ᠶᠡᠷᠣᠩᠬᠡᠢ ᠱᠦᠵᠢ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ᠂ ᠳᠤᠮᠳᠠᠳᠤ ᠤᠯᠤᠰ᠎ᠤᠨ ᠰᠣᠩᠭᠤᠳᠠᠭ ᠠᠷᠠᠳ᠎ᠤᠨ ᠠᠮᠠᠨ ᠥᠯᠢᠭᠡᠷ᠎ᠤᠨ ᠭᠤᠤᠯ ᠰᠡᠳᠦᠪᠲᠦ ᠰᠦᠯᠵᠢᠶᠡᠨ᠎ᠤ ᠺᠠᠷᠲ᠋ᠣᠨ ᠺᠢᠨᠣ᠋ ᠵᠢ ᠵᠣᠬᠢᠶᠠᠨ ᠪᠦᠲᠦᠭᠡᠵᠦ ᠳᠠᠮᠵᠢᠭᠣᠯᠬᠣ ᠵᠢ ᠬᠥᠲᠥᠯᠦᠨ ᠵᠢᠯᠣᠭᠤᠳᠴᠤ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠪᠦᠲᠦᠭᠡᠯᠴᠢ ᠴᠢᠨᠠᠷᠲᠠᠶ᠎ᠪᠠᠷ ᠬᠤᠪᠢᠷᠠᠭᠤᠯᠬᠤ᠂ ᠰᠢᠨ᠎ᠡ ᠵᠢ ᠡᠭᠦᠳᠬᠦ ᠴᠢᠨᠠᠷᠲᠠᠶ᠎ᠪᠠᠷ ᠬᠥᠭᠵᠢᠭᠦᠯᠬᠦ ᠵᠢ ᠨᠠᠩ ᠰᠠᠶ᠋ᠢᠲᠤᠷ ᠠᠬᠢᠭᠤᠯᠬᠤ ᠵᠢᠨ ᠲᠥᠯᠥᠭᠡ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠦᠪ ᠬᠤᠷᠢᠶᠠᠨ᠎ᠤ ᠠᠯᠪᠠᠨ ᠲᠠᠩᠬᠢᠮ᠂ ᠲᠦᠷᠤ ᠵᠢᠨ ᠶᠠᠪᠣᠳᠠᠯ᠎ᠤᠨ ᠬᠤᠷᠢᠶᠠᠨ᠎ᠤ ᠠᠯᠪᠠᠨ ᠲᠢᠩᠬᠢᠮ᠎ᠤᠨ 《ᠳᠣᠮᠳᠠᠳᠣ ᠵᠢᠨ ᠰᠢᠯᠢᠳᠡᠭ ᠣᠯᠠᠮᠵᠢᠯᠠᠯᠲᠤ ᠰᠣᠶᠣᠯ᠎ᠢ ᠣᠯᠠᠮᠵᠢᠯᠠᠨ ᠬᠦᠭᠵᠢᠭᠦᠯᠬᠦ ᠢᠨᠵᠸᠨ᠋ᠸᠷᠢᠩ᠎ᠢ ᠬᠡᠷᠡᠭᠵᠢᠭᠦᠯᠬᠦ ᠲᠤᠬᠠᠢ ᠰᠠᠨᠠᠯ》᠎ᠳᠠᠬᠢ 《ᠳᠤᠮᠳᠠᠳᠤ ᠤᠯᠤᠰ᠎ᠤᠨ ᠰᠣᠩᠭᠤᠳᠠᠭ ᠠᠷᠠᠳ᠎ᠤᠨ ᠠᠮᠠᠨ ᠥᠯᠢᠭᠡᠷ᠎ᠤᠨ ᠺᠠᠷᠲ᠋ᠣᠨ ᠵᠢᠷᠤᠭ ᠪᠠ ᠱᠣᠭ ᠵᠢᠷᠣᠭ᠎ᠤᠨ ᠵᠤᠬᠢᠶᠠᠨ ᠪᠦᠲᠦᠭᠡᠯᠭᠡ ᠵᠢᠨ ᠢᠨᠵᠸᠨ᠋ᠸᠷᠢᠩ᠎ᠢ ᠬᠡᠷᠡᠭᠵᠢᠭᠦᠯᠬᠦ 》 ᠱᠠᠭ᠋ᠠᠷᠳᠠᠯᠭ᠎ᠠ ᠶᠣᠰᠣᠭ᠋ᠠᠷ᠂ ᠡᠳᠦᠭᠡ 2025 ᠣᠨ᠎ᠤ 《 ᠳᠤᠮᠳᠠᠳᠤ ᠤᠯᠤᠰ᠎ᠤᠨ ᠰᠣᠩᠭᠤᠳᠠᠭ ᠠᠷᠠᠳ᠎ᠤᠨ ᠠᠮᠠᠨ ᠥᠯᠢᠭᠡᠷ᠎ᠤᠨ ᠺᠠᠷᠲ᠋ᠣᠨ ᠵᠢᠷᠤᠭ ᠪᠠ ᠱᠣᠭ ᠵᠢᠷᠣᠭ᠎ᠤᠨ ᠵᠤᠬᠢᠶᠠᠨ ᠪᠦᠲᠦᠭᠡᠯᠭᠡ ᠵᠢᠨ ᠢᠨᠵᠧᠨᠧᠷᠢᠩ (ᠰᠦᠯᠵᠢᠶᠡᠨ᠎ᠤ ᠺᠠᠷᠲ᠋ᠣᠨ ᠺᠢᠨᠣ᠋)》᠎ᠢ ᠲᠡᠳᠬᠦᠨ ᠳᠡᠮᠵᠢᠬᠦ ᠲᠥᠷᠥᠯ ᠵᠦᠢ᠍ᠯ᠎ᠢ ᠴᠣᠭᠯᠠᠭᠣᠯᠬᠤ ᠠᠵᠢᠯᠯᠠᠭ᠎ᠠ ᠵᠢ ᠥᠷᠨᠢᠭᠦᠯᠬᠦ ᠬᠤᠯᠪᠣᠭᠳᠠᠯ ᠪᠥᠬᠦᠶ ᠵᠦᠢ᠍ᠯᠡᠰ᠎ᠢ ᠳᠣᠤᠷᠠᠬᠢ ᠮᠡᠲᠦ ᠮᠡᠳᠡᠭᠳᠡᠶ᠎ᠡ᠃
ᠨᠢᠭᠡ᠂ ᠭᠤᠶᠤᠴᠢᠯᠠᠨ ᠮᠡᠳᠡᠭᠦᠯᠬᠦ ᠲᠥᠷᠥᠯ ᠵᠦᠢ᠍ᠯ᠎ᠤᠨ ᠱᠠᠭ᠋ᠠᠷᠳᠠᠯᠭ᠎ᠠ
ᠭᠤᠶᠤᠴᠢᠯᠠᠨ ᠮᠡᠳᠡᠭᠦᠯᠬᠦ ᠲᠥᠷᠥᠯ ᠵᠦᠢ᠍ᠯ᠎ᠨᠢ ᠵᠣᠬᠢᠶᠠᠨ ᠪᠦᠲᠦᠭᠡᠬᠦ ᠱᠠᠲᠤᠨ᠎ᠳᠤ ᠪᠠᠶ᠋ᠢᠭ᠎ᠠ ᠠᠩᠬᠠᠨ᠎ᠤ ᠡᠭᠦᠳᠦᠯᠲᠡ ᠵᠢᠨ ᠰᠦᠯᠵᠢᠶᠡᠨ᠎ᠤ ᠺᠠᠷᠲ᠋ᠣᠨ ᠺᠢᠨᠣ᠋ ᠪᠠᠢ᠌ᠵᠦ᠂ ᠭᠤᠶᠤᠴᠢᠯᠠᠨ ᠮᠡᠳᠡᠭᠦᠯᠬᠦ᠎ᠳᠤ᠎ᠪᠠᠨ ᠰᠦᠯᠵᠢᠶᠡᠨ᠎ᠤ ᠺᠠᠷᠲ᠋ᠣᠨ ᠺᠢᠨᠤ᠋ ᠵᠢᠨ ᠲᠥᠯᠥᠪᠵᠢᠭᠦᠯᠭᠡ ᠵᠢᠨ ᠳᠠᠩᠰᠠᠯᠠᠯᠲᠠ ᠵᠢ ᠪᠡᠶᠡᠯᠡᠭᠦᠯᠦᠭᠰᠡᠨ ᠮᠥᠷᠲᠡᠭᠡᠨ ᠦᠯᠢᠭᠡᠷ ᠡᠬᠡ᠂ ᠦᠯᠢᠭᠡᠷ ᠹᠢᠯᠢᠮ ᠪᠤᠶᠤ ᠭᠤᠣᠯ ᠳᠦᠷᠢ ᠵᠢᠨ ᠺᠠᠷᠲ᠋ᠣᠨ ᠵᠢᠷᠤᠭ᠎ᠤᠨ ᠲᠦᠷᠢ ᠲᠥᠷᠬᠦ ᠵᠢᠨ ᠵᠢᠷᠤᠭ ᠲᠥᠯᠥᠪᠯᠡᠭᠡ ᠵᠢ ᠲᠤᠰᠢᠶᠠᠵᠤ ᠳᠡᠶ᠋ᠢᠯᠬᠦ ᠬᠡᠷᠡᠭᠲᠡᠢ᠃ ᠳᠣᠣᠷᠠᠬᠢ ᠮᠡᠲᠦ ᠱᠠᠭ᠋ᠠᠷᠳᠠᠯᠭ᠎ᠠ᠎ᠳᠤ ᠨᠡᠢ᠌ᠴᠡᠬᠦ ᠰᠦᠯᠵᠢᠶᠡᠨ᠎ᠤ ᠺᠠᠷᠲ᠋ᠤᠨ ᠺᠢᠨᠣ᠋ ᠵᠢ ᠭᠣᠣᠯᠳᠠᠯᠭ᠎ᠠ᠎ᠲᠠᠢ ᠳᠡᠮᠵᠢᠨ ᠳᠡᠳᠬᠦᠨ᠎ᠡ ᠄
1. ᠳᠤᠮᠳᠠᠳᠤ ᠤᠯᠤᠰ᠎ᠤᠨ ᠰᠣᠩᠭᠤᠳᠠᠭ ᠠᠷᠠᠳ᠎ᠤᠨ ᠠᠮᠠᠨ ᠥᠯᠢᠭᠡᠷ᠎ᠤᠨ ᠭᠤᠤᠯ ᠰᠡᠳᠦᠪ᠎ᠤᠨ ᠲᠣᠭᠤᠷᠢᠨ᠎ᠳᠤ ᠵᠣᠬᠢᠶᠠᠨ ᠪᠦᠲᠦᠭᠡᠵᠦ᠂ ᠥᠯᠢᠭᠡᠷ᠎ᠤᠨ ᠰᠣᠶᠣᠯ᠎ᠤᠨ ᠠᠭᠤᠯᠤᠭᠳᠠᠬᠤᠨ ᠪᠠ ᠣᠶᠤᠨ ᠰᠠᠨᠠᠭ᠋ᠠᠨ᠎ᠤ ᠦᠨ᠎ᠡ ᠥᠷᠲᠡᠭ᠎ᠢ ᠭᠦᠨᠵᠡᠭᠡᠶ ᠠᠭᠤᠳᠠᠯᠤᠨ᠂ ᠰᠢᠨ᠎ᠡ ᠴᠠᠭ ᠦᠶ᠎ᠡ ᠵᠢᠨ ᠣᠨᠴᠠᠯᠢᠭ᠎ᠲᠠᠢ ᠤᠶᠠᠯᠳᠤᠭᠤᠯᠤᠨ ᠰᠢᠨ᠎ᠡ ᠵᠢ ᠡᠭᠦᠳᠦᠨ ᠢᠯᠡᠳᠬᠡᠵᠦ᠂ ᠲᠡᠭᠦᠨ᠎ᠳᠤ ᠰᠢᠨ᠎ᠡ ᠴᠠᠭ ᠦᠶ᠎ᠡ ᠵᠢᠨ ᠠᠭᠤᠯᠤᠭᠳᠠᠬᠤᠨ ᠨᠡᠮᠡᠷᠢᠯᠡᠨ᠎ᠡ ᠃ ᠰᠣᠩᠭᠣᠳᠠᠭ ᠠᠷᠠᠳ᠎ᠤᠨ ᠠᠮᠠᠨ ᠦᠯᠢᠭᠡᠷ᠎ᠢ ᠱᠣᠭᠯᠠᠨ ᠶᠠᠷᠢᠵᠦ᠂ ᠮᠠᠭᠤ ᠬᠡᠷᠡᠭ ᠦᠢ᠍ᠯᠡᠳᠴᠦ᠂ ᠦᠭᠡᠷᠡᠲᠡᠭᠦᠯᠵᠦ᠂ ᠨᠤᠷᠠᠭ᠋ᠠᠵᠦ ᠪᠤᠯᠬᠤ ᠦᠭᠡᠢ᠃
2. ᠣᠳᠣᠷᠢᠳᠣᠮᠵᠢ᠎ᠨᠢ ᠢᠳᠡᠪᠬᠢᠲᠡᠶ ᠥᠭᠡᠳᠡᠯᠡᠨ ᠳᠠᠪᠰᠢᠵᠤ᠂ ᠨᠡᠶ᠋ᠢᠭᠡᠮ ᠵᠢᠷᠤᠮ᠎ᠤᠨ ᠭᠣᠣᠯᠯᠠᠭᠴᠢ ᠥᠷᠲᠡᠭ᠎ᠤᠨ ᠦᠵᠡᠯᠲᠡ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠪᠠᠳᠠᠷᠠᠭᠤᠯᠵᠤ᠂ ᠳᠤᠮᠳᠠᠳᠤᠴᠤᠳ᠎ᠤᠨ ᠦᠷᠦᠰᠢᠶᠡᠯ ᠬᠠᠶ᠋ᠢᠷ᠎ᠠ ᠵᠢ ᠡᠷᠬᠢᠮᠯᠡᠬᠦ᠂ ᠠᠷᠠᠳ ᠵᠶ᠋ᠠᠷ ᠦᠨᠳᠦᠰᠦ ᠪᠣᠯᠭ᠋ᠠᠬᠤ ᠵᠢ ᠴᠢᠬᠤᠯᠠᠴᠢᠯᠠᠬᠤ᠂ ᠦᠨᠡᠨᠴᠢ ᠢᠲᠡᠭᠡᠮᠵᠢ ᠲᠠᠢ ᠪᠠᠢ᠌ᠬᠤ ᠵᠢ ᠪᠠᠷᠢᠮᠲᠠᠯᠠᠬᠤ ᠂ ᠰᠢᠳᠤᠷᠭᠤ ᠶᠣᠰᠣ ᠵᠢ ᠡᠷᠬᠢᠮᠯᠡᠬᠦ᠂ ᠡᠶ᠎ᠡ ᠨᠠᠢ᠌ᠷᠠᠮᠳᠠᠭᠣ ᠪᠠᠢ᠌ᠬᠤ ᠵᠢ ᠡᠷᠬᠢᠮᠯᠡᠬᠦ᠂ ᠶᠡᠬᠡ ᠠᠳᠠᠯᠢ ᠳᠡᠭᠰᠢ ᠪᠠᠢ᠌ᠬᠤ ᠵᠢ ᠡᠷᠬᠢᠮᠯᠡᠬᠦ ᠵᠡᠷᠭᠡ ᠦᠵᠡᠯ ᠰᠠᠨᠠᠭ᠎ᠠ ᠣᠶ᠋ᠢᠯᠠᠭ᠋ᠠᠭᠳᠠᠬᠤᠨ ᠪᠠ ᠥᠭᠡᠳᠡᠯᠡᠨ ᠳᠡᠪᠰᠢᠵᠦ ᠪᠣᠶᠠᠨ ᠦᠢ᠍ᠯᠡᠳᠬᠦ ᠂ ᠨᠠᠰᠤᠲᠠᠨ ᠵᠶ᠋ᠠᠨ ᠠᠴᠢᠯᠠᠵᠤ ᠲᠥᠷᠥᠯ ᠰᠠᠳᠤᠨ ᠵᠶ᠋ᠠᠨ ᠬᠠᠶ᠋ᠢᠷᠠᠯᠠᠬᠤ᠂ ᠡᠬᠡ ᠤᠯᠤᠰ ᠵᠶ᠋ᠠᠨ ᠬᠠᠶ᠋ᠢᠷᠠᠯᠠᠬᠤ᠂ ᠢᠳᠡᠪᠬᠢᠲᠡᠶ᠎ᠪᠠᠷ ᠲᠡᠮᠡᠴᠡᠬᠦ ᠵᠡᠷᠭᠡ ᠴᠠᠭ ᠦᠶ᠎ᠡ ᠵᠢᠨ ᠵᠣᠷᠢᠭ ᠰᠠᠨᠠᠭ᠎ᠠ ᠵᠢ ᠨᠡᠯᠢᠶᠡᠳ ᠰᠠᠶ᠋ᠢᠨ ᠢᠯᠡᠷᠡᠭᠦᠯᠵᠦ ᠴᠢᠳᠠᠨ᠎ᠠ᠃
