2025 ᠣᠨ᠎ᠤ ᠢᠯᠡ᠎ᠪᠠᠷ ᠡᠯᠰᠡᠭᠰᠡᠨ ᠠᠵᠢᠯᠲᠠᠨ᠎ᠤ ᠪᠡᠶ᠎ᠡ ᠵᠢᠨ ᠪᠠᠶ᠋ᠢᠴᠠᠭ᠋ᠠᠯᠲᠠ ᠬᠢᠬᠦ ᠪᠠ ᠰᠢᠨᠵᠢᠯᠡᠨ ᠪᠠᠶ᠋ᠢᠴᠠᠭ᠋ᠠᠬᠤ ᠶᠠᠪᠤᠳᠠᠯ᠎ᠤᠳ᠎ᠤᠨ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶᠠᠨ᠎ᠤ ᠵᠠᠷᠯᠠᠯ
2025-02-08



ᠡᠯ᠎ᠡ ᠰᠢᠯᠭ᠋ᠠᠭᠤᠯᠤᠭᠴᠢ᠎ᠳᠤ᠄

   ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠤᠨ 《2025 ᠣᠨ᠎ᠤ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠵᠢᠯ ᠦᠢ᠍ᠯᠡᠰ᠎ᠤᠨ  ᠨᠢᠭᠡᠴᠢ ᠵᠢᠨ ᠢᠯᠡ᠎ᠪᠠᠷ ᠠᠵᠢᠯᠲᠠᠨ ᠡᠯᠰᠡᠬᠦ ᠵᠠᠷᠯᠠᠯ 》᠎ᠢ ᠦᠨᠳᠦᠰᠦᠯᠡᠨ᠂ ᠲᠣᠭᠲᠠᠭ᠋ᠠᠭᠰᠠᠨ  ᠳᠠᠷᠠᠭ᠋ᠠᠯᠠᠯ ᠶᠣᠰᠣᠭ᠋ᠠᠷ᠂ ᠮᠠᠨ᠎ᠤ ᠲᠣᠪᠴᠢᠶᠠᠨ᠎ᠤ  ᠢᠯᠡ᠎ᠪᠠᠷ  ᠠᠵᠢᠯᠲᠠᠨ ᠡᠯᠰᠡᠬᠦ ᠠᠵᠢᠯ᠎ᠤᠨ  ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ᠂ ᠪᠢᠷ᠎ᠤᠨ ᠰᠢᠯᠭ᠋ᠠᠯᠲᠠ᠂ ᠬᠢᠷᠢ ᠬᠡᠮ᠎ᠤᠨ  ᠳᠠᠬᠢᠨ ᠬᠢᠨᠠᠯᠲᠠ ᠂ ᠨᠢᠭᠤᠷᠲᠠᠨ ᠰᠢᠯᠭ᠋ᠠᠯᠲᠠ  ᠵᠡᠷᠭᠡ ᠭᠤᠭᠴᠤᠭ᠎ᠠ ᠵᠢ ᠨᠢᠭᠡᠨᠲᠡ ᠪᠡᠶᠡᠯᠡᠭᠦᠯᠵᠦ᠂ ᠣᠲᠣ ᠶᠡᠷᠦᠩᠬᠡᠶ ᠬᠢᠷᠢ ᠪᠦᠲᠦᠮᠵᠢ ᠵᠢᠴᠢ ᠪᠡᠶ᠎ᠡ ᠵᠢᠨ ᠪᠠᠶ᠋ᠢᠴᠠᠭ᠋ᠠᠯᠲᠠ ᠪᠠ ᠰᠢᠨᠵᠢᠯᠡᠨ ᠪᠠᠶ᠋ᠢᠴᠠᠭ᠋ᠠᠬᠤ ᠬᠡᠪᠴᠢᠶᠡᠨ᠎ᠳᠤ ᠤᠷᠤᠭᠰᠠᠨ ᠵᠢᠱ᠌ᠢᠭᠳᠡᠭᠴᠢ ᠵᠢ ᠨᠡᠢ᠌ᠲᠡᠯᠡᠪᠡ ᠂ ᠪᠣᠳᠠᠲᠠᠶ ᠨᠡᠷᠡᠰ᠎ᠢ ᠳᠠᠭ᠋ᠠᠯᠳᠤᠭᠤᠯᠤᠯ᠎ᠠᠴᠠ  ᠦᠵᠡᠭᠡᠷᠡᠶ᠃

