ᠦᠵᠡᠵᠦ ᠰᠣᠨᠣᠰᠬᠤ ᠵᠢᠨ ᠤᠮᠠᠷᠠᠲᠤ ᠬᠢᠯᠢ ᠵᠢᠨ 《ᠵᠢᠭᠣᠯᠴᠢᠯᠠᠯ》 ᠲᠠ ᠰᠦᠯᠵᠢᠶᠡᠨ᠎ᠤ ᠣᠬᠣᠷ ᠹᠢᠯᠢᠮ᠎ᠢ ᠰᠡᠭᠦᠳᠡᠷᠯᠡᠬᠦ ᠣᠷᠣᠯᠳᠣᠭ᠋ᠠᠨ᠎ᠢ ᠡᠷᠬᠢᠯᠡᠬᠦ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ ᠵᠢᠨ ᠮᠡᠳᠡᠭᠳᠡᠯ
2025-06-11

      ᠡᠯ᠎ᠡ ᠠᠶ᠋ᠢᠮᠠᠭ ᠬᠤᠲᠠ ᠪᠠ ᠮᠠᠨᠵᠤᠤᠷ ᠬᠤᠲᠠ᠂ ᠡᠷᠢᠶᠡᠨ ᠬᠤᠲᠠ ᠵᠢᠨ ᠷᠠᠳᠢᠣ᠋ ᠲᠧᠯᠸᠢᠰ᠎ᠤᠨ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠂ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠂ ᠦᠢ᠍ᠯᠡᠳᠦᠯᠭᠡ ᠰᠡᠳᠬᠦᠯ᠎ᠤᠨ ᠬᠤᠷᠢᠶ᠎ᠠ᠂ ᠥᠪᠥᠷ ᠮᠣᠩᠭᠤᠯ᠎ᠤᠨ ᠷᠠᠳᠢᠣ᠋ ᠲᠧᠯᠸᠢᠰ ᠬᠤᠷᠢᠶ᠎ᠠ᠂ ᠥᠪᠥᠷ ᠮᠣᠩᠭᠤᠯ᠎ᠤᠨ ᠺᠢᠨᠣ᠋ ᠵᠢᠨ ᠪᠦᠯᠦᠭᠯᠡᠯ᠎ᠤᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ᠂ ᠡᠯ᠎ᠡ  ᠬᠣᠯᠪᠣᠭᠳᠠᠯ  ᠪᠦᠬᠦᠢ ᠳᠡᠭᠡᠳᠦ ᠰᠤᠷᠭ᠋ᠠᠭᠤᠯᠢ (ᠬᠦᠷᠢᠶᠡᠯᠡᠩ ᠰᠠᠯᠪᠤᠷᠢ)᠂ ᠲᠥᠪ᠎ᠤᠨ ᠵᠠᠭᠤᠴᠢᠯᠠᠭᠤᠷ᠎ᠤᠨ ᠣᠷᠣᠨ᠎ᠳᠤ ᠰᠠᠭᠤᠭ᠎ᠠ ᠨᠢᠭᠡᠴᠢ᠎ᠳᠤ᠄

      ᠨᠠᠮ᠎ᠤᠨ ᠬᠤᠷᠢᠳᠤᠭ᠋ᠠᠷ ᠶᠡᠭᠡ ᠬᠤᠷᠠᠯ ᠪᠣᠯᠣᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠬᠤᠶᠠᠳᠤᠭ᠋ᠠᠷ᠂ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠲᠣᠭᠣᠰᠢᠯᠠᠭᠣᠯᠬᠤ ᠵᠢᠨ ᠲᠣᠰᠠᠳᠠ ᠂ ᠷᠠᠳᠢᠣ᠋ ᠲᠧᠯᠸᠢᠰ᠎ᠤᠨ ᠦᠵᠡᠵᠦ ᠰᠣᠨᠣᠰᠬᠤ ᠦᠢ᠍ᠯᠡᠳᠦᠯ᠎ᠢ ᠪᠠᠳᠠᠷᠠᠭᠤᠯᠤᠨ᠂ ᠰᠣᠶᠣᠯ ᠵᠢᠭᠤᠯᠴᠢᠯᠠᠯ᠎ᠢ ᠠᠭᠤᠰᠤᠯᠴᠠᠭᠤᠯᠤᠨ  ᠬᠦᠭᠵᠢᠭᠦᠯᠬᠦ᠎ᠳᠤ ᠬᠦᠴᠦᠨ ᠨᠡᠮᠡᠷᠢᠯᠡᠵᠦ ᠂ ᠤᠮᠠᠷᠠᠲᠤ ᠬᠢᠯᠢ ᠵᠢᠨ ᠰᠣᠶᠣᠯ᠎ᠤᠨ ᠪᠠᠶ᠋ᠢᠭᠤᠯᠤᠯᠲᠠ ᠵᠢ ᠳᠡᠭᠡᠭᠰᠢᠯᠡᠭᠦᠯᠬᠦ ᠠᠵᠢᠯᠯᠠᠭ᠎ᠠ᠎ᠳᠤ ᠬᠦᠴᠦᠨ  ᠨᠡᠮᠡᠷᠢᠯᠡᠪᠡ ᠃ ᠥᠪᠡᠷᠲᠡᠭᠡᠨ ᠵᠠᠰᠠᠬᠤ ᠣᠷᠣᠨ᠎ᠤ  ᠷᠠᠳᠢᠤ᠋  ᠲᠧᠯᠸᠢᠰ᠎ᠤᠨ ᠲᠣᠪᠴᠢᠶ᠎ᠠ ᠵᠢᠨ  ᠦᠵᠡᠵᠦ ᠰᠣᠨᠣᠰᠬᠤ ᠵᠢᠨ ᠤᠮᠠᠷᠠᠲᠤ ᠬᠢᠯᠢ ᠵᠢᠨ 《  ᠵᠢᠭᠣᠯᠴᠢᠯᠠᠯ 》  ᠲᠠ ᠰᠦᠯᠵᠢᠶᠡᠨ᠎ᠤ ᠣᠬᠣᠷ ᠹᠢᠯᠢᠮ᠎ᠢ ᠰᠡᠭᠦᠳᠡᠷᠯᠡᠬᠦ  ᠤᠷᠤᠯᠳᠤᠭ᠋ᠠᠨ᠎ᠢ ᠡᠷᠬᠢᠯᠡᠵᠦ ᠂ ᠡᠳᠦᠭᠡ ᠤᠷᠤᠯᠳᠤᠭ᠋ᠠᠨ᠎ᠤ ᠬᠣᠯᠪᠣᠭᠳᠠᠯ ᠪᠦᠬᠦᠢ ᠤᠴᠢᠷ᠎ᠢ ᠳᠣᠣᠷᠠᠬᠢ ᠮᠡᠲᠦ  ᠮᠡᠳᠡᠭᠳᠡᠶ᠎ᠡ᠃