3. ᠳᠦᠷᠢ᠎ᠨᠢ ᠠᠮᠢᠳᠤᠯᠢᠭ᠂ ᠬᠦᠤᠷᠨᠢᠯ᠎ᠨᠢ ᠣᠷᠣᠰᠣᠮ᠎ᠠ ᠂ ᠪᠦᠬᠦᠶ᠋ᠢᠯᠡ ᠠᠢ᠌ᠵᠠᠮ᠎ᠨᠢ ᠠᠪᠴᠠᠯᠳᠤᠩᠭᠤᠢ᠂ ᠢᠯᠡᠷᠡᠭᠦᠯᠦᠯ᠎ᠤᠨ ᠠᠷᠭ᠎ᠠ ᠪᠠᠷᠢᠯ᠎ᠨᠢ ᠨᠥᠯᠥᠭᠡᠯᠡᠬᠦ ᠬᠦᠴᠦᠨ ᠲᠠᠢ ᠂ ᠢᠯᠡᠷᠡᠭᠦᠯᠦᠯ᠎ᠤᠨ ᠬᠦᠴᠦᠨ᠎ᠲᠠᠢ᠂ ᠨᠡᠯᠢᠶᠡᠳ ᠦᠨᠳᠦᠷ ᠭᠤᠸ᠎ᠠ ᠲᠠᠭ᠋ᠠᠰᠢᠶᠠᠯ᠎ᠤᠨ ᠬᠢᠷᠢ ᠲᠦᠪᠰᠢᠨ ᠲᠠᠢ ᠪᠠᠢ᠌ᠵᠦ᠂ ᠦᠵᠡᠭᠴᠢᠳ᠎ᠤᠨ ᠴᠣᠣᠷᠢᠶᠠᠳᠣᠯᠢ ᠬᠦᠭᠵᠢᠭᠡᠵᠦ ᠂ ᠠᠭᠤᠯᠭ᠎ᠠ ᠪᠠ ᠬᠡᠯᠪᠡᠷᠢ ᠵᠢᠨ ᠨᠢᠭᠡᠳᠦᠯᠲᠡᠢ ᠵᠤᠬᠢᠴᠠᠯᠳᠣᠯᠢ ᠡᠷᠬᠢᠮᠯᠡᠳᠡᠭ ᠃
4. ᠵᠣᠬᠢᠶᠠᠨ ᠪᠦᠲᠦᠭᠡᠬᠦ ᠣᠶ᠋ᠢᠯᠠᠭ᠋ᠠᠭᠳᠠᠬᠤᠨ᠂ ᠤᠬᠠᠭᠤᠯᠤᠨ ᠲᠠᠨᠢᠯᠴᠠᠭᠤᠯᠬᠤ ᠠᠷᠭ᠎ᠠ ᠬᠡᠯᠪᠡᠷᠢ᠎ᠨᠢ ᠰᠦᠯᠵᠢᠶᠡᠨ᠎ᠤ ᠳᠠᠮᠵᠢᠭᠤᠯᠭ᠎ᠠ ᠵᠢᠨ ᠣᠨᠴᠠᠯᠢᠭᠲᠤ ᠨᠡᠶ᠋ᠢᠴᠡᠵᠦ᠂ ᠰᠢᠨ᠎ᠡ ᠵᠢ ᠡᠭᠦᠳᠬᠦ ᠴᠢᠨᠠᠷ᠂ ᠥᠪᠡᠷᠮᠢᠴᠡ ᠴᠢᠨᠠᠷᠲᠠᠢ ᠪᠠᠶ᠋ᠢᠳᠠᠭ᠃ ᠰᠦᠯᠵᠢᠶᠡᠨ᠎ᠤ ᠣᠨᠴᠠᠯᠢᠭ ᠪᠦᠬᠦᠢ ᠰᠢᠨ᠎ᠡ ᠵᠢ ᠡᠭᠦᠳᠬᠦ ᠠᠷᠭ᠎ᠠ ᠪᠠᠷᠢᠯ ᠪᠣᠯᠤᠨ ᠢᠯᠡᠷᠡᠭᠦᠯᠬᠦ ᠬᠡᠯᠪᠡᠷᠢ ᠮᠠᠶᠢᠭ᠎ᠢ ᠬᠡᠷᠡᠭᠯᠡᠬᠦ ᠵᠢ ᠵᠣᠷᠢᠭᠵᠢᠭᠤᠯᠤᠨ᠂ ᠫᠷᠤᠭ᠌ᠷᠠᠮ ᠦᠢ᠍ᠯᠡᠳᠬᠦ ᠵᠢ ᠬᠡᠲᠦ ᠲᠣᠳᠣ ᠪᠠᠢ᠌ᠯᠭ᠋ᠠᠬᠤ ᠵᠢ ᠵᠣᠷᠢᠭᠵᠢᠭᠤᠯᠵᠤ᠂ ᠳᠡᠯᠡᠬᠡᠶ᠋ᠢᠴᠢᠯᠡᠭᠰᠡᠨ ᠺᠠᠷᠲ᠋ᠣᠨ ᠵᠢᠷᠤᠭ᠎ᠤᠨ ᠢᠯᠡᠷᠡᠭᠦᠯᠬᠦ ᠠᠷᠭ᠎ᠠ ᠵᠢ ᠬᠡᠷᠡᠭᠯᠡᠨ ᠳᠤᠮᠳᠠᠳᠤ ᠤᠯᠤᠰ᠎ᠤᠨ ᠦᠯᠢᠭᠡᠷ ᠶᠠᠷᠢᠬᠤ ᠵᠢ ᠵᠣᠷᠢᠭᠵᠢᠭᠤᠯᠵᠤ᠂ ᠥᠨᠳᠥᠷ ᠬᠢᠷᠢ ᠲᠦᠪᠰᠢᠨ ᠪᠦᠬᠦᠢ ᠰᠢᠪᠲᠤᠯᠤᠯᠲᠠ ᠵᠢᠨ ᠴᠢᠨᠠᠷᠲᠠᠶ᠂ ᠰᠦᠪᠡᠭᠴᠢᠯᠡᠯᠲᠡ ᠵᠢᠨ ᠴᠢᠨᠠᠷᠲᠠᠶ ᠪᠦᠲᠦᠭᠡᠯ᠎ᠢ ᠵᠤᠷᠢᠭᠵᠢᠭᠣᠯᠣᠨᠠ ᠃
ᠬᠤᠶᠠᠷ᠂ ᠬᠢᠨᠠᠨ ᠲᠣᠭᠲᠠᠭ᠋ᠠᠬᠤ ᠴᠤᠪᠤᠷᠠᠯ
(ᠨᠢᠭᠡ) ᠡᠯᠰᠡᠨ ᠴᠤᠭᠯᠠᠭᠤᠯᠬᠤ ᠪᠠ ᠠᠩᠬᠠᠨ᠎ᠤ ᠦᠨᠡᠯᠡᠯᠲᠡ