  2025 ᠣᠨ᠎ᠤ 2 ᠳ᠋ᠤᠭ᠋ᠠᠷ ᠰᠠᠷ᠎ᠠ ᠵᠢᠨ 18᠎ᠤ ᠡᠳᠦᠷ (ᠭᠠᠷᠠᠭ᠎ᠤᠨ ᠬᠤᠶᠠᠷ)᠎ᠤᠨ ᠦᠳᠡ ᠵᠢᠨ ᠡᠮᠦᠨ᠎ᠡ ᠪᠡᠶ᠎ᠡ ᠵᠢᠨ ᠪᠠᠶ᠋ᠢᠴᠠᠭ᠋ᠠᠯᠲᠠ ᠬᠢᠵᠦ᠂ ᠳᠠᠷᠠᠭ᠎ᠠ᠎ᠨᠢ ᠪᠡᠶ᠎ᠡ ᠵᠢᠨ ᠪᠠᠶ᠋ᠢᠴᠠᠭ᠋ᠠᠯᠲᠠ᠎ᠳᠤ ᠬᠢᠷᠢ ᠲᠡᠩᠴᠡᠭᠰᠡᠨ ᠰᠢᠯᠭ᠋ᠠᠭᠤᠯᠤᠭᠴᠢ᠎ᠳᠤ ᠰᠢᠨᠵᠢᠯᠡᠨ ᠪᠠᠶ᠋ᠢᠴᠠᠭ᠋ᠠᠯᠲᠠ ᠬᠢᠨ᠎ᠡ ᠂ ᠰᠢᠨᠵᠢᠯᠡᠨ ᠪᠠᠶ᠋ᠢᠴᠠᠭ᠋ᠠᠬᠤ ᠶᠠᠪᠤᠳᠠᠯ᠎ᠤᠳ᠎ᠢ  ᠠᠰᠲᠠᠭ᠋ᠠᠨ  ᠮᠡᠳᠡᠭᠳᠡᠵᠦ᠂ ᠰᠢᠯᠭ᠋ᠠᠭᠤᠯᠤᠭᠴᠢ ᠬᠠᠷᠢᠯᠴᠠᠬᠤ ᠤᠲᠠᠰᠤᠨ᠎ᠤ᠎ᠪᠠᠨ  ᠰᠠᠭ᠋ᠠᠳ ᠦᠭᠡᠢ ᠨᠡᠪᠲᠡᠷᠡᠯ᠎ᠢ ᠪᠠᠲᠤᠯᠠᠬᠤ ᠬᠡᠷᠡᠭᠲᠡᠢ᠃

  1. ᠴᠤᠭᠯᠠᠷᠠᠬᠤ  ᠴᠠᠭ᠄ 2025 ᠣᠨ᠎ᠤ 2 ᠳ᠋ᠤᠭ᠋ᠠᠷ ᠰᠠᠷ᠎ᠠ ᠵᠢᠨ 18᠎ᠤ ᠡᠳᠦᠷ (ᠭᠠᠷᠠᠭ᠎ᠤᠨ ᠬᠤᠶᠠᠷ)᠎ᠤᠨ ᠦᠳᠡ ᠵᠢᠨ ᠡᠮᠦᠨᠡᠬᠢ 7᠄ 30;

