ᠮᠠᠨ᠎ᠤ ᠲᠣᠪᠴᠢᠶ᠎ᠠ ᠵᠢᠨ᠎ᠬᠢᠨ ᠤᠳᠤᠷᠢᠳᠬᠤ ᠪᠠᠭ᠎ᠤᠨ 2024 ᠣᠨ᠎ᠤ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠢ ᠬᠤᠷᠠᠯᠳᠤᠭᠤᠯᠪᠠ
2025-02-21



  2 ᠳ᠋ᠣᠭ᠋ᠠᠷ ᠰᠠᠷ᠎ᠠ ᠵᠢᠨ 21᠎ᠤ ᠡᠳᠦᠷ᠂ ᠮᠠᠨ᠎ᠤ ᠲᠤᠪᠴᠢᠶ᠎ᠠ ᠵᠢᠨ᠎ᠬᠢᠨ  ᠤᠳᠤᠷᠢᠳᠬᠤ ᠪᠠᠭ᠎ᠤᠨ 2024 ᠣᠨ᠎ᠤ ᠠᠷᠠᠳᠴᠢᠯᠠᠯ᠎ᠤᠨ  ᠠᠮᠢᠳᠤᠷᠠᠯ᠎ᠤᠨ ᠬᠤᠷᠠᠯ᠎ᠢ ᠬᠤᠷᠠᠯᠳᠤᠭᠤᠯᠪᠠ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ  ᠤᠬᠠᠭᠤᠯᠬᠤ ᠬᠡᠯᠲᠡᠰ᠎ᠤᠨ ᠳᠡᠳ᠋ ᠳᠠᠷᠤᠭ᠎ᠠ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶᠠᠨ᠎ᠤ  ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠲᠣᠪᠴᠢᠶᠠᠨ ᠳᠠᠷᠤᠭ᠎ᠠ ᠵᠠᠩ ᠢ ᠮᠢᠨ ᠬᠤᠷᠠᠯ᠎ᠢ ᠡᠷᠭᠢᠯᠡᠵᠦ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ 2024 ᠣᠨ᠎ᠤ ᠠᠷᠠᠳᠴᠢᠯᠠᠯ᠎ᠤᠨ  ᠠᠮᠢᠳᠤᠷᠠᠯ᠎ᠤᠨ ᠬᠤᠷᠠᠯ᠎ᠤᠨ ᠠᠷᠪᠠᠨ ᠨᠢᠭᠡᠳᠦᠭᠡᠷ ᠰᠢᠮᠳᠠᠭᠤᠯᠤᠨ ᠵᠢᠯᠣᠭᠤᠳᠬᠤ ᠳᠤᠭᠤᠶ᠋ᠢᠯᠠᠩ ᠬᠤᠷᠠᠯ᠎ᠳᠤ ᠣᠷᠣᠯᠴᠠᠵᠤ ᠵᠢᠭ᠋ᠠᠨ ᠵᠢᠯᠣᠭᠤᠳᠪᠠ᠃