      ᠨᠢᠭᠡ᠂ ᠤᠷᠤᠯᠳᠤᠭ᠋ᠠᠨ᠎ᠤ ᠭᠤᠤᠯ ᠰᠡᠳᠦᠪ

      ᠤᠷᠤᠯᠳᠤᠭ᠋ᠠᠨ᠎ᠨᠢ 《  ᠦᠵᠡᠵᠦ ᠰᠣᠨᠣᠰᠬᠤ ᠵᠢᠨ  ᠤᠮᠠᠷᠠᠲᠤ ᠬᠢᠯᠢ ᠵᠢᠨ 〈  ᠵᠢᠭᠣᠯᠴᠢᠯᠠᠯ〉᠎ᠢ ᠲᠠ ᠰᠡᠭᠦᠳᠡᠷᠯᠡᠬᠦ》᠎ᠪᠠᠷ ᠭᠤᠣᠯ  ᠰᠡᠳᠦᠪ  ᠪᠣᠯᠭ᠋ᠠᠵᠤ᠂  ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ  ᠴᠣᠭᠴᠠ ᠵᠢᠨ  ᠤᠬᠠᠮᠰᠠᠷ᠎ᠢ ᠪᠠᠲᠤ ᠪᠠᠬᠢ  ᠴᠣᠭᠴᠠᠯᠠᠬᠤ ᠠᠵᠢᠯ᠎ᠤᠨ ᠭᠤᠣᠯ ᠱᠤᠭᠤᠮ᠎ᠢ ᠪᠠᠷᠢᠮᠲᠠᠯᠠᠵᠤ᠂  ᠭᠤᠣᠯᠳᠠᠭᠤ  ᠥᠪᠥᠷ  ᠮᠣᠩᠭᠤᠯ᠎ᠤᠨ  ᠡᠯᠪᠡᠭ  ᠪᠠᠶᠠᠯᠢᠭ  ᠰᠣᠶᠣᠯ  ᠪᠠ  ᠵᠢᠭᠤᠯᠴᠢᠯᠠᠯ᠎ᠤᠨ  ᠡᠬᠢ ᠪᠠᠶᠠᠯᠢᠭ᠎ᠲᠤ ᠠᠩᠬᠠᠷᠤᠯ ᠵᠶ᠋ᠠᠨ ᠲᠥᠪᠯᠡᠷᠡᠭᠦᠯᠵᠦ᠂ 《  ᠠᠶᠠᠯᠭᠣᠲᠣ ᠵᠢᠭᠣᠯᠴᠢᠯᠠᠯ ᠦᠪᠦᠷ ᠮᠣᠩᠭᠣᠯ 》  ᠨᠡᠷᠡᠲᠦ ᠲᠡᠮᠳᠡᠭᠲᠦ ᠵᠢ ᠬᠦᠴᠦᠷᠬᠡᠭᠵᠢᠭᠦᠯᠬᠦ᠎ᠪᠠᠷ ᠳᠠᠮᠵᠢᠨ ᠂ 《  ᠦᠪᠡᠷ ᠵᠶ᠋ᠡᠨ ᠮᠠᠰᠢᠨ ᠪᠠᠷᠢᠵᠦ ᠵᠢᠭᠣᠯᠴᠢᠯᠠᠬᠤ ᠵᠢᠨ  ᠲᠡᠷᠢᠭᠦᠨ  ᠰᠣᠩᠭᠤᠯᠲᠠ ᠵᠢᠨ  ᠭᠠᠵᠠᠷ ᠂ ᠬᠡᠭᠡᠷ᠎ᠡ   ᠪᠠᠭᠣᠳᠠᠯᠯᠠᠵᠦ ᠵᠢᠭᠣᠯᠴᠢᠯᠠᠬᠤ᠎ᠤᠨ  ᠰᠠᠢ᠌ᠨ ᠰᠣᠩᠭᠣᠯᠲᠠ ᠵᠢᠨ  ᠭᠠᠵᠠᠷ᠂  ᠠᠮᠠᠷᠠᠨ ᠰᠡᠯᠡᠭᠦᠴᠡᠵᠦ ᠵᠢᠭᠣᠯᠴᠢᠯᠠᠬᠤ ᠣᠬᠢ ᠰᠣᠩᠭᠣᠯᠲᠠ ᠵᠢᠨ  ᠭᠠᠵᠠᠷ᠂ ᠡᠷᠡᠭᠦᠯᠵᠢᠯ ᠰᠤᠪᠢᠯᠠᠯᠲᠠ ᠵᠢᠨ  ᠵᠢᠭᠣᠯᠴᠢᠯᠠᠯ᠎ᠤᠨ  ᠰᠢᠯᠢᠳᠡᠭ ᠰᠣᠩᠭᠤᠯᠲᠠ ᠵᠢᠨ ᠭᠠᠵᠠᠷ》᠎ᠤᠨ IP ᠵᠢ  ᠲᠡᠰ ᠳᠡᠪᠰᠢᠭᠦᠯᠦᠨ  ᠪᠣᠢ ᠪᠣᠯᠭ᠋ᠠᠵᠦ ᠂ 《ᠳᠥᠷᠪᠡᠨ ᠤᠯᠠᠷᠢᠯ》᠎ᠤᠨ ᠨᠡᠷ᠎ᠡ ᠵᠢᠨ ᠬᠠᠭᠤᠳᠠᠰᠤ ᠵᠢ ᠦᠷᠭᠦᠯᠵᠢᠯᠡᠨ  ᠭᠡᠷᠡᠯᠲᠦᠭᠦᠯᠵᠦ ᠂ ᠠᠶᠠᠯᠭᠣᠲᠣ ᠵᠢᠭᠣᠯᠴᠢᠯᠠᠯ ᠦᠪᠦᠷ ᠮᠣᠩᠭᠣᠯ᠎ᠤᠨ 《ᠷᠣᠮᠠᠨᠲ᠋ᠢᠭ ᠬᠠᠪᠤᠷ》᠂ 《ᠰᠡᠷᠢᠭᠦᠨ ᠵᠤᠨ 》 《ᠭᠣᠢ᠌ᠳᠠ  ᠨᠠᠮᠤᠷ》᠂         《ᠭᠠᠶ᠋ᠢᠬᠠᠮᠰᠢᠭᠲᠤ ᠡᠪᠦᠯ》᠎ᠤᠨ  ᠳᠥᠷᠪᠡᠨ ᠤᠯᠠᠷᠢᠯ᠎ᠤᠨ ᠵᠢᠭᠤᠯᠴᠢᠯᠠᠯ᠎ᠤᠨ  ᠨᠡᠷᠡᠲᠤ ᠲᠡᠮᠳᠡᠭᠲᠦ ᠵᠢ  ᠴᠤᠤᠷᠢᠶᠠᠲᠤᠭᠤᠯᠵᠤ᠂ ᠥᠪᠥᠷ  ᠮᠣᠩᠭᠤᠯ᠎ᠤᠨ  ᠰᠦᠷᠯᠢᠭ  ᠰᠠᠢ᠌ᠬᠠᠨ ᠪᠠᠶ᠋ᠢᠭ᠋ᠠᠯᠢ ᠵᠢᠨ ᠥᠩᠭᠡ ᠦᠵᠡᠮᠵᠢ᠂ ᠥᠨᠢ ᠤᠳᠠᠭ᠋ᠠᠨ ᠲᠡᠦᠬᠡ ᠰᠣᠶᠣᠯ  ᠵᠡᠷᠭᠡ ᠵᠢ  ᠳᠡᠯᠭᠡᠨ  ᠦᠵᠡᠭᠦᠯᠬᠦ ᠵᠢ ᠵᠤᠬᠢᠶᠠᠨ ᠪᠦᠲᠦᠭᠡᠵᠦ ᠂  ᠣᠮᠠᠷᠠᠲᠤ ᠬᠢᠯᠢ ᠵᠢᠨ ᠰᠣᠶᠣᠯ᠎ᠤᠨ ᠠᠭᠣᠯᠬᠣᠨ᠎ᠳᠤ ᠬᠦᠨᠵᠡᠭᠡᠢ ᠠᠭᠣᠰᠬᠠᠵᠦ᠂  ᠥᠪᠥᠷ ᠮᠣᠩᠭᠤᠯ᠎ᠤᠨ  ᠰᠣᠶᠣᠯ ᠵᠢᠭᠣᠯᠴᠢᠯᠠᠯ᠎ᠤᠨ ᠦᠯᠢᠭᠡᠷ᠎ᠢ ᠰᠠᠢ᠌ᠲᠤᠷ ᠶᠠᠷᠢᠨ᠎ᠠ ᠃