  2. ᠴᠤᠭᠯᠠᠷᠠᠬᠤ  ᠭᠠᠵᠠᠷ᠄ ᠥᠪᠥᠷ ᠮᠣᠩᠭᠤᠯ᠎ᠤᠨ ᠲᠠᠷᠢᠶᠠᠯᠠᠩ᠎ᠤᠨ ᠶᠡᠭᠡ ᠰᠤᠷᠭ᠋ᠠᠭᠤᠯᠢ ᠵᠢᠨ ᠰᠢᠨ᠎ᠡ  ᠲᠣᠭᠤᠷᠢᠭ᠎ᠤᠨ ᠪᠠᠷᠠᠭᠤᠨ ᠬᠤᠶ᠋ᠢᠲᠤ ᠡᠭᠦᠳᠡ (ᠰᠠᠶ᠋ᠢᠬᠠᠨ ᠲᠣᠭᠤᠷᠢᠭ᠎ᠤᠨ ᠳ᠋ᠦᠩ ᠶᠢᠩ ᠡᠮᠦᠨ᠎ᠡ ᠵᠠᠮ ᠬᠢᠭᠡᠳ ᠰᠢᠤᠸᠠᠢ ᠶᠤᠸᠠᠨ ᠵᠡᠭᠦᠨ ᠵᠡᠭᠡᠯᠢ ᠵᠢᠨ ᠠᠭᠤᠯᠵᠠᠷ᠂ ᠥᠪᠥᠷ ᠮᠣᠩᠭᠤᠯ᠎ᠤᠨ ᠠᠢ ᠮᠢᠩ ᠡᠮᠨᠡᠯᠭᠡ ᠵᠢᠨ ᠬᠤᠷᠢᠶᠠᠨ᠎ᠤ ᠡᠰᠡᠷᠭᠦ ᠲᠠᠯ᠎ᠠ);

  3. ᠪᠡᠶ᠎ᠡ ᠵᠢᠨ ᠪᠠᠶ᠋ᠢᠴᠠᠭ᠋ᠠᠯᠲᠠ ᠵᠢᠨ ᠱᠠᠭ᠋ᠠᠷᠳᠠᠯᠭ᠎ᠠ᠄ ᠲᠣᠰ ᠬᠥᠮᠦᠨ᠎ᠤ ᠪᠡᠶ᠎ᠡ ᠵᠢᠨ ᠦᠨᠡᠮᠯᠡᠯ᠂ 2 ᠢᠮᠠᠬᠤ ᠵᠢᠨ ᠲᠢᠳᠢᠮ ᠦᠭᠡᠢ ᠥᠩᠭᠡᠲᠦ ᠰᠡᠭᠦᠳᠡᠷ 1 (ᠡᠯᠸᠺᠲᠷᠣᠨ᠎ᠤ  ᠪᠤᠰᠤ ᠬᠡᠪᠯᠡᠯ)᠂ ᠬᠠᠷ᠎ᠠ ᠥᠩᠭᠡ ᠵᠢᠨ  ᠳᠤᠮᠳᠠᠴᠢ  ᠴᠢᠨᠠᠷᠲᠠᠶ ᠪᠢᠷ᠎ᠢ 1 ᠠᠪᠴᠤ᠂ ᠪᠡᠶ᠎ᠡ ᠵᠢᠨ ᠪᠠᠶ᠋ᠢᠴᠠᠭ᠋ᠠᠯᠲᠠ ᠵᠢᠨ ᠬᠦᠰᠦᠨᠦᠭ᠎ᠢ  ᠨᠢᠭᠡᠴᠢ ᠵᠢᠨ  ᠠᠵᠢᠯᠲᠠᠳ᠎ᠠᠴᠠ  ᠲᠤᠬᠠᠶ ᠵᠢᠨ ᠲᠠᠯᠠᠪᠤᠷ᠎ᠲᠤ ᠲᠠᠷᠬᠠᠭ᠋ᠠᠨ᠎ᠠ ᠂ ᠪᠡᠶ᠎ᠡ ᠵᠢᠨ ᠪᠠᠶ᠋ᠢᠴᠠᠭ᠋ᠠᠯᠲᠠ ᠵᠢᠨ ᠰᠦᠢ᠍ᠳᠬᠡᠯ 450 ᠲᠥᠭᠦᠷᠢᠭ᠃