ᠪᠥᠬᠦ ᠣᠷᠣᠨ᠎ᠤ ᠡᠯ᠎ᠡ ᠢᠨᠲ᠋ᠧᠷ ᠰᠦᠯᠵᠢᠶᠡᠨ᠎ᠤ ᠦᠵᠡᠵᠦ ᠰᠣᠨᠣᠰᠬᠤ ᠫᠷᠤᠭ᠌ᠷᠠᠮ᠎ᠤᠨ ᠦᠢ᠍ᠯᠡᠴᠢᠯᠡᠭᠡᠨ᠎ᠤ ᠨᠢᠭᠡᠴᠢ ᠂ ᠷᠠᠳᠢᠣ᠋ ᠲᠧᠯᠸᠢᠰ᠎ᠤᠨ ᠫᠷᠤᠭ᠌ᠷᠠᠮ ᠦᠢ᠍ᠯᠡᠳᠬᠦ ᠡᠵᠡᠩᠨᠡᠯᠲᠡ ᠵᠢᠨ ᠪᠠᠶ᠋ᠢᠭᠤᠯᠤᠮᠵᠢ᠂ ᠬᠠᠮᠢᠶ᠎ᠠ ᠪᠥᠬᠦᠶ ᠠᠵᠢᠯ ᠲᠥᠷᠥᠯ᠎ᠤᠨ ᠺᠢᠨᠣ᠋ ᠲᠧᠯᠸᠢᠰ᠎ᠤᠨ ᠫᠷᠤᠭ᠌ᠷᠠᠮ ᠦᠢ᠍ᠯᠡᠳᠬᠦ ᠪᠠᠶ᠋ᠢᠭᠤᠯᠤᠮᠵᠢ᠂ ᠬᠠᠮᠢᠶ᠎ᠠ ᠪᠥᠬᠦᠶ ᠳᠡᠭᠡᠳᠦ ᠰᠤᠷᠭ᠋ᠠᠭᠤᠯᠢ (ᠬᠦᠷᠢᠶᠡᠯᠡᠩ ᠰᠠᠯᠪᠤᠷᠢ)᠎ᠨᠤᠭᠤᠳ ᠲᠣᠰ ᠤᠳᠠᠭ᠋ᠠᠨ᠎ᠤ ᠠᠵᠢᠯᠯᠠᠭ᠎ᠠ᠎ᠳᠤ ᠣᠷᠣᠯᠴᠠᠵᠤ ᠪᠣᠯᠤᠨ᠎ᠠ᠃ ᠮᠠᠨ᠎ᠤ ᠲᠣᠪᠴᠢᠶ᠎ᠠ ᠬᠠᠷᠢᠶ᠎ᠠ ᠣᠷᠣᠨ᠎ᠤ ᠳᠣᠲᠣᠷᠠᠬᠢ ᠪᠠᠶ᠋ᠢᠭᠤᠯᠤᠮᠵᠢ ᠵᠢᠨ ᠭᠤᠶᠤᠴᠢᠯᠠᠨ ᠮᠡᠳᠡᠭᠦᠯᠬᠦ ᠲᠥᠷᠥᠯ ᠵᠦᠢ᠍ᠯ᠎ᠢ ᠬᠦᠯᠢᠶᠡᠨ ᠠᠪᠬᠤ ᠠᠵᠢᠯ᠎ᠢ ᠬᠠᠷᠢᠭᠤᠴᠠᠵᠤ᠂ ᠠᠩᠬᠠᠨ᠎ᠤ ᠦᠨᠡᠯᠡᠯᠲᠡ ᠵᠢᠨ ᠳᠠᠷᠠᠭ᠎ᠠ ᠲᠠᠨᠢᠯᠴᠠᠭᠣᠯᠬᠣ ᠵᠦᠢ᠍ᠯᠡᠰ᠎ᠢ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ ᠵᠢᠨ ᠰᠦᠯᠵᠢᠶᠡᠨ᠎ᠤ ᠦᠵᠡᠵᠦ ᠰᠣᠨᠣᠰᠬᠤ ᠵᠤᠷᠭ᠋ᠠᠨ᠎ᠳᠤ ᠮᠡᠳᠡᠭᠦᠯᠦᠨ ᠬᠦᠷᠭᠡᠨ᠎ᠡ᠃
(ᠬᠤᠶᠠᠷ) ᠪᠦᠲᠦᠭᠡᠯ᠎ᠤᠨ ᠲᠠᠬᠢᠨ ᠦᠨᠡᠯᠡᠯᠲᠡ ᠪᠠ ᠡᠴᠦᠰ᠎ᠤᠨ ᠦᠨᠡᠯᠡᠯᠲᠡ
ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ ᠲᠤᠰᠬᠠᠶ ᠮᠡᠷᠭᠡᠵᠢᠯᠲᠡᠨ᠎ᠢ ᠵᠣᠬᠢᠶᠠᠨ ᠪᠠᠶ᠋ᠢᠭᠤᠯᠵᠤ ᠠᠩᠬᠠᠨ᠎ᠤ ᠦᠨᠡᠯᠡᠯᠲᠡ ᠵᠢ ᠦᠩᠭᠡᠷᠡᠭᠡᠭᠰᠡᠨ ᠲᠥᠷᠥᠯ ᠵᠦᠢ᠍ᠯ᠎ᠳᠤ ᠳᠠᠬᠢᠨ ᠦᠨᠡᠯᠡᠯᠲᠡ ᠪᠠ ᠡᠴᠦᠰ᠎ᠤᠨ ᠦᠨᠡᠯᠡᠯᠲᠡ ᠬᠢᠵᠦ᠂ ᠬᠠᠮᠤᠭ ᠡᠴᠦᠰ᠎ᠲᠤ ᠰᠣᠩᠭᠣᠭᠳᠠᠬᠤ ᠲᠥᠷᠥᠯ ᠵᠦᠢ᠍ᠯ᠎ᠢ ᠰᠣᠩᠭᠤᠨ ᠭᠠᠷᠭ᠋ᠠᠪᠠ᠃