      ᠬᠤᠶᠠᠷ᠂ ᠡᠯᠰᠡᠬᠦ ᠲᠥᠷᠥᠯ

      ᠤᠷᠤᠯᠳᠤᠭ᠋ᠠᠨ᠎ᠢ  ᠨᠡᠶ᠋ᠢᠭᠡᠮ᠎ᠤᠨ ᠤᠷᠤᠯᠳᠤᠭ᠋ᠠᠨ᠎ᠤ ᠵᠠᠮ ᠪᠠ ᠶᠡᠭᠡ ᠳᠡᠭᠡᠳᠦ ᠰᠤᠷᠭ᠋ᠠᠭᠤᠯᠢ ᠵᠢᠨ ᠤᠷᠤᠯᠳᠤᠭ᠋ᠠᠨ᠎ᠤ ᠵᠠᠮ  ᠭᠡᠵᠦ ᠬᠤᠪᠢᠶᠠᠵᠦ᠂  ᠲᠣᠰ ᠲᠣᠰ ᠣᠬᠤᠷ      ᠸᠢᠳᠢᠣ᠋᠂ ᠰᠦᠯᠵᠢᠶᠡᠨ᠎ᠤ ᠪᠢᠴᠢᠯ ᠪᠠᠷᠢᠮᠲᠠᠲᠤ ᠺᠢᠨᠣ᠋᠂ ᠰᠦᠯᠵᠢᠶᠡᠨ᠎ᠤ ᠪᠢᠴᠢᠯ ᠺᠢᠨᠣ᠋᠂ ᠰᠦᠯᠵᠢᠶᠡᠨ᠎ᠤ ᠪᠢᠴᠢᠯ ᠣᠬᠤᠷ ᠵᠦᠴᠦᠭᠡ ᠵᠡᠷᠭᠡ ᠪᠦᠲᠦᠭᠡᠯ᠎ᠢ  ᠡᠯᠰᠡᠨ᠎ᠡ ᠃