  4. ᠪᠤᠰᠤᠳ ᠠᠩᠬᠠᠷᠬᠤ ᠵᠦᠢ᠍ᠯ᠄ ᠪᠡᠶ᠎ᠡ ᠵᠢᠨ ᠪᠠᠶ᠋ᠢᠴᠠᠭ᠋ᠠᠯᠲᠠ᠎ᠠᠴᠠ ᠡᠮᠦᠨ᠎ᠡ ᠨᠢᠭᠡ ᠡᠳᠦᠷ  ᠲᠣᠰᠤ ᠱᠦᠯᠥ ᠴᠢᠩᠭ᠎ᠠ ᠬᠣᠭᠣᠯᠠ ᠤᠮᠳᠠ ᠵᠢ ᠴᠡᠭᠡᠷᠯᠡᠵᠦ ᠂ ᠠᠷᠢᠬᠢ ᠤᠤᠭᠤᠵᠤ ᠪᠣᠯᠬᠤ ᠦᠭᠡᠢ᠂ ᠶᠠᠳᠠᠷᠠᠵᠤ ᠵᠦᠳᠡᠷᠡᠵᠦ᠎ᠠᠴᠠ ᠰᠡᠷᠭᠡᠢ᠌ᠯᠡᠬᠦ ᠬᠡᠷᠡᠭᠲᠡᠢ ; ᠪᠡᠶ᠎ᠡ ᠵᠢᠨ ᠪᠠᠶ᠋ᠢᠴᠠᠭ᠋ᠠᠯᠲᠠ ᠬᠢᠬᠦ ᠲᠤᠬᠠᠢ ᠵᠢᠨ  ᠡᠳᠦᠷ᠎ᠲᠤ  ᠥᠯᠥᠨ ᠪᠠᠢ᠌ᠬᠤ ᠵᠢ ᠪᠠᠲᠤᠯᠠᠵᠤ ᠂ ᠤᠤᠭᠤᠵᠤ ᠢᠳᠡᠬᠦ ᠦᠭᠡᠢ ᠪᠠᠢ᠌ᠬᠤ ᠬᠡᠷᠡᠭᠲᠡᠢ ᠂ ᠡᠰᠡ ᠲᠡᠭᠡᠪᠡᠯ ᠪᠡᠶ᠎ᠡ ᠵᠢᠨ ᠪᠠᠶ᠋ᠢᠴᠠᠭ᠋ᠠᠯᠲᠠ ᠵᠢᠨ ᠦᠷ᠎ᠡ ᠳ᠋ᠦᠩ᠎ᠤᠨ ᠣᠨᠣᠪᠴᠢᠲᠤ ᠴᠢᠨᠠᠷ᠎ᠢ ᠨᠥᠯᠥᠭᠡᠯᠡᠨ᠎ᠡ ;

