ᠥᠪᠥᠷ ᠮᠣᠩᠭᠤᠯ᠎ᠤᠨ ᠢ ᠱᠢᠩ ᠰᠣᠶᠣᠯ᠎ᠤᠨ ᠬᠥᠭ᠌ᠵᠢᠯᠲᠡ᠎ᠶ᠋ᠢᠨ ᠬᠢᠵᠠᠭᠠᠷᠲᠤ ᠺᠣᠮᠫᠠᠨᠢ ᠳᠦ᠄
ᠲᠠᠨ᠎ᠤ ᠺᠣᠮᠫᠠᠨᠢ ᠶ᠋ᠢᠨ ᠷᠠᠳᠢᠣ᠋ ᠨᠡᠪᠲᠡᠷᠡᠭᠦᠯᠭᠡ ᠲᠸᠯᠸᠢᠰ᠎ᠤᠨ ᠫᠷᠣᠭ᠌ᠷᠠᠮ ᠦᠢᠯᠡᠳᠬᠦ᠌ ᠡᠵᠡᠩᠨᠡᠯᠲᠡ᠎ᠶ᠋ᠢᠨ ᠦᠢᠯᠡᠳᠴᠦ᠍ ᠡᠵᠡᠩᠨᠡᠬᠦ᠌ ᠠᠵᠢᠯ᠎ᠢ ᠦᠷᠨᠢᠭᠦᠯᠬᠦ᠌ ᠭᠤᠶᠤᠴᠢᠯᠠᠬᠤ ᠮᠲᠸᠷᠢᠶᠠᠯᠢ ᠣᠯᠵᠤ ᠠᠪᠤᠯ᠎ᠠ ᠃ ᠰᠤᠳᠤᠯᠤᠯᠲᠠ᠎ᠪᠠᠷ ᠳᠠᠮᠵᠢᠭᠠᠳ᠂ ᠡᠳᠦᠭᠡ ᠳᠣᠤᠷᠠᠬᠢ ᠮᠡᠲᠦ ᠴᠤᠬᠤᠯᠠᠪᠤᠷᠢᠯᠠᠪᠠ᠃
ᠨᠢᠭᠡ᠂ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠢ ᠲᠣᠪᠴᠢᠶ᠎ᠠ᠎ᠶᠢᠨ 《ᠷᠠᠳᠢᠣ᠋ ᠲᠧᠯᠸᠢᠰ᠎ᠤᠨ ᠫᠷᠣᠭ᠌ᠷᠠᠮ ᠦᠢᠯᠡᠳᠬᠦ ᠡᠵᠡᠩᠨᠡᠯᠲᠡ ᠦᠢᠯᠡᠳᠴᠦ᠍ ᠡᠵᠡᠩᠨᠡᠬᠦ᠌ ᠬᠠᠮᠢᠶᠠᠷᠤᠯᠲᠠ᠎ᠶᠢᠨ ᠲᠣᠭᠲᠠᠭᠠᠯ》 (ᠶᠡᠷᠦᠩᠬᠡᠢ ᠲᠣᠪᠴᠢᠶ᠎ᠠ᠎ᠶᠢᠨ ᠵᠠᠷᠯᠢᠭ᠋ 34 ᠳ᠋ᠦ᠍ᠭᠡᠷ ᠲᠣᠭᠠᠲᠤ)᠎ᠦᠨ ᠬᠣᠯᠪᠣᠭᠳᠠᠯ ᠪᠦᠬᠦᠢ ᠲᠣᠭᠲᠠᠭᠠᠯ᠎ᠢ ᠦᠨᠳᠦᠰᠦᠯᠡᠨ᠂ ᠲᠠᠨ᠎ᠤ ᠺᠤᠮᠫᠠᠨᠢ᠎ᠶᠢᠨ ᠷᠠᠳᠢᠣ᠋ ᠲᠧᠯᠸᠢᠰ᠎ᠤᠨ ᠫᠷᠣᠭ᠌ᠷᠠᠮ ᠦᠢᠯᠡᠳᠬᠦ ᠡᠵᠡᠩᠨᠡᠯᠲᠡ᠎ᠶᠢᠨ ᠦᠢᠯᠡᠳᠴᠦ᠍ ᠡᠵᠡᠩᠨᠡᠬᠦ᠌ ᠲᠤᠬᠠᠢᠯᠠᠭᠰᠠᠨ ᠠᠵᠢᠯ ᠥᠷᠨᠢᠭᠦᠯᠬᠦ᠎ᠶᠢ ᠵᠥᠪᠰᠢᠶᠡᠷᠡᠬᠦ᠎ᠶᠢᠨ ᠬᠠᠮᠲᠤ 《ᠷᠠᠳᠢᠣ᠋ ᠲᠧᠯᠸᠢᠰ᠎ᠤᠨ ᠫᠷᠣᠭ᠌ᠷᠠᠮ ᠦᠢᠯᠡᠳᠬᠦ ᠡᠵᠡᠩᠨᠡᠯᠲᠡ᠎ᠶᠢᠨ ᠦᠢᠯᠡᠳᠴᠦ᠍ ᠡᠵᠡᠩᠨᠡᠬᠦ᠌ ᠵᠥᠪᠰᠢᠶᠡᠷᠡᠯ᠎ᠤᠨ ᠦᠨᠡᠮᠯᠡᠯ》 ᠢ ᠣᠯᠭᠣᠪᠠ ᠲᠠᠷᠬᠠᠭᠠᠵᠤ᠂ ᠳ᠋ᠤᠭᠠᠷ᠄ (ᠥᠪᠥᠷ ᠮᠣᠩᠭᠣᠯ) ᠲᠡᠮᠳᠡᠭᠲᠦ᠎ᠶᠢᠨ ᠦᠰᠦᠭ 654 ᠳ᠋ᠦ᠍ᠭᠡᠷ ᠲᠣᠭᠠᠲᠤ᠂ ᠬᠦᠴᠦᠨ᠎ᠲᠠᠢ ᠬᠤᠭᠤᠴᠠᠭ᠎ᠠ ᠨᠢ 2025 ᠣᠨ᠎ᠤ 8 ᠳ᠋ᠤᠭᠠᠷ ᠰᠠᠷ᠎ᠠ᠎ᠶᠢᠨ 18 ᠤ ᠡᠳᠦᠷ— 2027 ᠣᠨ᠎ᠤ 8 ᠳ᠋ᠤᠭᠠᠷ ᠰᠠᠷ᠎ᠠ᠎ᠶᠢᠨ 17 ᠤ ᠡᠳᠦᠷ ᠪᠣᠯᠣᠨ᠎ᠠ᠃
ᠬᠣᠶᠠᠷ᠂ ᠷᠠᠳᠢᠣ᠋ ᠲᠧᠯᠸᠢᠰ᠎ᠤᠨ ᠫᠷᠣᠭ᠌ᠷᠠᠮ ᠦᠢᠯᠡᠳᠴᠦ ᠡᠵᠡᠩᠨᠡᠬᠦ ᠬᠦᠷᠢᠶ᠎ᠡ ᠬᠡᠪᠴᠢᠶ᠎ᠡ ᠨᠢ ᠄ ᠲᠤᠰᠬᠠᠢ ᠰᠡᠳᠦᠪ᠂ ᠲᠤᠰᠬᠠᠢ ᠪᠤᠯᠤᠩ᠂ ᠶᠡᠷᠦᠩᠬᠡᠢᠯᠡᠭᠰᠡᠨ ᠤᠷᠠᠯᠢᠭ᠋᠂ ᠺᠠᠷᠲ᠋ᠣᠨ ᠺᠢᠨᠣ᠋᠂ ᠷᠠᠳᠢᠣ᠋ ᠵᠦᠴᠦᠭᠡ᠂ ᠲᠧᠯᠸᠢᠰ ᠵᠦᠴᠦᠭᠡ ᠵᠡᠷᠭᠡ ᠷᠠᠳᠢᠣ᠋ ᠲᠧᠯᠸᠢᠰ᠎ᠤᠨ ᠫᠷᠣᠭ᠌ᠷᠠᠮ᠎ᠢ ᠦᠢᠯᠡᠳᠬᠦ ᠪᠠ ᠫᠷᠣᠭ᠌ᠷᠠᠮ᠎ᠤᠨ ᠬᠡᠪᠯᠡᠯ᠎ᠤᠨ ᠡᠷᠬᠡ᠎ᠶᠢ ᠠᠷᠠᠯᠵᠢᠶᠠᠯᠠᠬᠤ ᠪᠠ ᠣᠷᠣᠯᠠᠨ ᠠᠷᠠᠯᠵᠢᠶᠠᠯᠠᠬᠤ ᠶᠠᠪᠤᠳᠠᠯ ᠪᠣᠯᠣᠨ᠎ᠠ᠃ ᠡᠵᠡᠩᠨᠡᠯᠲᠡ᠎ᠶᠢᠨ ᠠᠷᠭ᠎ᠠ ᠮᠠᠶᠢᠭ᠋᠄ ᠦᠢᠯᠡᠳᠬᠦ᠂ ᠬᠠᠭᠤᠯᠪᠤᠷᠢᠯᠠᠬᠤ᠂ ᠲᠠᠷᠬᠠᠭᠠᠨ᠎ᠠ ᠲᠠᠷᠬᠠᠭᠠᠬᠤ᠃
ᠭᠤᠷᠪᠠ᠂ ᠲᠠᠨ᠎ᠤ ᠺᠤᠮᠫᠠᠨᠢ 《ᠷᠠᠳᠢᠣ᠋ ᠲᠧᠯᠸᠢᠰ᠎ᠤᠨ ᠫᠷᠣᠭ᠌ᠷᠠᠮ ᠦᠢᠯᠡᠳᠬᠦ ᠡᠵᠡᠩᠨᠡᠯᠲᠡ᠎ᠶᠢᠨ ᠦᠢᠯᠡᠳᠴᠦ᠍ ᠡᠵᠡᠩᠨᠡᠬᠦ᠌ ᠵᠥᠪᠰᠢᠶᠡᠷᠡᠯ᠎ᠤᠨ ᠦᠨᠡᠮᠯᠡᠯ》᠎ᠢ ᠬᠢᠨᠠᠨ ᠵᠥᠪᠰᠢᠶᠡᠷᠡᠭᠰᠡᠨ ᠦᠢᠯᠡᠳᠬᠦ ᠡᠵᠡᠩᠨᠡᠯᠲᠡ᠎ᠶᠢᠨ ᠦᠢᠯᠡᠳᠴᠦ᠍ ᠡᠵᠡᠩᠨᠡᠬᠦ᠌ ᠬᠡᠪᠴᠢᠶ᠎ᠡ᠎ᠶᠢ ᠴᠢᠩᠭ᠎ᠠ ᠵᠢᠷᠤᠮᠯᠠᠨ ᠲᠤᠬᠠᠢᠯᠠᠭᠰᠠᠨ ᠠᠵᠢᠯ᠎ᠤᠨ ᠠᠵᠢᠯᠯᠠᠭ᠎ᠠ ᠥᠷᠨᠢᠭᠦᠯᠵᠦ᠂ ᠦᠢᠯᠡᠳᠬᠦ ᠡᠵᠡᠩᠨᠡᠯᠲᠡ᠎ᠶᠢᠨ ᠦᠢᠯᠡᠳᠴᠦ᠍ ᠡᠵᠡᠩᠨᠡᠬᠦ᠌ ᠠᠵᠢᠯᠯᠠᠭ᠎ᠠ᠎ᠳᠤ ᠡᠷᠬᠡᠪᠰᠢ ᠤᠯᠤᠰ᠎ᠤᠨ ᠬᠠᠤᠯᠢ ᠴᠠᠭᠠᠵᠠ᠂ ᠬᠠᠤᠯᠢ ᠲᠣᠭᠲᠠᠭᠠᠯ ᠪᠠ ᠬᠣᠯᠪᠣᠭᠳᠠᠯ ᠪᠦᠬᠦᠢ ᠲᠥᠷᠥ᠎ᠶᠢᠨ ᠪᠣᠳᠣᠯᠭ᠎ᠠ᠎ᠶᠢ ᠵᠢᠷᠤᠮᠯᠠᠬᠤ ᠬᠡᠷᠡᠭᠲᠡᠢ᠃ ᠲᠤᠬᠠᠢ᠎ᠶᠢᠨ ᠴᠠᠭ᠎ᠤᠨ ᠤᠯᠤᠰ ᠲᠥᠷᠥ᠎ᠶᠢᠨ ᠰᠣᠨᠢᠨ ᠮᠡᠳᠡᠭᠡ ᠵᠢᠴᠢ ᠠᠳᠠᠯᠢ ᠲᠥᠷᠥᠯ᠎ᠦᠨ ᠲᠤᠰᠬᠠᠢ ᠰᠡᠳᠦᠪ᠂ ᠲᠤᠰᠬᠠᠢ ᠪᠤᠯᠤᠩ ᠵᠡᠷᠭᠡ ᠷᠠᠳᠢᠣ᠋ ᠲᠧᠯᠸᠢᠰ᠎ᠦᠨ ᠫᠷᠣᠭ᠌ᠷᠠᠮ᠎ᠢ ᠦᠢᠯᠡᠳᠴᠦ ᠪᠤᠯᠬᠤ ᠦᠭᠡᠢ᠃ ᠴᠢᠬᠤᠯᠠ ᠶᠡᠬᠡ ᠬᠤᠪᠢᠰᠬᠠᠯ ᠪᠣᠯᠣᠨ ᠲᠡᠦᠬᠡ᠎ᠶᠢᠨ ᠰᠡᠳᠦᠪᠲᠦ ᠲᠧᠯᠸᠢᠰ ᠵᠦᠴᠦᠭᠡ᠂ ᠣᠨᠣᠯ᠎ᠤᠨ ᠰᠤᠷᠪᠤᠯᠵᠢ ᠪᠢᠴᠢᠭ ᠲᠧᠯᠸᠢᠰ᠎ᠦᠨ ᠲᠤᠰᠬᠠᠢ ᠰᠡᠳᠦᠪᠲᠦ ᠹᠢᠯᠢᠮ ᠵᠡᠷᠭᠡ ᠷᠠᠳᠢᠣ᠋ ᠲᠧᠯᠸᠢᠰ᠎ᠦᠨ ᠫᠷᠣᠭ᠌ᠷᠠᠮ᠎ᠢ ᠦᠢᠯᠡᠳᠬᠦ᠎ᠳᠦ ᠡᠷᠬᠡᠪᠰᠢ ᠤᠯᠤᠰ᠎ᠤᠨ ᠷᠠᠳᠢᠣ᠋ ᠲᠧᠯᠸᠢᠰ᠎ᠦᠨ ᠶᠡᠷᠦᠩᠬᠡᠢ ᠲᠣᠪᠴᠢᠶᠠᠨ᠎ᠤ ᠬᠣᠯᠪᠣᠭᠳᠠᠯ ᠪᠦᠬᠦᠢ ᠲᠣᠭᠲᠠᠭᠠᠯ ᠶᠣᠰᠣᠭᠠᠷ ᠬᠡᠷᠡᠭᠵᠢᠭᠦᠯᠬᠦ ᠬᠡᠷᠡᠭᠲᠡᠢ᠃ ᠺᠠᠷᠲ᠋ᠣᠨ ᠺᠢᠨᠣ᠋ ᠂ ᠲᠧᠯᠸᠢᠰ ᠵᠦᠴᠦᠭᠡ ᠵᠣᠬᠢᠶᠠᠬᠤ ᠦᠢᠯᠡᠳᠬᠦ᠌᠎ᠳᠦ᠎ᠪᠡᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠦᠨ ᠲᠣᠪᠴᠢᠶ᠎ᠠ᠎ᠪᠠᠷ ᠬᠢᠨᠠᠨ ᠬᠠᠷᠭᠤᠭᠤᠯᠬᠤ᠎ᠶᠢᠨ ᠬᠠᠮᠲᠤ ᠬᠣᠯᠪᠣᠭᠳᠠᠯ ᠪᠦᠬᠦᠢ ᠭᠠᠷᠳᠠᠮ᠎ᠢ ᠭᠦᠢᠴᠡᠳᠬᠡᠬᠦ ᠬᠡᠷᠡᠭᠲᠡᠢ᠃
