᠳᠠ ᠴᠢᠳᠠᠪᠤᠷᠢ᠎ᠪᠠᠨ ᠳᠠᠪᠲᠠᠨ ᠪᠣᠯᠪᠠᠰᠤᠷᠠᠭᠤᠯᠵᠤ᠂ ᠡᠭᠦᠷᠭᠡᠯᠡᠯ᠎ᠤᠨ ᠳᠤᠮᠳᠠ ᠬᠡᠷᠡᠯ ᠭᠢᠯᠪᠠᠭ᠎ᠠ᠎ᠪᠠᠨ ᠰᠠᠴᠤᠷᠠᠭᠤᠯᠵᠤ᠂ ᠷᠠᠳᠢᠣ᠋ ᠲᠧᠯᠸᠢᠰ ᠪᠠ ᠰᠦᠯᠵᠢᠶᠡᠨ᠎ᠤ ᠦᠵᠡᠵᠦ᠍ ᠰᠣᠨᠣᠰᠭᠤ ᠴᠢᠨᠠᠷ ᠰᠠᠢᠲᠠᠶ ᠬᠥᠭ᠌ᠵᠢᠯᠲᠡ᠎ᠳᠤ ᠵᠠᠯᠠᠭᠤ ᠨᠠᠰᠤᠨ᠎ᠤ ᠬᠥᠳᠡᠯᠭᠡᠬᠦ᠌ ᠬᠦᠴᠦᠨ ᠨᠡᠮᠡᠷᠢᠯᠡᠬᠦ᠌᠎ᠶ᠋ᠢ ᠵᠣᠷᠢᠭ᠍ᠵᠢᠭᠤᠯᠪᠠ᠃

( ᠪᠠᠢᠭᠤᠯᠭ᠎ᠠ᠎ᠶ᠋ᠢᠨ ᠨᠠᠮ᠎ᠤᠨ ᠬᠤᠷᠢᠶ᠎ᠠ )

ᠢᠷᠡᠯᠲᠡ᠄ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠷᠠᠳᠢᠣ᠋ ᠲᠧᠯᠸᠢᠰ᠎ᠤᠨ ᠲᠤᠪᠴᠢᠶ᠎ᠠ