(ᠭᠤᠷᠪᠠ) ᠰᠣᠩᠭᠣᠭᠳᠠᠭᠰᠠᠨ ᠲᠦᠷᠦᠯ ᠵᠦᠢ᠍ᠯ᠎ᠢ ᠳᠡᠳᠬᠦᠨ ᠳᠡᠮᠵᠢᠬᠦ
ᠲᠥᠷᠥᠯ ᠵᠦᠢ᠍ᠯ ᠰᠣᠩᠭᠤᠭᠳᠠᠭᠰᠠᠨᠤ ᠳᠠᠷᠠᠭ᠎ᠠ᠂ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠠᠴᠠ ᠫᠷᠤᠭ᠌ᠷᠠᠮ ᠦᠢ᠍ᠯᠡᠳᠬᠦ ᠪᠠᠶ᠋ᠢᠭᠤᠯᠤᠮᠵᠢ ᠵᠢᠴᠢ ᠮᠠᠨ᠎ᠤ ᠲᠣᠪᠴᠢᠶ᠎ᠠ᠎ᠯᠤᠭ᠎ᠠ ᠭᠤᠷᠪᠠᠨ ᠲᠠᠯ᠎ᠠ ᠵᠢᠨ ᠬᠡᠯᠡᠯᠴᠡᠭᠡᠷ ᠲᠣᠭᠲᠠᠵᠤ᠂ ᠨᠢᠭᠡᠳᠦᠭᠡᠷ ᠬᠤᠭᠤᠴᠠᠭ᠋ᠠᠨ᠎ᠤ ᠲᠡᠳᠬᠦᠨ ᠳᠡᠮᠵᠢᠬᠦ ᠪᠠᠯᠠ ᠮᠥᠩᠭᠦ ᠣᠯᠭᠤᠨ᠎ᠠ᠃ ᠮᠠᠨ᠎ᠤ ᠲᠣᠪᠴᠢᠶ᠎ᠠ ᠪᠣᠯᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ ᠪᠥᠬᠦ ᠶᠠᠪᠤᠴᠠ᠎ᠪᠠᠷ ᠵᠣᠬᠢᠶᠠᠯ ᠪᠦᠲᠦᠭᠡᠯ᠎ᠤᠨ ᠵᠣᠬᠢᠶᠠᠨ ᠪᠦᠲᠦᠭᠡᠯᠭᠡ ᠵᠢ ᠮᠥᠷᠳᠡᠨ ᠠᠬᠢᠭᠤᠯᠵᠤ᠂ ᠦᠢ᠍ᠯᠡᠳᠬᠦ ᠪᠠᠶ᠋ᠢᠭᠤᠯᠤᠮᠵᠢ ᠵᠢ ᠵᠢᠯᠣᠭᠣᠳᠣᠨ ᠦᠯᠢᠭᠡᠷ ᠪᠦᠲᠦᠭᠡᠯᠴᠢ ᠰᠡᠳᠬᠢᠮᠵᠢ ᠵᠢ ᠪᠠᠶᠠᠯᠢᠭᠵᠢᠭᠤᠯᠬᠤ᠂ ᠵᠦᠴᠦᠭᠡ ᠵᠢᠨ ᠳᠡᠪᠲᠡᠷ᠎ᠢ ᠦᠷᠦᠵᠦ᠂ ᠰᠡᠭᠦᠳᠡᠷᠯᠡᠨ ᠦᠢ᠍ᠯᠡᠳᠬᠦ ᠲᠦᠰᠦᠯ᠎ᠢ ᠲᠡᠭᠦᠯᠳᠡᠷᠵᠢᠭᠦᠯᠵᠦ ᠂ ᠫᠷᠤᠭ᠌ᠷᠠᠮ᠎ᠤᠨ ᠠᠭᠤᠯᠭ᠎ᠠ ᠵᠢ ᠴᠢᠨᠠᠷ ᠰᠠᠶ᠋ᠢᠲᠠᠶ ᠪᠡᠶᠡᠯᠡᠭᠳᠡᠬᠦ ᠵᠢ ᠪᠠᠲᠤᠯᠠᠪᠠ᠃ ᠦᠢ᠍ᠯᠡᠳᠴᠦ ᠳᠠᠭᠣᠰᠣᠭᠰᠠᠨ ᠪᠦᠭᠡᠳ ᠮᠠᠨ᠎ᠤ ᠲᠣᠪᠴᠢᠶ᠎ᠠ ᠵᠢᠨ ᠠᠩᠬᠠᠨ᠎ᠤ ᠬᠢᠨᠠᠯᠲᠠ ᠪᠠ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ ᠵᠢᠨ ᠰᠢᠯᠭ᠋ᠠᠨ ᠠᠪᠬᠤ ᠵᠢ ᠦᠩᠭᠡᠷᠡᠭᠡᠭᠰᠡᠨ ᠲᠦᠷᠦᠯ ᠵᠦᠢ᠍ᠯ᠎ᠳᠤ ᠷᠠᠳᠢᠤ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠠᠴᠠ ᠬᠤᠶᠠᠳᠤᠭ᠋ᠠᠷ ᠬᠤᠭᠤᠴᠠᠭ᠋ᠠᠨ᠎ᠤ ᠲᠡᠳᠬᠦᠨ ᠳᠡᠮᠵᠢᠬᠦ ᠪᠠᠯᠠ ᠮᠥᠩᠭᠦ ᠣᠯᠭᠣᠵᠦ ᠂ ᠰᠦᠯᠵᠢᠶᠡᠨ᠎ᠤ ᠦᠵᠡᠵᠦ ᠰᠣᠨᠣᠰᠬᠤ ᠲᠠᠪᠴᠠᠩ᠎ᠳᠤ ᠤᠬᠠᠭᠤᠯᠤᠨ ᠲᠠᠨᠢᠯᠴᠠᠭᠤᠯᠬᠤ ᠪᠠ ᠨᠡᠪᠲᠡᠷᠡᠭᠦᠯᠬᠦ ᠵᠢ ᠳᠡᠮᠵᠢᠬᠦ ᠵᠢᠨ ᠬᠠᠮᠲᠤ ᠮᠤᠵᠢ ᠵᠢᠨ ᠱᠠᠲᠤᠨ᠎ᠤ ᠣᠳᠣᠨ ᠲᠧᠯᠸᠢᠰ᠎ᠲᠤ ᠲᠠᠨᠢᠯᠴᠠᠭᠣᠯᠣᠨ ᠨᠡᠪᠲᠡᠷᠡᠭᠦᠯᠵᠦ᠂ ᠲᠥᠷᠥᠯ ᠵᠦᠢ᠍ᠯ᠎ᠤᠨ ᠳᠠᠮᠵᠢᠭᠤᠯᠬᠤ ᠬᠦᠴᠦᠨ ᠪᠠ ᠨᠥᠯᠥᠭᠡᠯᠡᠬᠦ ᠬᠦᠴᠦᠨ᠎ᠢ ᠥᠷᠭᠡᠳᠬᠡᠨ᠎ᠡ᠃
ᠭᠤᠷᠪᠠ᠂ ᠮᠡᠳᠡᠭᠦᠯᠦᠨ ᠬᠦᠷᠭᠡᠬᠦ ᠱᠠᠭ᠋ᠠᠷᠳᠠᠯᠭ᠎ᠠ
ᠭᠤᠶᠤᠴᠢᠯᠠᠨ ᠮᠡᠳᠡᠭᠦᠯᠬᠦ ᠪᠠᠶ᠋ᠢᠭᠤᠯᠤᠮᠵᠢ᠎ᠨᠢ 2025 ᠣᠨ᠎ᠤ 5 ᠳ᠋ᠤᠭ᠋ᠠᠷ ᠰᠠᠷ᠎ᠠ ᠵᠢᠨ 31᠎ᠤ ᠡᠳᠦᠷ᠎ᠠᠴᠠ ᠡᠮᠦᠨ᠎ᠡ᠂ 《ᠳᠤᠮᠳᠠᠳᠤ ᠤᠯᠤᠰ᠎ᠤᠨ ᠰᠣᠩᠭᠤᠳᠠᠭ ᠠᠷᠠᠳ᠎ᠤᠨ ᠠᠮᠠᠨ ᠥᠯᠢᠭᠡᠷ᠎ᠤᠨ ᠺᠠᠷᠲ᠋ᠣᠨ ᠵᠢᠷᠤᠭ ᠪᠠ ᠱᠣᠭ ᠵᠢᠷᠤᠭ᠎ᠤᠨ ᠵᠣᠬᠢᠶᠠᠨ ᠪᠦᠲᠦᠭᠡᠯᠭᠡ ᠵᠢᠨ ᠢᠨᠵᠧᠨᠧᠷᠢᠩ (ᠰᠦᠯᠵᠢᠶᠡᠨ᠎ᠤ ᠺᠠᠷᠲ᠋ᠣᠨ ᠺᠢᠨᠣ᠋)᠎ᠤᠨ ᠲᠡᠳᠬᠦᠨ ᠳᠡᠮᠵᠢᠬᠦ ᠲᠥᠷᠥᠯ ᠵᠦᠢ᠍ᠯ》᠎ᠤᠨ ᠭᠤᠶᠤᠴᠢᠯᠠᠨ ᠮᠡᠳᠡᠭᠦᠯᠬᠦ ᠰᠢᠰᠲ᠋ᠧᠮ (http://wldh.pingshen.nrta.gov.cn)᠎ᠤᠨ ᠳᠠᠩᠰᠠᠯᠠᠯᠲᠠ ᠵᠢᠨ ᠨᠣᠮᠧᠷᠲᠤ ᠳᠠᠩᠰᠠᠯᠠᠵᠤ᠂ ᠬᠡᠷᠡᠭᠯᠡᠭᠴᠢ ᠵᠢᠨ ᠭᠠᠷ ᠳᠡᠪᠲᠡᠷ᠎ᠢ ᠬᠢᠨᠠᠮᠠᠭ᠋ᠠᠶ ᠤᠩᠰᠢᠵᠤ᠂ ᠰᠢᠰᠲ᠋ᠧᠮ᠎ᠤᠨ ᠬᠤᠯᠪᠣᠭᠳᠠᠯ ᠪᠥᠬᠦᠶ ᠲᠣᠳᠣᠷᠬᠠᠶ᠋ᠢᠯᠠᠯᠲᠠ ᠵᠢ ᠦᠨᠳᠦᠰᠦᠯᠡᠨ᠂ ᠬᠡᠷᠡᠭᠰᠡᠬᠦ ᠮᠡᠳᠡᠭᠡ ᠵᠠᠩᠭᠢ ᠵᠢ ᠪᠦᠷᠢᠨ ᠪᠦᠲᠦᠨ ᠲᠠᠭᠯᠠᠵᠤ᠂ ᠵᠤᠬᠢᠴᠠᠭᠰᠠᠨ ᠠᠩᠬ᠎ᠠ ᠦᠨᠡᠯᠡᠭᠰᠡᠨ ᠨᠢᠭᠡᠴᠢ᠎ᠳᠤ ᠭᠤᠶᠤᠴᠢᠯᠠᠨ ᠮᠡᠳᠡᠭᠦᠯᠬᠦ ᠬᠡᠷᠡᠭᠲᠡᠶ᠃
ᠳᠥᠷᠪᠡ᠂ ᠠᠵᠢᠯ᠎ᠤᠨ ᠱᠠᠭ᠋ᠠᠷᠳᠠᠯᠭ᠎ᠠ