   ᠮᠠᠨ᠎ᠤ ᠲᠣᠪᠴᠢᠶᠠᠨ᠎ᠤ  ᠨᠠᠮ᠎ᠤᠨ ᠤᠳᠤᠷᠢᠳᠬᠤ ᠳᠤᠭᠤᠶ᠋ᠢᠯᠠᠩ ᠲᠣᠰ ᠤᠳᠠᠭ᠋ᠠᠨ᠎ᠤ  ᠠᠷᠠᠳᠴᠢᠯᠠᠯ᠎ᠤᠨ  ᠠᠮᠢᠳᠤᠷᠠᠯ᠎ᠤᠨ ᠬᠤᠷᠠᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠬᠤᠷᠠᠯ᠎ᠠᠴᠠ ᠡᠮᠦᠨ᠎ᠡ ᠠᠵᠢᠯ᠎ᠤᠨ ᠲᠥᠰᠦᠯ ᠵᠶ᠋ᠠᠨ ᠨᠠᠷᠢᠨ ᠬᠢᠨᠠᠮᠠᠭ᠋ᠠᠶ ᠲᠣᠭᠲᠠᠭ᠋ᠠᠵᠤ᠂ ᠠᠷᠠᠳᠴᠢᠯᠠᠯ᠎ᠤᠨ  ᠠᠮᠢᠳᠤᠷᠠᠯ᠎ᠤᠨ ᠬᠤᠷᠠᠯ᠎ᠳᠤ ᠲᠣᠭᠲᠠᠭ᠋ᠠᠭᠰᠠᠨ ᠰᠤᠷᠤᠯᠴᠠᠬᠤ ᠠᠭᠤᠯᠭ᠎ᠠ᠎ᠳᠤ ᠠᠩᠬᠠᠷᠤᠯ ᠵᠶ᠋ᠠᠨ ᠲᠥᠪᠯᠡᠷᠡᠭᠦᠯᠦᠨ᠂ ᠰᠤᠷᠤᠯᠴᠠᠨ ᠰᠤᠳᠤᠯᠤᠨ ᠶᠠᠷᠢᠯᠴᠠᠬᠣ ᠵᠢ ᠵᠣᠬᠢᠶᠠᠨ ᠪᠠᠢ᠌ᠭᠣᠯᠵᠦ᠂ ᠬᠠᠮᠲᠤ ᠵᠢᠨ ᠰᠤᠷᠤᠯᠴᠠᠯᠭ᠎ᠠ ᠪᠠ ᠬᠤᠪᠢ ᠬᠥᠮᠦᠨ᠎ᠤ ᠥᠪᠡᠰᠦᠪᠡᠨ ᠰᠤᠷᠤᠯᠴᠠᠬᠤ ᠵᠢ ᠯᠠᠪᠳᠠᠭᠤᠨ ᠪᠠᠲᠤᠲᠠᠶ ᠰᠠᠶ᠋ᠢᠲᠤᠷ ᠬᠢᠪᠠ᠃ ᠰᠡᠳᠬᠢᠯ᠎ᠤᠨ ᠦᠭᠡ᠎ᠪᠠᠨ  ᠶᠠᠷᠢᠯᠴᠠᠬᠤ ᠵᠢ ᠥᠷᠭᠡᠨ ᠵᠶ᠋ᠠᠷ ᠥᠷᠨᠢᠭᠦᠯᠵᠦ᠂ ᠡᠭᠦᠳᠡ᠎ᠪᠠᠨ ᠨᠡᠬᠡᠭᠡᠨ ᠢᠳᠬᠠᠯ ᠬᠦᠯᠢᠶᠡᠨ ᠠᠪᠴᠤ ᠰᠠᠨᠠᠯ ᠬᠤᠷᠢᠶᠠᠵᠤ᠂ ᠠᠰᠠᠭᠤᠳᠠᠯ᠎ᠢ ᠰᠢᠰᠲ᠋ᠧᠮ᠎ᠲᠠᠢ᠎ᠪᠠᠷ ᠡᠮᠬᠢᠯᠡᠨ ᠪᠠᠶ᠋ᠢᠴᠠᠭ᠋ᠠᠨ ᠦᠵᠡᠵᠦ᠂ ᠬᠠᠷᠢᠴᠠᠭᠤᠯᠤᠨ ᠪᠠᠶ᠋ᠢᠴᠠᠭ᠋ᠠᠬᠤ ᠮᠠᠲ᠋ᠧᠷᠢᠶᠠᠯ᠎ᠢ ᠨᠠᠷᠢᠨ ᠨᠢᠮᠪᠠᠶ ᠪᠢᠴᠢᠵᠦ᠂ ᠡᠯ᠎ᠡ ᠵᠦᠢ᠍ᠯ᠎ᠤᠨ ᠪᠡᠯᠡᠳᠬᠡᠯ ᠠᠵᠢᠯ᠎ᠢ ᠯᠠᠪᠳᠠᠭᠤᠨ ᠪᠠᠲᠤᠲᠠᠶ ᠰᠠᠶ᠋ᠢᠲᠤᠷ ᠬᠢᠪᠡ᠃