   ᠡᠮᠡᠭᠲᠡᠶ ᠰᠢᠯᠭ᠋ᠠᠭᠤᠯᠤᠭᠴᠢ ᠬᠡᠷᠪᠡ ᠰᠠᠷ᠎ᠠ ᠵᠢᠨ ᠭ᠋ᠬᠢᠷ᠎ᠤᠨ ᠬᠤᠭᠤᠴᠠᠭ᠋ᠠᠨ᠎ᠳᠤ ᠪᠠᠢ᠌ᠪᠠᠯ  ᠪᠡᠶ᠎ᠡ ᠵᠢᠨ ᠪᠠᠶ᠋ᠢᠴᠠᠭ᠋ᠠᠯᠲᠠ ᠬᠢᠬᠦ  ᠲᠡᠷᠡ ᠡᠳᠦᠷ᠎ᠲᠤ᠎ᠪᠠᠨ ᠰᠢᠭᠡᠰᠦᠨ᠎ᠤ ᠪᠠᠶ᠋ᠢᠴᠠᠭ᠋ᠠᠯᠲᠠ ᠪᠠ ᠡᠮᠡᠭᠲᠡᠶ ᠵᠢᠨ ᠰᠠᠯᠠᠭ᠋ᠠᠨ᠎ᠤ ᠪᠡᠶ᠎ᠡ ᠵᠢᠨ ᠪᠠᠶ᠋ᠢᠴᠠᠭ᠋ᠠᠯᠲᠠ ᠬᠢᠬᠦ ᠥᠬᠡᠶ ᠪᠠᠢ᠌ᠵᠤ ᠪᠣᠯᠣᠨ᠎ᠠ᠂ ᠰᠠᠷ᠎ᠠ ᠵᠢᠨ ᠭ᠋ᠬᠢᠷ ᠳᠠᠭᠤᠰᠤᠭᠰᠠᠨ᠎ᠤ ᠳᠠᠷᠠᠭ᠎ᠠ᠂ ᠥᠪᠡᠷᠲᠡᠭᠡᠨ  ᠪᠡᠶ᠎ᠡ ᠵᠢᠨ ᠪᠠᠶ᠋ᠢᠴᠠᠭ᠋ᠠᠯᠲᠠ ᠵᠢᠨ ᠲᠥᠪ᠎ᠲᠤ ᠬᠦᠷᠴᠦ  ᠲᠣᠰ ᠲᠥᠷᠥᠯ ᠵᠦᠢ᠍ᠯ᠎ᠢ ᠨᠥᠬᠦᠨ ᠬᠢᠯᠭᠡᠨ᠎ᠡ ; ᠬᠡᠷᠪᠡ  ᠵᠢᠷᠮᠦᠰᠦᠯᠡᠭᠰᠡᠨ ᠪᠠᠢ᠌ᠪᠠᠯ ᠪᠡᠶ᠎ᠡ ᠵᠢᠨ ᠪᠠᠶ᠋ᠢᠴᠠᠭ᠋ᠠᠯᠲᠠ ᠵᠢᠨ ᠡᠮᠴᠢ᠎ᠳᠤ ᠴᠠᠭ ᠲᠤᠬᠠᠶ᠎ᠳᠤ᠎ᠨᠢ ᠮᠡᠳᠡᠭᠳᠡᠵᠦ᠂ X ᠰᠠᠴᠤᠷᠠᠭ᠎ᠤᠨ ᠪᠠᠶ᠋ᠢᠴᠠᠭ᠋ᠠᠯᠲᠠ ᠪᠠ ᠡᠮᠡᠭᠲᠡᠶ ᠵᠢᠨ ᠰᠠᠯᠠᠭ᠋ᠠᠨ᠎ᠤ ᠪᠡᠶ᠎ᠡ ᠵᠢᠨ ᠪᠠᠶ᠋ᠢᠴᠠᠭ᠋ᠠᠯᠲᠠ ᠬᠢᠬᠦ᠎ᠠᠴᠠ ᠵᠠᠢ᠌ᠯᠠᠰᠬᠢᠬᠤ ᠬᠡᠷᠡᠭᠲᠡᠢ ᠃ ᠰᠢᠯ ᠦᠭᠡᠢ ᠬᠠᠷᠠᠭ᠋ᠠᠨ᠎ᠤ  ᠬᠠᠷᠠᠭ᠎ᠠ ᠵᠢ ᠪᠠᠢ᠌ᠴᠠᠭ᠋ᠠᠬᠤ ᠲᠤᠯᠠ  ᠣᠢ᠌ᠷ᠎ᠠ ᠬᠠᠷᠠᠭ᠎ᠠ᠎ᠲᠠᠢ ᠬᠦᠮᠦᠰ ᠳᠠᠯᠳᠠ ᠨᠢᠳᠦᠨ ᠰᠢᠯ ᠵᠡᠭᠦᠵᠦ ᠪᠣᠯᠬᠤ ᠦᠭᠡᠢ ᠃

   ᠬᠡᠷᠪᠡ ᠴᠠᠭ ᠲᠤᠬᠠᠶ᠎ᠳᠤ᠎ᠨᠢ  ᠪᠡᠶ᠎ᠡ ᠵᠢᠨ ᠪᠠᠶ᠋ᠢᠴᠠᠭ᠋ᠠᠯᠲᠠ᠎ᠳᠤ ᠣᠷᠣᠯᠴᠠᠭᠰᠠᠨ ᠥᠬᠡᠶ ᠪᠣᠯ ᠪᠡᠶ᠎ᠡ ᠵᠢᠨ ᠪᠠᠶ᠋ᠢᠴᠠᠭ᠋ᠠᠯᠲᠠ ᠪᠠ ᠰᠢᠨᠵᠢᠯᠡᠨ  ᠪᠠᠶ᠋ᠢᠴᠠᠭ᠋ᠠᠬᠤ ᠬᠢᠷᠢ ᠬᠡᠮ ᠵᠶ᠋ᠠᠨ ᠰᠠᠨᠠᠭ᠋ᠠᠴᠢᠯᠠᠭ᠎ᠠ᠎ᠠᠴᠠ᠎ᠪᠠᠨ ᠬᠠᠶᠠᠭᠰᠠᠨ ᠵᠶ᠋ᠡᠷ ᠦᠵᠡᠨ᠎ᠡ ; ᠤᠷᠢᠭᠳᠠᠭᠰᠠᠳ᠎ᠤᠨ ᠪᠡᠶ᠎ᠡ ᠵᠢᠨ ᠪᠠᠶ᠋ᠢᠴᠠᠭ᠋ᠠᠯᠲᠠ ᠬᠢᠷᠢ ᠲᠡᠩᠴᠡᠭᠰᠡᠨ ᠥᠬᠡᠶ ᠪᠤᠶᠤ ᠪᠡᠶ᠎ᠡ ᠵᠢᠨ ᠪᠠᠶ᠋ᠢᠴᠠᠭ᠋ᠠᠯᠲᠠ ᠵᠢᠨ ᠶᠠᠪᠤᠴᠠ᠎ᠳᠤ ᠬᠤᠳᠠᠯ ᠬᠡᠯᠡᠵᠦ ᠬᠠᠭᠤᠷᠮᠠᠭᠯᠠᠨ ᠵᠣᠬᠢᠶᠠᠭᠰᠠᠨ᠂ ᠴᠢᠬᠤᠯᠠ ᠡᠪᠡᠳᠴᠢᠨ᠎ᠤ ᠲᠡᠤᠬᠡ ᠵᠡᠷᠭᠡ᠎ᠪᠠᠨ  ᠨᠢᠭᠤᠨ ᠳᠠᠯᠳᠠᠯᠠᠭᠰᠠᠨ᠎ᠠᠴᠠ ᠪᠣᠯᠵᠣ ᠪᠡᠶ᠎ᠡ ᠵᠢᠨ ᠪᠠᠶ᠋ᠢᠴᠠᠭ᠋ᠠᠯᠲᠠ ᠵᠢᠨ ᠦᠷ᠎ᠡ ᠳ᠋ᠦᠩ᠎ᠨᠢ  ᠦᠨᠡᠨ ᠪᠣᠳᠠᠲᠠᠶ ᠪᠢᠰᠢ ᠪᠣᠯᠣᠭᠰᠠᠨ ᠪᠠᠢ᠌ᠪᠠᠯ ᠤᠷᠢᠵᠤ ᠬᠡᠷᠡᠭᠯᠡᠬᠦ ᠡᠷᠬᠡ ᠵᠢ᠎ᠨᠢ ᠦᠭᠡᠢ᠌ᠰᠬᠡᠨ᠎ᠡ ;  ᠪᠡᠶ᠎ᠡ ᠵᠢᠨ ᠪᠠᠶ᠋ᠢᠴᠠᠭ᠋ᠠᠯᠲᠠ᠎ᠳᠤ ᠬᠡᠪ᠎ᠤᠨ ᠪᠤᠰᠤ ᠦᠷ᠎ᠡ ᠳ᠋ᠦᠩ᠎ᠲᠠᠢ ᠬᠥᠮᠥᠰ᠂ ᠪᠠᠶ᠋ᠢᠭᠤᠯᠭ᠎ᠠ ᠨᠢᠭᠡᠴᠢ᠎ᠠᠴᠠ ᠪᠡᠶ᠎ᠡ ᠵᠢᠨ ᠪᠠᠶ᠋ᠢᠴᠠᠭ᠋ᠠᠯᠲᠠ ᠬᠢᠭᠰᠡᠨ᠎ᠤ ᠳᠠᠷᠠᠭ᠎ᠠ  ᠮᠡᠳᠡᠭᠳᠡᠵᠦ ᠳᠠᠬᠢᠨ ᠪᠠᠶ᠋ᠢᠴᠠᠭ᠋ᠠᠯᠲᠠ ᠬᠢᠯᠭᠡᠨ᠎ᠡ; ᠪᠦᠬᠦ ᠪᠠᠶ᠋ᠢᠴᠠᠭ᠋ᠠᠯᠲᠠ ᠬᠢᠵᠦ ᠳᠠᠭᠤᠰᠤᠭᠰᠠᠨ᠎ᠤ ᠳᠠᠷᠠᠭ᠎ᠠ ᠪᠡᠶ᠎ᠡ ᠵᠢᠨ ᠪᠠᠶ᠋ᠢᠴᠠᠭ᠋ᠠᠯᠲᠠ ᠵᠢᠨ ᠬᠦᠰᠦᠨᠦᠭᠲᠦ᠎ᠪᠠᠨ ᠡᠮᠦᠨ᠎ᠡ ᠲᠠᠪᠴᠠᠩ᠎ᠳᠤ ᠲᠤᠰᠢᠶᠠᠭ᠋ᠠᠷᠠᠢ᠃