《ᠳᠤᠮᠳᠠᠳᠤ ᠤᠯᠤᠰ᠎ᠤᠨ ᠰᠣᠩᠭᠤᠳᠠᠭ ᠠᠷᠠᠳ᠎ᠤᠨ ᠠᠮᠠᠨ ᠥᠯᠢᠭᠡᠷ᠎ᠤᠨ ᠺᠠᠷᠲ᠋ᠣᠨ ᠵᠢᠷᠤᠭ ᠪᠠ ᠱᠣᠭ ᠵᠢᠷᠤᠭ᠎ᠤᠨ ᠵᠤᠬᠢᠶᠠᠨ ᠪᠦᠲᠦᠭᠡᠯᠭᠡ ᠵᠢᠨ ᠢᠨᠵᠸᠨ᠋ᠸᠷᠢᠩ (ᠰᠦᠯᠵᠢᠶᠡᠨ᠎ᠤ ᠺᠠᠷᠲ᠋ᠣᠨ ᠺᠢᠨᠤ᠋) 》 ᠵᠢ ᠲᠡᠳᠬᠦᠨ ᠳᠡᠮᠵᠢᠬᠦ ᠲᠥᠷᠥᠯ ᠵᠦᠢ᠍ᠯ᠎ᠢ ᠡᠯᠰᠡᠨ ᠴᠤᠭᠯᠠᠭᠤᠯᠬᠤ ᠠᠵᠢᠯᠯᠠᠭ᠎ᠠ ᠵᠢᠨ ᠴᠠᠭ ᠪᠠᠴᠢᠮ᠂ ᠡᠭᠦᠷᠭᠡ ᠬᠦᠨᠳᠦ ᠪᠤᠯᠬᠤᠷ ᠂ ᠡᠯ᠎ᠡ ᠠᠶ᠋ᠢᠮᠠᠭ ᠬᠤᠲᠠ ᠵᠢᠨ ᠷᠠᠳᠢᠣ᠋ ᠲᠧᠯᠸᠢᠰ᠎ᠤᠨ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠂ ᠡᠯ᠎ᠡ ᠨᠢᠭᠡᠴᠢᠨᠤᠭᠤᠳ ᠡᠷᠬᠡᠪᠰᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠬᠠᠷᠢᠶ᠎ᠠ ᠣᠷᠣᠨ᠎ᠤ᠎ᠪᠠᠨ ᠳᠣᠲᠣᠷᠠᠬᠢ ᠬᠠᠮᠢᠶ᠎ᠠ ᠪᠥᠬᠦᠶ ᠪᠠᠶ᠋ᠢᠭᠤᠯᠤᠮᠵᠢ ᠪᠣᠯᠤᠨ ᠲᠣᠰ ᠨᠢᠭᠡᠴᠢ ᠵᠢᠨ ᠬᠤᠯᠪᠣᠭᠳᠠᠯ ᠪᠥᠬᠦᠶ ᠰᠠᠯᠠᠭ᠎ᠠ ᠮᠥᠴᠢᠷ᠎ᠢ ᠬᠢᠨᠠᠮᠠᠭ᠋ᠠᠶ ᠵᠣᠬᠢᠶᠠᠨ ᠪᠠᠶ᠋ᠢᠭᠤᠯᠤᠨ ᠢᠳᠡᠪᠬᠢᠲᠡᠶ ᠣᠷᠣᠯᠴᠠᠭᠤᠯᠬᠤ ᠵᠢᠨ ᠬᠠᠮᠲᠤ ᠂ ᠦᠵᠡᠵᠦ ᠰᠣᠨᠣᠰᠬᠤ ᠫᠷᠤᠭ᠌ᠷᠠᠮ᠎ᠤᠨ ᠰᠦᠯᠵᠢᠶᠡᠨ᠎ᠤ ᠦᠷᠲᠡᠭᠡ᠎ᠳᠤ ᠂ ᠰᠢᠯᠵᠢᠮᠡᠯ ᠬᠡᠷᠡᠭᠯᠡᠭᠴᠢ ᠵᠢᠨ ᠦᠵᠦᠭᠦᠷ᠎ᠤᠨ ᠲᠦᠷᠦᠭᠦᠦ ᠨᠢᠭᠤᠷ᠎ᠲᠤ ᠲᠣᠰ ᠤᠳᠠᠭ᠋ᠠᠨ᠎ᠤ ᠲᠥᠷᠥᠯ ᠵᠦᠢ᠍ᠯ᠎ᠢ ᠴᠤᠭᠯᠠᠭᠤᠯᠬᠤ ᠠᠵᠢᠯᠯᠠᠭ᠎ᠠ ᠵᠢᠨ ᠮᠡᠳᠡᠭᠡ ᠵᠠᠩᠭᠢ ᠵᠢ ᠨᠡᠢ᠌ᠲᠡᠯᠡᠭᠡᠷᠡᠢ ᠃
ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠷᠠᠳᠢᠣ᠋ ᠲᠧᠯᠸᠢᠰ᠎ᠤᠨ ᠲᠤᠪᠴᠢᠶ᠎ᠠ
2025 ᠣᠨ᠎ᠤ 4 ᠳ᠋ᠦ᠍ᠭᠡᠷ ᠰᠠᠷ᠎ᠠ ᠵᠢᠨ 21᠎ᠤ ᠡᠳᠦᠷ