ᠳᠥᠷᠪᠡ᠂ ᠨᠡᠢᠲᠡᠯᠡᠭᠰᠡᠨ ᠣᠯᠭᠣᠭ᠍ᠰᠠᠨ 《ᠷᠠᠳᠢᠣ᠋ ᠲᠧᠯᠸᠢᠰ᠎ᠤᠨ ᠫᠷᠣᠭ᠌ᠷᠠᠮ᠎ᠢ ᠦᠢᠯᠡᠳᠴᠦ ᠡᠵᠡᠩᠨᠡᠬᠦ ᠵᠥᠪᠰᠢᠶᠡᠷᠡᠯ᠎ᠤᠨ ᠦᠨᠡᠮᠯᠡᠯ》᠎ᠢ ᠶᠠᠮᠠᠷᠪᠠ ᠠᠷᠭ᠎ᠠ ᠮᠠᠶᠢᠭ᠋᠎ᠢᠶᠠᠷ ᠪᠠᠯᠠᠯᠬᠤ᠂ ᠲᠦᠷᠢᠶᠡᠰᠦᠯᠡᠬᠦ᠂ ᠰᠢᠯᠵᠢᠭᠦᠯᠬᠦ᠂ ᠬᠤᠳᠠᠯᠳᠤᠬᠤ ᠪᠠ ᠬᠠᠭᠤᠷᠮᠠᠭ᠎ᠢᠶᠠᠷ ᠵᠣᠬᠢᠶᠠᠬᠤ᠎ᠶᠢ ᠴᠢᠩᠭ᠎ᠠ ᠴᠠᠭᠠᠵᠠᠯᠠᠪᠠ ᠴᠠᠭᠠᠵᠠᠯᠠᠨ᠎ᠠ᠃ 《ᠷᠠᠳᠢᠣ᠋ ᠲᠧᠯᠸᠢᠰ᠎ᠤᠨ ᠫᠷᠣᠭ᠌ᠷᠠᠮ ᠦᠢᠯᠡᠳᠬᠦ ᠡᠵᠡᠩᠨᠡᠯᠲᠡ᠎ᠶᠢᠨ ᠦᠢᠯᠡᠳᠴᠦ᠍ ᠡᠵᠡᠩᠨᠡᠬᠦ᠌ ᠵᠥᠪᠰᠢᠶᠡᠷᠡᠯ᠎ᠤᠨ ᠦᠨᠡᠮᠯᠡᠯ》᠎ᠳᠤ ᠲᠣᠳᠣᠷᠬᠠᠢᠯᠠᠭᠰᠠᠨ ᠦᠢᠯᠡᠳᠬᠦ ᠪᠠᠢᠭᠤᠯᠤᠮᠵᠢ᠎ᠶᠢᠨ ᠨᠡᠷᠡᠢᠳᠦᠯ᠂ ᠬᠠᠤᠯᠢ᠎ᠪᠠᠷ ᠲᠣᠭᠲᠠᠭᠠᠭᠰᠠᠨ ᠲᠥᠯᠥᠭᠡᠯᠡᠭᠴᠢ᠂ ᠬᠠᠶᠢᠭ᠋ ᠪᠠ ᠳᠦᠷᠢᠮ ᠵᠡᠷᠭᠡ ᠵᠦᠢᠯᠡᠰ᠎ᠲᠤ ᠬᠤᠪᠢᠷᠠᠯᠲᠠ ᠭᠠᠷᠴᠤ ᠭᠠᠷᠪᠠᠯ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠳᠤ ᠮᠡᠳᠡᠭᠦᠯᠦᠨ ᠬᠤᠪᠢᠷᠠᠭᠤᠯᠬᠤ᠎ᠶᠢ ᠬᠢᠨᠠᠨ ᠵᠥᠪᠰᠢᠶᠡᠷᠡᠭᠦᠯᠬᠦ ᠭᠠᠷᠳᠠᠮ᠎ᠢ ᠭᠦᠢᠴᠡᠳᠬᠡᠪᠡ ᠭᠦᠢᠴᠡᠳᠭᠡᠨ᠎ᠡ; ᠷᠠᠳᠢᠣ᠋ ᠲᠧᠯᠸᠢᠰ᠎ᠤᠨ ᠫᠷᠣᠭ᠌ᠷᠠᠮ ᠦᠢᠯᠡᠳᠬᠦ ᠡᠵᠡᠩᠨᠡᠯᠲᠡ᠎ᠶᠢᠨ ᠦᠢᠯᠡᠳᠴᠦ᠍ ᠡᠵᠡᠩᠨᠡᠬᠦ᠌ ᠠᠵᠢᠯᠯᠠᠭ᠎ᠠ᠎ᠶᠢ ᠵᠣᠭᠰᠤᠭᠠᠬᠤ᠎ᠳᠤ᠂ 1 ᠭᠠᠷᠠᠭ᠎ᠤᠨ ᠳᠣᠲᠣᠷ᠎ᠠ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠳᠤ ᠬᠦᠷᠴᠦ ᠬᠦᠴᠦᠨ ᠦᠭᠡᠢ ᠪᠤᠯᠭᠠᠬᠤ ᠭᠠᠷᠳᠠᠮ᠎ᠢ ᠭᠦᠢᠴᠡᠳᠬᠡᠬᠦ ᠬᠡᠷᠡᠭᠲᠡᠢ᠃
ᠲᠠᠪᠤ᠂ ᠭᠠᠳᠠᠭᠠᠳᠤ᠎ᠳᠤ ᠭᠠᠷᠭᠠᠬᠤ ᠷᠠᠳᠢᠣ᠋ ᠲᠧᠯᠸᠢᠰ᠎ᠦᠨ ᠫᠷᠤᠭ᠌ᠷᠠᠮ ᠪᠤᠶᠤ ᠷᠠᠳᠢᠣ᠋ ᠨᠡᠪᠲᠡᠷᠡᠭᠦᠯᠭᠡ ᠲᠧᠯᠸᠢᠰ᠎ᠦᠨ ᠫᠷᠤᠭ᠌ᠷᠠᠮ᠎ᠢ ᠬᠢᠯᠢ᠎ᠶ᠋ᠢᠨ ᠭᠠᠳᠠᠨ᠎ᠠ ᠭᠠᠷᠭᠠᠨ ᠦᠵᠡᠭᠦᠯᠵᠦ᠍ ᠨᠡᠪᠲᠡᠷᠡᠭᠦᠯᠬᠦ᠌ ᠠᠵᠢᠯᠯᠠᠭ᠎ᠠ᠎ᠳᠤ ᠣᠷᠣᠯᠴᠠᠭᠤᠯᠬᠤ ᠳᠤ ᠣᠷᠣᠯᠴᠠᠭᠤᠯᠤᠨ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠦᠨ ᠲᠣᠪᠴᠢᠶ᠎ᠠ᠎ᠳᠤ ᠤᠷᠢᠳᠴᠢᠯᠠᠨ ᠮᠡᠳᠡᠭᠦᠯᠬᠦ᠌ ᠬᠡᠷᠡᠭ᠌ᠲᠡᠶ᠃
ᠡᠭᠦᠨ᠎ᠳᠦ ᠴᠤᠬᠤᠯᠠᠪᠤᠷᠢᠯᠠᠪᠠ᠃
ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠷᠠᠳᠢᠣ᠋ ᠲᠧᠯᠸᠢᠰ᠎ᠤᠨ ᠲᠤᠪᠴᠢᠶ᠎ᠠ
2025ᠣᠨ᠎ᠤ 8 ᠳ᠋ᠤᠭᠠᠷ ᠰᠠᠷ᠎ᠠ᠎ᠶ᠋ᠢᠨ 18 ᠤ ᠡᠳᠦᠷ