      ᠭᠤᠷᠪᠠ᠂ ᠤᠷᠤᠯᠳᠤᠭ᠋ᠠᠨ᠎ᠳᠤ ᠣᠷᠣᠯᠴᠠᠬᠤ ᠡᠲᠡᠭᠡᠳ

      ᠤᠷᠤᠯᠳᠤᠭ᠋ᠠᠨ᠎ᠳᠤ ᠣᠷᠣᠨ᠎ᠤ ᠳᠣᠲᠣᠷ᠎ᠠ ᠭᠠᠳᠠᠨᠠᠬᠢ ᠡᠯ᠎ᠡ ᠡᠲᠡᠭᠡᠳ᠎ᠤᠨ᠎ᠬᠢᠨ᠎ᠤ ᠤᠷᠤᠯᠳᠤᠭ᠋ᠠᠨ᠎ᠤ ᠭᠣᠣᠯ ᠰᠡᠳᠦᠪ᠎ᠤᠨ ᠲᠣᠭᠣᠷᠢᠨ᠎ᠳᠤ ᠢᠳᠡᠪᠬᠢᠲᠡᠢ ᠣᠷᠣᠯᠴᠠᠬᠤ ᠵᠢ ᠴᠢᠩ ᠰᠡᠳᠭᠢᠯ᠎ᠠᠴᠠ᠎ᠪᠠᠨ ᠤᠷᠢᠵᠤ  ᠪᠠᠢ᠌ᠨ᠎ᠠ ᠃ ᠤᠷᠤᠯᠳᠤᠭ᠋ᠠᠨ᠎ᠳᠤ ᠣᠷᠣᠯᠴᠠᠬᠤ ᠡᠲᠡᠭᠡᠳ᠎ᠨᠢ ᠡᠯ᠎ᠡ ᠨᠠᠮ ᠵᠠᠰᠠᠭ᠎ᠤᠨ ᠪᠠᠶ᠋ᠢᠭᠤᠯᠭ᠎ᠠ᠂ ᠠᠵᠤ ᠠᠬᠤᠶ᠋ᠢᠯᠠᠯ ᠠᠵᠢᠯ ᠦᠢ᠍ᠯᠡᠰ᠎ᠤᠨ  ᠨᠢᠭᠡᠴᠢ ᠂ ᠨᠡᠶ᠋ᠢᠭᠡᠮ᠎ᠤᠨ ᠪᠦᠯᠬᠦᠮ᠂ ᠶᠡᠭᠡ ᠳᠡᠭᠡᠳᠦ ᠰᠤᠷᠭ᠋ᠠᠭᠤᠯᠢ᠂ ᠰᠣᠨᠢᠨ ᠮᠡᠳᠡᠭᠡᠨ᠎ᠤ ᠵᠠᠭᠤᠴᠢᠯᠠᠭᠤᠷ᠂ ᠺᠢᠨᠣ᠋ ᠲᠧᠯᠸᠢᠰ ᠦᠢ᠍ᠯᠡᠳᠬᠦ ᠪᠠᠶ᠋ᠢᠭᠤᠯᠤᠮᠵᠢ᠂ ᠷᠠᠳᠢᠣ᠋ ᠲᠧᠯᠸᠢᠰ᠎ᠤᠨ ᠨᠡᠪᠲᠡᠷᠡᠭᠦᠯᠬᠦ ᠪᠠᠶ᠋ᠢᠭᠤᠯᠤᠮᠵᠢ᠂ ᠰᠦᠯᠵᠢᠶᠡᠨ᠎ᠤ ᠦᠵᠡᠵᠦ ᠰᠣᠨᠣᠰᠬᠤ ᠫᠷᠤᠭ᠌ᠷᠠᠮ᠎ᠤᠨ ᠦᠢ᠍ᠯᠡᠴᠢᠯᠡᠭᠡᠨ᠎ᠤ ᠪᠠᠶ᠋ᠢᠭᠤᠯᠤᠮᠵᠢ ᠵᠢᠴᠢ ᠰᠦᠯᠵᠢᠶᠡᠨ᠎ᠤ ᠣᠬᠤᠷ ᠹᠢᠯᠢᠮ᠎ᠢ ᠵᠣᠬᠢᠶᠠᠨ ᠪᠦᠲᠦᠭᠡᠬᠦ ᠤᠷᠮ᠎ᠠ ᠪᠠᠬ᠎ᠠ᠎ᠲᠠᠢ ᠵᠣᠬᠢᠶᠠᠨ ᠪᠠᠶ᠋ᠢᠭᠤᠯᠤᠯᠲᠠ ᠪᠠ ᠬᠤᠪᠢ ᠬᠥᠮᠦᠨ᠎ᠢ  ᠪᠠᠭᠲᠠᠭ᠋ᠠᠬᠤ  ᠪᠣᠯᠪᠠᠴᠤ ᠬᠢᠵᠠᠭ᠋ᠠᠷᠯᠠᠭᠳᠠᠬᠤ ᠦᠭᠡᠢ᠃

      ᠳᠥᠷᠪᠡ᠂ ᠰᠢᠯᠢᠳᠡᠭ᠎ᠢ᠎ᠨᠢ ᠲᠠᠨᠢᠯᠴᠠᠭᠣᠯᠬᠤ ᠵᠢ ᠳᠡᠳᠬᠦᠨ ᠳᠡᠮᠵᠢᠬᠦ

      ᠤᠷᠤᠯᠳᠤᠭ᠋ᠠᠨ ᠎ᠨᠢ  ᠨᠡᠶ᠋ᠢᠭᠡᠮ᠎ᠤᠨ ᠤᠷᠤᠯᠳᠤᠭ᠋ᠠᠨ᠎ᠤ ᠵᠠᠮ ᠪᠠ ᠶᠡᠭᠡ ᠳᠡᠭᠡᠳᠦ ᠰᠤᠷᠭ᠋ᠠᠭᠤᠯᠢ ᠵᠢᠨ ᠤᠷᠤᠯᠳᠤᠭ᠋ᠠᠨ᠎ᠤ ᠵᠠᠮ  ᠭᠡᠵᠦ ᠬᠤᠪᠢᠶᠠᠨ  ᠲᠣᠰ ᠲᠣᠰ ᠲᠡᠳᠬᠦᠨ  ᠳᠡᠮᠵᠢᠨ᠎ᠡ ᠄

      ᠨᠢᠭᠡᠳᠦᠭᠡᠷ ᠲᠥᠷᠥᠯ᠎ᠤᠨ ᠪᠦᠲᠦᠭᠡᠯ᠎ᠳᠤ  ᠲᠣᠰ ᠲᠣᠰ 3 ᠨᠡᠷᠡᠰ᠂  ᠲᠡᠳᠬᠦᠨ ᠳᠡᠮᠵᠢᠬᠦ  ᠪᠠᠯᠠ ᠮᠥᠩᠭᠦ 10000 ᠲᠥᠭᠦᠷᠢᠭ /  ᠢᠵᠢ ᠪᠠᠢ᠌ᠵᠦ᠂  ᠢᠷᠠᠭᠤ ᠠᠯᠳᠠᠷ᠎ᠤᠨ ᠦᠨᠡᠮᠯᠡᠯ ᠣᠯᠭᠤᠨ᠎ᠠ ᠂

      ᠬᠣᠶᠠᠳᠣᠭ᠋ᠠᠷ  ᠲᠥᠷᠥᠯ᠎ᠤᠨ ᠪᠦᠲᠦᠭᠡᠯ᠎ᠳᠤ  ᠲᠣᠰ ᠲᠣᠰ 6  ᠨᠡᠷᠡᠰ᠂  ᠲᠡᠳᠬᠦᠨ ᠳᠡᠮᠵᠢᠬᠦ  ᠪᠠᠯᠠ ᠮᠥᠩᠭᠦ 5000  ᠲᠥᠭᠦᠷᠢᠭ /  ᠢᠵᠢ ᠪᠠᠢ᠌ᠵᠦ᠂  ᠢᠷᠠᠭᠤ ᠠᠯᠳᠠᠷ᠎ᠤᠨ ᠦᠨᠡᠮᠯᠡᠯ ᠣᠯᠭᠤᠨ᠎ᠠ ᠂

      ᠭᠣᠷᠪᠠᠳᠣᠭ᠋ᠠᠷ  ᠲᠥᠷᠥᠯ᠎ᠤᠨ ᠪᠦᠲᠦᠭᠡᠯ᠎ᠳᠤ  ᠲᠣᠰ ᠲᠣᠰ 9  ᠨᠡᠷᠡᠰ᠂  ᠲᠡᠳᠬᠦᠨ ᠳᠡᠮᠵᠢᠬᠦ  ᠪᠠᠯᠠ ᠮᠥᠩᠭᠦ 3000  ᠲᠥᠭᠦᠷᠢᠭ /  ᠢᠵᠢ ᠪᠠᠢ᠌ᠵᠦ᠂  ᠢᠷᠠᠭᠤ ᠠᠯᠳᠠᠷ᠎ᠤᠨ ᠦᠨᠡᠮᠯᠡᠯ ᠣᠯᠭᠤᠨ᠎ᠠ ᠂

      ᠬᠠᠮᠣᠭ᠎ᠤᠨ ᠰᠢᠯᠢᠳᠡᠭ ᠳᠠᠮᠵᠢᠭᠣᠯᠭ᠎ᠠ ᠵᠢᠨ  ᠲᠥᠷᠥᠯ᠎ᠤᠨ ᠪᠦᠲᠦᠭᠡᠯ᠎ᠳᠤ  ᠲᠣᠰ ᠲᠣᠰ 5  ᠨᠡᠷᠡᠰ᠂  ᠲᠡᠳᠬᠦᠨ ᠳᠡᠮᠵᠢᠬᠦ  ᠪᠠᠯᠠ ᠮᠥᠩᠭᠦ 2000 ᠲᠥᠭᠦᠷᠢᠭ /  ᠢᠵᠢ ᠪᠠᠢ᠌ᠵᠦ᠂  ᠢᠷᠠᠭᠤ  ᠠᠯᠳᠠᠷ᠎ᠤᠨ ᠦᠨᠡᠮᠯᠡᠯ ᠣᠯᠭᠤᠨ᠎ᠠ ᠂

      ᠰᠢᠯᠢᠳᠡᠭ  ᠪᠦᠲᠦᠭᠡᠯ᠎ᠳᠤ  ᠲᠣᠰ ᠲᠣᠰ 20  ᠨᠡᠷᠡᠰ᠂  ᠰᠢᠯᠢᠳᠡᠭ ᠵᠤᠬᠢᠶᠠᠨ ᠪᠠᠢ᠌ᠭᠣᠯᠣᠯᠲᠠ ᠵᠢᠨ ᠱᠠᠨᠩᠨᠠᠯ 20 ᠨᠡᠷᠡᠰ ᠪᠠᠢ᠌ᠵᠦ᠂  ᠢᠷᠠᠭᠤ ᠠᠯᠳᠠᠷ᠎ᠤᠨ ᠦᠨᠡᠮᠯᠡᠯ ᠣᠯᠭᠤᠨ᠎ᠠ ᠃