   ᠬᠤᠷᠠᠯ᠎ᠠᠴᠠ ᠰᠢ  ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠋ᠠᠨ᠎ᠤ ᠭᠤᠣᠯ ᠰᠡᠳᠦᠪᠲᠦ ᠬᠥᠮᠦᠵᠢᠯ᠎ᠢ ᠰᠤᠷᠤᠯᠴᠠᠨ ᠲᠣᠭᠣᠰᠢᠯᠠᠭᠣᠯᠣᠭᠰᠠᠨ᠎ᠠᠴᠠ ᠨᠠᠭ᠋ᠠᠰᠢᠬᠢ ᠠᠷᠠᠳᠴᠢᠯᠠᠯ᠎ᠤᠨ  ᠠᠮᠢᠳᠤᠷᠠᠯ᠎ᠤᠨ ᠬᠤᠷᠠᠯ᠎ᠤᠨ ᠴᠡᠭᠴᠡᠯᠡᠨ ᠰᠠᠶ᠋ᠢᠵᠢᠷᠠᠭᠤᠯᠵᠤ ᠨᠠᠶ᠋ᠢᠳᠠᠪᠤᠷᠢᠵᠢᠭᠤᠯᠤᠭᠰᠠᠨ ᠪᠠᠶ᠋ᠢᠳᠠᠯ ᠪᠣᠯᠤᠨ ᠲᠤᠰ ᠤᠳᠠᠭ᠋ᠠᠨ᠎ᠤ  ᠠᠷᠠᠳᠴᠢᠯᠠᠭᠰᠠᠨ ᠠᠮᠢᠳᠤᠷᠠᠯ᠎ᠤᠨ ᠬᠤᠷᠠᠯ᠎ᠤᠨ ᠰᠠᠨᠠᠯ ᠬᠤᠷᠢᠶᠠᠭᠰᠠᠨ ᠪᠠᠶ᠋ᠢᠳᠠᠯ᠎ᠢ ᠵᠠᠷᠯᠠᠨ ᠮᠡᠳᠡᠭᠳᠡᠵᠦ᠂ ᠵᠠᠩ ᠢ ᠮᠢᠨ ᠲᠣᠪᠴᠢᠶᠠᠨ᠎ᠤ  ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠤᠳᠤᠷᠢᠳᠬᠤ ᠪᠠᠭ᠎ᠢ ᠲᠥᠯᠥᠭᠡᠯᠡᠨ ᠬᠠᠷᠢᠴᠠᠭᠤᠯᠤᠨ ᠪᠠᠶ᠋ᠢᠴᠠᠭ᠋ᠠᠭᠰᠠᠨ ᠪᠥᠭᠡᠳ ᠲᠦᠷᠦᠭᠦᠯᠡᠨ ᠬᠤᠪᠢ᠎ᠪᠠᠷ ᠵᠶ᠋ᠠᠨ  ᠬᠠᠷᠢᠴᠠᠭᠤᠯᠤᠨ ᠪᠠᠶ᠋ᠢᠴᠠᠭ᠋ᠠᠵᠤ᠂ ᠪᠠᠭ᠎ᠤᠨ  ᠭᠡᠰᠢᠭᠦᠳ  ᠲᠤᠰ ᠪᠡᠶ᠎ᠡ ᠵᠢᠨ ᠠᠵᠢᠯ᠎ᠲᠠᠢ᠎ᠪᠠᠨ ᠤᠶᠠᠯᠳᠤᠭᠤᠯᠵᠤ᠂ ᠲᠡᠰ ᠳᠠᠷᠠᠭ᠋ᠠᠯᠠᠨ ᠬᠠᠷᠢᠴᠠᠭᠤᠯᠤᠨ ᠪᠠᠶ᠋ᠢᠴᠠᠭ᠋ᠠᠵᠤ᠂ ᠰᠢᠭᠦᠮᠵᠢᠯᠡᠯ ᠪᠠ ᠥᠪᠡᠷ᠎ᠤᠨ ᠰᠢᠭᠦᠮᠵᠢᠯᠡᠯ᠎ᠢ ᠲᠥᠪ ᠴᠢᠩᠭ᠎ᠠ ᠨᠠᠷᠢᠨ ᠬᠢᠨᠠᠮᠠᠭ᠋ᠠᠢ ᠥᠷᠨᠢᠭᠦᠯᠪᠡ᠃

   ᠦᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠠᠷᠪᠠᠨ ᠨᠢᠭᠡᠳᠦᠭᠡᠷ ᠰᠢᠮᠳᠠᠭᠤᠯᠤᠨ ᠵᠢᠯᠣᠭᠤᠳᠬᠤ ᠳᠤᠭᠤᠶ᠋ᠢᠯᠠᠩ᠎ᠤᠨ ᠳᠣᠭᠣᠢ᠌ᠯᠠᠩ᠎ᠤᠨ ᠳᠠᠷᠤᠭ᠎ᠠ ᠯᠢᠦ ᠰᠥᠩ ᠲᠣᠰ ᠤᠳᠠᠭ᠋ᠠᠨ᠎ᠤ ᠠᠷᠠᠳᠴᠢᠯᠠᠯ᠎ᠤᠨ  ᠠᠮᠢᠳᠤᠷᠠᠯ᠎ᠤᠨ ᠬᠤᠷᠠᠯ᠎ᠳᠤ ᠦᠨᠡᠯᠡᠯᠲᠡ ᠬᠢᠵᠦ᠂ ᠲᠣᠰ ᠲᠣᠰ ᠣᠨᠣᠯ ᠵᠶ᠋ᠠᠷ ᠵᠡᠪᠰᠡᠭᠯᠡᠬᠦ ᠵᠢ ᠴᠢᠩᠭ᠋ᠠᠷᠠᠭᠤᠯᠬᠤ ᠂ ᠡᠭᠦᠷᠭᠡ ᠬᠠᠷᠢᠭᠤᠴᠠᠯᠭ᠎ᠠ᠎ᠪᠠᠨ ᠯᠠᠪᠳᠠᠭᠤᠨ ᠪᠠᠲᠤᠲᠠᠶ ᠭᠦᠢ᠍ᠴᠡᠳᠬᠡᠬᠦ᠂ ᠭᠤᠤᠯ ᠴᠣᠭᠴᠠ ᠵᠢᠨ ᠬᠠᠷᠢᠭᠤᠴᠠᠯᠭ᠎ᠠ᠎ᠪᠠᠨ ᠪᠠᠲᠤᠳᠬᠠᠬᠤ᠂ ᠠᠰᠠᠭᠤᠳᠠᠯ᠎ᠢ ᠴᠡᠭᠴᠡᠯᠡᠨ ᠰᠠᠶ᠋ᠢᠵᠢᠷᠠᠭᠤᠯᠬᠤ ᠵᠢ ᠰᠠᠶ᠋ᠢᠲᠤᠷ ᠠᠳᠬᠤᠬᠤ ᠵᠡᠷᠭᠡ ᠳᠥᠷᠪᠡᠨ ᠲᠠᠯ᠎ᠠ᠎ᠠᠴᠠ ᠦᠨᠡᠯᠡᠯᠲᠡ ᠬᠢᠵᠠᠢ᠂ ᠲᠠᠷᠠᠭ᠋ᠠᠴᠢ ᠵᠢᠨ ᠠᠯᠬᠤᠮ᠎ᠤᠨ ᠴᠡᠭᠴᠡᠯᠡᠨ ᠰᠠᠶ᠋ᠢᠵᠢᠷᠠᠭᠤᠯᠵᠤ ᠨᠠᠶ᠋ᠢᠳᠠᠪᠤᠷᠢᠵᠢᠭᠤᠯᠬᠤ ᠲᠤᠬᠠᠶ ᠪᠣᠳᠠᠲᠠᠶ ᠰᠠᠨᠠᠯ ᠳᠤᠷᠠᠳᠪᠠ᠃

   ᠵᠠᠩ ᠢ ᠮᠢᠨ ᠳ᠋ᠦᠩᠨᠡᠯᠲᠡ ᠵᠢᠨ ᠶᠠᠷᠢᠶᠠᠨ᠎ᠳᠤ᠎ᠪᠠᠨ  ᠴᠢᠬᠤᠯᠠᠴᠢᠯᠠᠭᠰᠠᠨ᠎ᠨᠢ᠂ ᠤᠨᠤᠯ ᠵᠶ᠋ᠠᠷ ᠵᠡᠪᠰᠡᠭᠯᠡᠬᠦ ᠵᠢ ᠴᠢᠩᠭ᠋ᠠᠷᠠᠭᠤᠯᠵᠤ ᠂ ᠤᠯᠤᠰ ᠲᠦᠷᠦ ᠵᠢᠨ ᠵᠣᠭᠰᠣᠴᠠ᠎ᠪᠠᠨ ᠳᠡᠭᠡᠭᠰᠢᠯᠡᠭᠦᠯᠵᠦ᠂ ᠰᠢ  ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ ᠵᠢ ᠤᠷᠳᠤ ᠬᠤᠭᠤᠴᠠᠭ᠎ᠠ᠎ᠪᠠᠷ ᠭᠦᠨᠵᠡᠭᠡᠢ ᠰᠤᠷᠤᠯᠴᠠᠵᠤ᠂ ᠰᠢ  ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠨᠠᠮ᠎ᠤᠨ ᠲᠥᠪ ᠬᠤᠷᠢᠶ᠎ᠠ ᠪᠣᠯᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ  ᠬᠣᠷᠢᠶᠠᠨ᠎ᠤ  ᠰᠢᠢ᠍ᠳᠪᠦᠷᠢᠲᠦ ᠪᠤᠳᠤᠯᠭ᠎ᠠ ᠪᠠᠶ᠋ᠢᠷᠢᠯᠠᠭᠤᠯᠤᠯᠲᠠ ᠵᠢ ᠪᠦᠬᠦ ᠣᠷᠣᠨ᠎ᠤ ᠷᠠᠳᠢᠣ᠋ ᠲᠧᠯᠸᠢᠰ᠎ᠤᠨ ᠰᠢᠰᠲ᠋ᠧᠮ᠎ᠳᠤ ᠲᠡᠷᠡ ᠬᠡᠪ ᠵᠶ᠋ᠠᠷ᠎ᠨᠢ ᠨᠠᠷᠢᠨ ᠨᠠᠶ᠋ᠢᠳᠠᠪᠤᠷᠢᠵᠢᠭᠤᠯᠬᠤ ᠵᠢ ᠪᠠᠲᠤᠯᠠᠬᠤ ᠬᠡᠷᠡᠭᠲᠡᠢ᠃ ᠠᠰᠠᠭᠤᠳᠠᠯ᠎ᠢ ᠴᠡᠭᠴᠡᠯᠡᠨ ᠰᠠᠶ᠋ᠢᠵᠢᠷᠠᠭᠤᠯᠬᠤ ᠵᠢ ᠰᠠᠶ᠋ᠢᠲᠤᠷ ᠠᠳᠬᠤᠵᠤ᠂ ᠪᠣᠳᠠᠲᠤ ᠦᠷ᠎ᠡ ᠪᠦᠲᠦᠮᠵᠢ ᠤᠯᠬᠤ ᠵᠢ ᠪᠠᠲᠤᠯᠠᠵᠤ᠂ ᠨᠢᠭᠡ᠎ᠠᠴᠠ ᠵᠦᠢ᠍ᠴᠢᠯᠡᠵᠦ ᠨᠦᠬᠦᠭᠡ ᠵᠢ ᠮᠡᠳᠡᠬᠦ ᠵᠢ ᠴᠢᠬᠤᠯᠠᠴᠢᠯᠠᠵᠤ᠂ ᠤᠷᠳᠤ ᠬᠤᠭᠤᠴᠠᠭ᠋ᠠᠨ᠎ᠤ ᠪᠦᠲᠦᠮᠵᠢᠲᠡᠢ ᠲᠣᠭᠲᠠᠴᠠ ᠵᠢ ᠪᠠᠶ᠋ᠢᠭᠤᠯᠤᠨ ᠪᠦᠷᠢᠨᠰᠢᠬᠦᠯᠵᠦ᠂ ᠠᠰᠠᠭᠤᠳᠠᠯ᠎ᠢ ᠡᠬᠢ ᠡᠭᠦᠰᠦᠯ᠎ᠠᠴᠠ᠎ᠨᠢ ᠰᠢᠢ᠍ᠳᠪᠦᠷᠢᠯᠡᠵᠦ᠂ ᠠᠰᠠᠭᠤᠳᠠᠯ᠎ᠤᠨ ᠲᠠᠬᠢᠨ ᠢᠯᠡᠷᠡᠬᠦ ᠵᠢ ᠰᠡᠷᠭᠡᠶ᠋ᠢᠯᠡᠬᠦ ᠬᠡᠷᠡᠭᠲᠡᠢ᠃ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠨ ᠠᠵᠢᠯ ᠶᠠᠪᠤᠳᠠᠯ ᠬᠢᠵᠦ᠂ ᠠᠵᠢᠯ᠎ᠤᠨ ᠬᠥᠭᠵᠢᠯᠲᠡ ᠵᠢ ᠠᠬᠢᠭᠤᠯᠵᠤ᠂ ᠭᠤᠣᠯ ᠬᠠᠷᠢᠭᠤᠴᠠᠯᠭ᠎ᠠ ᠭᠤᠣᠯ ᠠᠵᠢᠯ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠨᠠᠮ᠎ᠤᠨ ᠰᠢᠨ᠎ᠡ ᠵᠢ ᠡᠭᠦᠳᠬᠦ ᠤᠨᠤᠯ᠎ᠤᠨ ᠳᠠᠮᠵᠢᠭᠤᠯᠭ᠎ᠠ᠂ ᠰᠣᠨᠢᠨ ᠮᠡᠳᠡᠭᠡᠨ᠎ᠤ ᠫᠷᠤᠭ᠌ᠷᠠᠮ᠎ᠤᠨ ᠶᠠᠰᠤ ᠴᠢᠨᠠᠷ᠎ᠢ ᠳᠡᠭᠡᠭᠰᠢᠯᠡᠭᠦᠯᠬᠦ᠂ ᠬᠠᠮ ᠵᠠᠭᠤᠴᠢᠯᠠᠭᠤᠷ᠎ᠤᠨ ᠰᠢᠰᠲ᠋ᠧᠮᠲᠦ ᠴᠢᠨᠠᠷᠲᠠᠢ ᠬᠤᠪᠢᠰᠤᠯᠲᠠ᠂ ᠰᠣᠳᠣᠨ ᠠᠭᠤᠯᠭ᠎ᠠ ᠵᠢᠨ ᠬᠠᠩᠭ᠋ᠠᠯᠭ᠎ᠠ᠂ ᠣᠷᠣᠨ ᠪᠦᠰᠡ ᠵᠢᠨ ᠬᠠᠮᠲᠤᠷᠠᠯᠴᠠᠭ᠎ᠠ᠂ ᠤᠯᠠᠨ ᠤᠯᠤᠰ᠎ᠤᠨ ᠳᠠᠮᠵᠢᠭᠤᠯᠭ᠎ᠠ ᠵᠢᠨ ᠴᠢᠳᠠᠪᠤᠷᠢ ᠵᠢ ᠳᠡᠭᠡᠭᠰᠢᠯᠡᠭᠦᠯᠬᠦ ᠵᠡᠷᠭᠡ ᠲᠠᠯ᠎ᠠ᠎ᠪᠠᠷ ᠰᠢᠨ᠎ᠡ ᠰᠢᠪᠲᠤᠯᠤᠯᠲᠠ᠎ᠲᠠᠢ ᠪᠣᠯᠭ᠋ᠠᠬᠤ᠎ᠪᠠᠷ ᠬᠦᠴᠦᠯᠡᠨ ᠴᠢᠷᠮᠠᠶ᠋ᠢᠵᠤ᠂ ᠬᠤᠶᠠᠷ ᠶᠡᠭᠡ ᠶᠠᠪᠤᠳᠠᠯ᠎ᠢ ᠰᠠᠶ᠋ᠢᠲᠤᠷ ᠬᠢᠬᠦ᠎ᠳᠤ ᠬᠦᠴᠦ ᠨᠡᠮᠡᠷᠢᠯᠡᠵᠦ᠂ 《ᠵᠢᠷᠭᠤᠭ᠋ᠠᠨ ᠢᠨᠵᠧᠨᠧᠷᠢᠩ》᠎ᠢ ᠦᠷᠭᠦᠯᠵᠢᠯᠡᠨ ᠬᠡᠷᠡᠭᠵᠢᠭᠦᠯᠵᠦ᠂ 《ᠵᠢᠷᠭᠤᠭ᠋ᠠᠨ ᠠᠵᠢᠯᠯᠠᠭ᠋ᠠᠨ 》᠎ᠢ  ᠭᠦᠨᠵᠡᠭᠡᠢ ᠥᠷᠨᠢᠭᠦᠯᠬᠦ᠎ᠳᠤ ᠷᠠᠳᠢᠣ᠋ ᠲᠧᠯᠸᠢᠰ᠎ᠤᠨ ᠬᠦᠴᠦᠨ ᠴᠢᠳᠠᠯ ᠵᠶ᠋ᠠᠨ ᠡᠷᠭᠦᠬᠦ ᠬᠡᠷᠡᠭᠲᠡᠢ ᠭᠡᠵᠡᠢ᠃

 

ᠢᠷᠡᠯᠲᠡ᠄ ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠷᠠᠳᠢᠤ᠋ ᠲᠧᠯᠸᠢᠰ᠎ᠤᠨ ᠲᠤᠪᠴᠢᠶ᠎ᠠ