   ᠠᠰᠠᠭᠤᠨ ᠯᠠᠪᠯᠠᠬᠤ ᠤᠲᠠᠰᠤ᠄ 0471 - 4590658

   ᠬᠦᠯᠢᠶᠡᠨ ᠠᠪᠴᠤ ᠰᠢᠢ᠍ᠳᠪᠦᠷᠢᠯᠡᠬᠦ ᠴᠠᠭ᠄ ᠦᠳᠡ ᠵᠢᠨ ᠡᠮᠦᠨ᠎ᠡ 9᠄ 00 - 12᠄ 00᠂ ᠦᠳᠡ ᠵᠢᠨ ᠬᠤᠶ᠋ᠢᠨ᠎ᠠ 14᠄ 30 - 17᠄ 00 (ᠠᠵᠢᠯᠯᠠᠬᠤ ᠡᠳᠦᠷ)

   ᠣᠨᠴᠠᠭ᠋ᠠᠢ᠌ᠯᠠᠨ ᠵᠠᠷᠯᠠᠪᠠ ᠃

  

   ᠳᠠᠭ᠋ᠠᠯᠳᠤᠭᠤᠯᠤᠯ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ  ᠲᠣᠪᠴᠢᠶᠠᠨ᠎ᠤ 2025 ᠣᠨ᠎ᠤ ᠠᠵᠢᠯ ᠦᠢ᠍ᠯᠡᠰ᠎ᠤᠨ  ᠨᠢᠭᠡᠴᠢ ᠵᠢᠨ ᠡᠯᠰᠡᠭᠰᠡᠨ ᠠᠵᠢᠯᠲᠠᠨ᠎ᠤ  ᠪᠡᠶ᠎ᠡ ᠵᠢᠨ ᠪᠠᠶ᠋ᠢᠴᠠᠭ᠋ᠠᠯᠲᠠ ᠬᠢᠵᠦ ᠰᠢᠨᠵᠢᠯᠡᠨ ᠪᠠᠶ᠋ᠢᠴᠠᠭ᠋ᠠᠬᠤ ᠬᠡᠪᠴᠢᠶᠡᠨ᠎ᠳᠤ ᠣᠷᠣᠭᠰᠠᠨ  ᠬᠥᠮᠦᠰ᠎ᠤᠨ ᠨᠡᠷᠡᠰ.xlsx

  

ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠷᠠᠳᠢᠣ᠋ ᠲᠧᠯᠸᠢᠰ᠎ᠤᠨ ᠲᠤᠪᠴᠢᠶ᠎ᠠ

2025 ᠣᠨ᠎ᠤ 2  ᠳ᠋ᠤᠭ᠋ᠠᠷ ᠰᠠᠷ᠎ᠠ ᠵᠢᠨ 8᠎ᠤ ᠡᠳᠦᠷ

 

ᠢᠷᠡᠯᠲᠡ᠄ ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠷᠠᠳᠢᠤ᠋ ᠲᠧᠯᠸᠢᠰ᠎ᠤᠨ ᠲᠤᠪᠴᠢᠶ᠎ᠠ