      ᠲᠠᠪᠤ᠂ ᠤᠷᠤᠯᠳᠤᠭ᠋ᠠᠨ᠎ᠳᠤ ᠣᠷᠣᠯᠴᠠᠬᠤ ᠱᠠᠭ᠋ᠠᠷᠳᠠᠯᠭ᠎ᠠ

      (ᠨᠢᠭᠡ) ᠡᠯᠰᠡᠬᠦ ᠬᠤᠭᠤᠴᠠᠭ᠎ᠠ

      ᠡᠨᠡ ᠡᠳᠦᠷ᠎ᠠᠴᠠ ᠡᠬᠢᠯᠡᠨ 2025 ᠣᠨ᠎ᠤ 8  ᠳ᠋ᠤᠭ᠋ᠠᠷ  ᠰᠠᠷ᠎ᠠ ᠵᠢᠨ ᠰᠡᠭᠦᠯᠴᠢ  ᠪᠣᠯᠲᠠᠯ᠎ᠠ

      (ᠬᠤᠶᠠᠷ)  ᠪᠦᠲᠦᠭᠡᠯ᠎ᠤᠨ ᠱᠠᠭ᠋ᠠᠷᠳᠠᠯᠭ᠎ᠠ

      1. ᠪᠦᠲᠦᠭᠡᠯ᠎ᠤᠨ ᠨᠢᠭᠡᠳᠦᠭᠡᠷ  ᠨᠡᠪᠲᠡᠷᠡᠭᠦᠯᠭᠡ ᠵᠢᠨ  ᠲᠠᠪᠴᠠᠩ ᠎ᠨᠢ  ᠢᠨᠲ᠋ᠧᠷ ᠰᠦᠯᠵᠢᠶ᠎ᠡ ᠪᠤᠶᠤ ᠰᠢᠯᠵᠢᠮᠡᠯ ᠢᠨᠲ᠋ᠧᠷ ᠰᠦᠯᠵᠢᠶ᠎ᠡ  ᠪᠠᠢ᠌ᠬᠤ ᠬᠡᠷᠡᠭᠲᠡᠢ ᠂ ᠺᠢᠨᠣ᠋ ᠵᠢᠨ ᠣᠷᠳᠣᠨ᠂ ᠲᠧᠯᠸᠢᠰ ᠬᠣᠷᠢᠶ᠎ᠠ᠎ᠳᠤ ᠠᠩᠬ᠎ᠠ  ᠨᠡᠪᠲᠡᠷᠡᠭᠦᠯᠦᠭᠰᠡᠨ  ᠫᠷᠤᠭ᠌ᠷᠠᠮ᠎ᠢ ᠰᠢᠯᠭ᠋ᠠᠷᠠᠭᠣᠯᠣᠯᠲᠠ᠎ᠳᠤ  ᠣᠷᠣᠯᠴᠠᠭᠣᠯᠵᠦ  ᠪᠣᠯᠬᠤ ᠦᠭᠡᠶ᠃

      2. ᠪᠦᠲᠦᠭᠡᠯ᠎ᠤᠨ ᠬᠡᠯᠪᠡᠷᠢ᠎ᠨᠢ MP4᠂ MOV᠂ MPG ᠪᠠᠶ᠋ᠢᠵᠤ᠂ ᠢᠯᠭ᠋ᠠᠮᠵᠢ᠎ᠨᠢ 1920 × 1080 (ᠬᠥᠨᠳᠡᠯᠡᠨ ᠳᠡᠯᠭᠡᠴᠡ)᠂ 1080 × 1920 (ᠪᠣᠰᠤᠭ᠎ᠠ ᠳᠡᠯᠭᠡᠴᠡ)᠎ᠠᠴᠠ ᠳᠣᠣᠷ᠎ᠠ ᠪᠠᠢ᠌ᠵᠦ ᠪᠣᠯᠬᠤ ᠦᠭᠡᠢ᠂ ᠳᠡᠯᠭᠡᠴᠡ ᠵᠢᠨ ᠬᠤᠷᠳᠤᠴᠠ᠎ᠨᠢ 25 ᠳᠡᠯᠭᠡᠴᠡ / ᠰᠧᠺᠦ᠋ᠨ᠋ᠳ᠋᠎ᠠᠴᠠ ᠳᠣᠣᠷ᠎ᠠ ᠪᠠᠢ᠌ᠵᠦ ᠪᠣᠯᠬᠤ ᠦᠭᠡᠢ᠃ ᠪᠦᠲᠦᠭᠡᠯ᠎ᠨᠢ ᠵᠠᠪᠠᠯ ᠬᠤᠷᠢᠶᠠᠨ᠎ᠤ ᠲᠡᠮᠳᠡᠭ᠂ ᠥᠨᠴᠥᠭ᠎ᠤᠨ ᠲᠡᠮᠳᠡᠭ᠎ᠢ ᠠᠪᠴᠦ ᠬᠠᠶᠠᠬᠤ ᠬᠡᠷᠡᠭᠲᠡᠢ᠂ ᠳᠡᠯᠭᠡᠴᠡ ᠵᠢᠨ ᠦᠰᠦᠭ᠎ᠤᠨ ᠬᠢᠨᠠᠨ ᠬᠠᠷᠭᠣᠭᠣᠯᠣᠯᠲᠠ᠎ᠨᠢ ᠵᠦᠪ ᠣᠨᠣᠪᠴᠢᠲᠠᠢ ᠪᠠᠢ᠌ᠬᠤ ᠬᠡᠷᠡᠭᠲᠡᠢ᠃

      3. ᠣᠬᠤᠷ ᠸᠢᠳᠢᠤ᠋ ᠵᠢᠨ ᠴᠠᠭ᠎ᠤᠨ ᠣᠷᠲᠤ᠎ᠨᠢ ᠶᠡᠷᠦ᠎ᠳᠤ᠎ᠪᠠᠨ 5 ᠮᠢᠨᠦ᠋ᠲ᠎ᠠᠴᠠ ᠬᠡᠲᠦᠷᠡᠵᠦ ᠪᠣᠯᠬᠤ  ᠦᠭᠡᠢ᠂ ᠰᠦᠯᠵᠢᠶᠡᠨ᠎ᠤ  ᠪᠢᠴᠢᠯ ᠪᠠᠷᠢᠮᠲᠠᠲᠤ ᠺᠢᠨᠤ᠋ ᠵᠢᠨ ᠴᠠᠭ᠎ᠤᠨ  ᠤᠷᠲᠤ᠎ᠨᠢ  ᠶᠡᠷᠦ᠎ᠳᠤ᠎ᠪᠠᠨ 30 ᠮᠢᠨᠦ᠋ᠲ᠎ᠠᠴᠠ ᠬᠡᠲᠦᠷᠡᠵᠦ ᠪᠣᠯᠬᠤ  ᠦᠭᠡᠢ᠂ ᠰᠦᠯᠵᠢᠶᠡᠨ᠎ᠤ  ᠪᠢᠴᠢᠯ ᠺᠢᠨᠤ᠋ ᠵᠢᠨ ᠴᠠᠭ᠎ᠤᠨ  ᠤᠷᠲᠤ ᠎ᠨᠢ 60 ᠮᠢᠨᠦ᠋ᠲ᠎ᠠᠴᠠ ᠬᠡᠲᠦᠷᠡᠵᠦ ᠪᠣᠯᠬᠤ  ᠦᠭᠡᠢ᠂ ᠰᠦᠯᠵᠢᠶᠡᠨ᠎ᠤ ᠪᠢᠴᠢᠯ  ᠣᠬᠣᠷ ᠵᠦᠴᠦᠭᠡ ᠵᠢᠨ  ᠴᠠᠭ᠎ᠤᠨ  ᠤᠷᠲᠤ ᠎ᠨᠢ ᠪᠦᠯᠦᠭ  ᠪᠦᠷᠢ᠎ᠳᠤ᠎ᠪᠠᠨ 15 ᠮᠢᠨᠦ᠋ᠲ᠎ᠠᠴᠠ ᠬᠡᠲᠦᠷᠡᠵᠦ ᠪᠣᠯᠬᠤ  ᠦᠭᠡᠢ (3  ᠪᠦᠯᠦᠭᠲᠦ  ᠫᠷᠤᠭ᠌ᠷᠠᠮ᠎ᠤᠨ  ᠦᠯᠢᠭᠡᠷ ᠹᠢᠯᠢᠮ᠎ᠢ  ᠬᠠᠩᠭ᠋ᠠᠬᠤ ᠬᠡᠷᠡᠭᠲᠡᠢ)᠃

      4. ᠵᠣᠬᠢᠶᠠᠮᠠᠯ  ᠣᠶᠣᠨ ᠴᠢᠳᠠᠪᠣᠷᠢ ᠵᠢᠨ AIGC᠂ ᠬᠡᠲᠦ ᠥᠨᠳᠥᠷ  ᠲᠣᠩᠭ᠋ᠠᠯᠠᠭ  ᠵᠡᠷᠭᠡ ᠰᠢᠨ᠎ᠡ ᠮᠡᠷᠭᠡᠵᠢᠯ᠎ᠢ ᠬᠡᠷᠡᠭᠯᠡᠬᠦ ᠵᠢ ᠵᠣᠷᠢᠭᠵᠢᠭᠤᠯᠤᠨ᠎ᠠ᠃ ᠡᠭᠦᠰᠦᠮᠡᠯ ᠮᠠᠶᠢᠭ᠎ᠤᠨ ᠵᠣᠬᠢᠶᠠᠮᠠᠯ ᠣᠶᠤᠨ  ᠴᠢᠳᠠᠪᠣᠷᠢ (AI) ᠵᠢᠨ  ᠮᠡᠷᠭᠡᠵᠢᠯ᠎ᠢ  ᠬᠡᠷᠡᠭᠯᠡᠨ ᠦᠢ᠍ᠯᠡᠳᠦᠭᠰᠡᠨ  ᠪᠦᠲᠦᠭᠡᠯ᠎ᠨᠢ 《ᠢᠨᠲ᠋ᠧᠷ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡᠨ᠎ᠤ  ᠬᠦᠨᠵᠡᠭᠡᠢ ᠨᠡᠢ᠌ᠯᠡᠮᠡᠯ  ᠬᠠᠮᠢᠶᠠᠷᠤᠯᠲᠠ ᠵᠢᠨ ᠲᠣᠭᠲᠠᠭ᠋ᠠᠯ》᠂ 《  ᠡᠭᠦᠰᠦᠮᠡᠯ  ᠮᠠᠶᠢᠭ᠎ᠤᠨ ᠵᠣᠬᠢᠶᠠᠮᠠᠯ ᠣᠶᠤᠨ  ᠴᠢᠳᠠᠪᠣᠷᠢ ᠵᠢᠨ  ᠦᠢ᠍ᠯᠡᠴᠢᠯᠡᠭᠡᠨ᠎ᠤ ᠬᠠᠮᠢᠶᠠᠷᠤᠯᠲᠠ ᠵᠢᠨ ᠲᠦᠷ ᠬᠡᠷᠡᠭᠵᠢᠭᠦᠯᠬᠦ ᠠᠷᠭ᠎ᠠ》 ᠵᠡᠷᠭᠡ ᠬᠠᠮᠢᠶ᠎ᠠ ᠪᠥᠬᠦᠶ ᠬᠠᠮᠢᠶᠠᠷᠤᠯᠲᠠ ᠵᠢᠨ ᠲᠣᠭᠲᠠᠭ᠋ᠠᠯ᠎ᠢ ᠲᠣᠳᠣᠷᠬᠠᠶ᠋ᠢᠯᠠᠬᠤ ᠵᠢᠨ ᠬᠠᠮᠲᠤ ᠨᠡᠶ᠋ᠢᠴᠡᠭᠰᠡᠨ ᠪᠠᠶ᠋ᠢᠬᠤ ᠬᠡᠷᠡᠭᠲᠡᠶ᠃

      (ᠭᠤᠷᠪᠠ) ᠪᠦᠲᠦᠭᠡᠯ ᠵᠶ᠋ᠡᠨ ᠭᠣᠶᠣᠴᠢᠯᠠᠨ ᠮᠡᠳᠡᠭᠦᠯᠬᠦ

      ᠤᠷᠤᠯᠳᠤᠭ᠋ᠠᠨ᠎ᠳᠤ ᠤᠷᠤᠯᠴᠠᠬᠤ ᠪᠦᠳᠦᠬᠡᠯ᠎ᠨᠢ ᠵᠠᠪᠠᠯ  ᠲᠢᠺ ᠲᠤᠺ ᠂ ᠬᠤᠷᠳᠤᠨ ᠭᠠᠷ᠂ ᠰᠢᠶᠣᠣ ᠾᠥᠩ ᠱᠦ᠍ ᠂ ᠸᠢᠳᠢᠤ᠋ ᠳ᠋ᠤᠭ᠋ᠠᠷ᠂ ᠪᠢᠴᠢᠯ  ᠪᠦᠷᠭᠡ᠎ᠳᠤ  ᠨᠡᠶ᠋ᠢᠳᠡᠯᠡᠬᠦ ᠵᠢᠨ ᠬᠠᠮᠳᠤ ᠤᠷᠤᠯᠳᠤᠭ᠋ᠠᠨ᠎ᠤ ᠨᠢᠭᠡᠳᠦᠯᠲᠡᠢ ᠶᠠᠷᠢᠶᠠᠨ᠎ᠤ ᠰᠡᠳᠦᠪ # ᠦᠵᠡᠵᠦ ᠰᠣᠨᠣᠰᠬᠤ ᠵᠢᠨ  ᠤᠮᠠᠷᠠᠲᠤ ᠬᠢᠯᠢ ᠵᠢᠨ 〈  ᠵᠢᠭᠣᠯᠴᠢᠯᠠᠯ〉᠎ᠢ ᠲᠠ ᠰᠡᠭᠦᠳᠡᠷᠯᠡᠬᠦ᠎ᠢ  ᠨᠡᠮᠡᠵᠦ᠂ ᠸᠢᠳᠢᠤ᠋ ᠵᠢ ᠨᠡᠢ᠌ᠲᠡᠯᠡᠭᠰᠡᠨ᠎ᠤ ᠳᠠᠷᠠᠭ᠎ᠠ᠂ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠷᠠᠳᠢᠤ᠋ ᠲᠧᠯᠸᠢᠰ᠎ᠤᠨ ᠲᠣᠪᠴᠢᠶ᠎ᠠ ᠵᠢᠨ ᠠᠯᠪᠠᠨ᠎ᠤ ᠰᠦᠯᠵᠢᠶ᠎ᠡ   ( https://gbdsj.nmg.gov.cn )᠎ᠳᠤ ᠭᠠᠷᠴᠦ᠂ ᠣᠷᠣᠯᠳᠣᠭ᠋ᠠᠨ᠎ᠤ ᠲᠣᠰᠬᠠᠢ ᠲᠣᠭᠣᠷᠢᠭ᠎ᠲᠤ ᠣᠷᠣᠵᠦ ᠱᠠᠭ᠋ᠠᠷᠳᠠᠯᠭ᠎ᠠ ᠶᠣᠰᠣᠭ᠋ᠠᠷ ᠮᠡᠳᠡᠭᠡ ᠵᠠᠩᠬᠢ ᠲᠠᠭᠯᠠᠪᠠᠯ ᠳᠠᠷᠣᠢ ᠣᠷᠣᠯᠳᠣᠭ᠋ᠠᠨ᠎ᠳᠤ ᠣᠷᠣᠯᠴᠠᠬᠤ᠎ᠪᠠᠷ ᠨᠡᠷ᠎ᠡ   ᠮᠡᠳᠡᠭᠦᠯᠵᠦ ᠪᠣᠯᠣᠨ᠎ᠠ᠃

 

       ᠳᠠᠭ᠋ᠠᠯᠳᠤᠭᠤᠯᠤᠯ᠄ ᠬᠡᠪᠯᠡᠯ᠎ᠤᠨ ᠡᠷᠬᠡ ᠵᠢᠨ ᠠᠮᠠᠯᠠᠯᠲᠠ ᠵᠢᠨ ᠪᠢᠴᠢᠭ

 

 

                                    ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠷᠠᠳᠢᠣ᠋ ᠲᠧᠯᠸᠢᠰ᠎ᠤᠨ ᠲᠤᠪᠴᠢᠶ᠎ᠠ

                                                             2025 ᠣᠨ᠎ᠤ 6 ᠳ᠋ᠤᠭ᠋ᠠᠷ ᠰᠠᠷ᠎ᠠ ᠵᠢᠨ 9᠎ᠤ ᠡᠳᠦᠷ

 

      (ᠤᠷᠤᠯᠳᠤᠭ᠋ᠠᠨ᠎ᠤ ᠬᠠᠷᠢᠯᠴᠠᠬᠤ ᠬᠥᠮᠦᠨ᠄ ᠰᠢᠩ ᠶᠦᠩ ᠵᠢᠶᠧ᠂ ᠸᠠᠩ ᠲᠢᠩ  ᠲᠢᠩ᠂ ᠬᠠᠷᠢᠯᠴᠠᠬᠤ ᠤᠲᠠᠰᠤ᠄ 0471 - 45900 42᠂ 0471 - 4590190᠂  ᠮᠡᠷᠭᠡᠵᠢᠯ᠎ᠤᠨ ᠬᠠᠷᠢᠯᠴᠠᠬᠤ ᠬᠥᠮᠦᠨ᠄ ᠯᠦᠸᠧ ᠰᠢᠨ᠂ ᠬᠠᠷᠢᠯᠴᠠᠬᠤ ᠤᠲᠠᠰᠤ᠄ 15661265620 )

 

ᠢᠷᠡᠯᠲᠡ᠄ ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠷᠠᠳᠢᠤ᠋ ᠲᠧᠯᠸᠢᠰ᠎ᠤᠨ ᠲᠤᠪᠴᠢᠶ᠎ᠠ