ᠪᠠᠢ᠌ᠭᠤᠯᠭ᠎ᠠ ᠵᠢᠨ ᠡᠯ᠎ᠡ ᠰᠠᠯᠠᠭ᠎ᠠ ᠲᠠᠰᠤᠭ᠄
《ᠥᠷᠲᠡᠭ ᠨᠡᠮᠡᠭᠳᠡᠯ᠎ᠤᠨ ᠭᠠᠢ᠌ᠯᠢ ᠵᠢᠨ ᠪᠠᠷᠢᠮᠲᠠ ᠪᠢᠴᠢᠬᠦ ᠬᠣᠯᠪᠣᠭᠳᠠᠯ ᠪᠦᠬᠦᠢ ᠠᠰᠠᠭᠤᠳᠠᠯ᠎ᠤᠨ ᠲᠤᠬᠠᠢ ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶ᠎ᠠ ᠵᠢᠨ ᠠᠯᠪᠠᠨ ᠵᠠᠷ》 (ᠤᠯᠤᠰ᠎ᠤᠨ ᠭᠠᠢ᠌ᠯᠢ ᠵᠢᠨ ᠶᠠᠪᠤᠳᠠᠯ᠎ᠤᠨ ᠶᠡᠷᠦᠩᠬᠡᠢ ᠲᠣᠪᠴᠢᠶ᠎ᠠ ᠵᠢᠨ ᠠᠯᠪᠠᠨ ᠵᠠᠷ 2017 ᠣᠨ᠎ᠤ 16 ᠳ᠋ᠤᠭ᠋ᠠᠷ ᠲᠣᠭ᠋ᠠᠲᠤ)᠎ᠤᠨ ᠪᠢᠴᠢᠭ ᠮᠠᠲ᠋ᠧᠷᠢᠶᠠᠯ᠎ᠤᠨ ᠲᠣᠭᠲᠠᠭ᠋ᠠᠯ᠎ᠢ ᠦᠨᠳᠦᠰᠦᠯᠡᠨ᠂ 2017 ᠣᠨ᠎ᠤ 7 ᠳ᠋ᠤᠭ᠋ᠠᠷ ᠰᠠᠷ᠎ᠠ ᠵᠢᠨ 1᠎ᠤ ᠡᠳᠦᠷ᠎ᠠᠴᠠ ᠡᠬᠢᠯᠡᠵᠦ᠂ ᠬᠤᠳᠠᠯᠳᠤᠨ ᠠᠪᠬᠤ ᠲᠠᠯ᠎ᠠ᠎ᠨᠢ ᠬᠡᠷᠪᠡ ᠠᠵᠤ ᠠᠬᠤᠢ᠌ᠯᠠᠯ ᠪᠣᠯ᠂ ᠥᠷᠲᠡᠭ ᠨᠡᠮᠡᠭᠳᠡᠯ᠎ᠤᠨ ᠭᠠᠢ᠌ᠯᠢ ᠵᠢᠨ ᠡᠩ᠎ᠤᠨ ᠪᠠᠷᠢᠮᠲᠠ ᠠᠪᠬᠤ ᠦᠶ᠎ᠡ᠎ᠳᠤ᠂ ᠪᠣᠷᠣᠯᠠᠭᠤᠯᠬᠤ ᠲᠠᠯ᠎ᠠ᠎ᠳᠤ ᠭᠠᠢ᠌ᠯᠢ ᠲᠤᠰᠢᠶᠠᠭᠴᠢ ᠵᠢᠨ ᠢᠯᠭ᠋ᠠᠨ ᠲᠠᠨᠢᠬᠤ ᠨᠣᠮᠧᠷ ᠪᠤᠶᠤ ᠨᠡᠢ᠌ᠭᠡᠮ᠎ᠤᠨ ᠢᠲᠡᠭᠡᠮᠵᠢ ᠵᠢᠨ ᠨᠢᠭᠡᠳᠦᠯᠲᠡᠢ ᠣᠷᠣᠯᠠᠬᠤ ᠨᠣᠮᠧᠷ ᠵᠶ᠋ᠠᠨ ᠬᠠᠩᠭ᠋ᠠᠬᠤ ᠬᠡᠷᠡᠭᠲᠡᠢ; ᠪᠣᠷᠣᠯᠠᠭᠤᠯᠬᠤ ᠲᠠᠯ᠎ᠠ᠎ᠠᠴᠠ ᠲᠡᠭᠦᠨ᠎ᠳᠤ ᠥᠷᠲᠡᠭ ᠨᠡᠮᠡᠭᠳᠡᠯ᠎ᠤᠨ ᠭᠠᠢ᠌ᠯᠢ ᠵᠢᠨ ᠡᠩ᠎ᠤᠨ ᠪᠠᠷᠢᠮᠲᠠ ᠪᠢᠴᠢᠨ ᠥᠭᠬᠦ ᠦᠶ᠎ᠡ᠎ᠳᠤ᠂ 《ᠬᠤᠳᠠᠯᠳᠤᠨ ᠠᠪᠬᠤ ᠲᠠᠯ᠎ᠠ ᠵᠢᠨ ᠭᠠᠢ᠌ᠯᠢ ᠲᠤᠰᠢᠶᠠᠭᠴᠢ ᠵᠢᠨ ᠢᠯᠭ᠋ᠠᠨ ᠲᠠᠨᠢᠬᠤ ᠨᠣᠮᠧᠷ》 ᠪᠤᠯᠤᠩ᠎ᠳᠤ ᠬᠤᠳᠠᠯᠳᠤᠨ ᠠᠪᠬᠤ ᠲᠠᠯ᠎ᠠ ᠵᠢᠨ ᠭᠠᠢ᠌ᠯᠢ ᠲᠤᠰᠢᠶᠠᠭᠴᠢ ᠵᠢᠨ ᠢᠯᠭ᠋ᠠᠨ ᠲᠠᠨᠢᠬᠤ ᠨᠣᠮᠧᠷ ᠪᠤᠶᠤ ᠨᠡᠢ᠌ᠭᠡᠮ᠎ᠤᠨ ᠢᠲᠡᠭᠡᠮᠵᠢ ᠵᠢᠨ ᠨᠢᠭᠡᠳᠦᠯᠲᠡᠢ ᠣᠷᠣᠯᠠᠬᠤ ᠨᠣᠮᠧᠷ᠎ᠢ ᠲᠠᠭᠯᠠᠬᠤ ᠬᠡᠷᠡᠭᠲᠡᠢ᠃ ᠲᠣᠭᠲᠠᠭ᠋ᠠᠯ᠎ᠳᠤ ᠨᠡᠢ᠌ᠴᠡᠬᠦ ᠦᠭᠡᠢ ᠪᠠᠷᠢᠮᠲᠠ᠎ᠪᠠᠷ ᠭᠠᠢ᠌ᠯᠢ ᠲᠠᠲᠠᠪᠤᠷᠢ ᠵᠢᠨ ᠭᠡᠷᠡᠴᠢ ᠪᠠᠷᠢᠮᠲᠠ ᠪᠣᠯᠭ᠋ᠠᠵᠤ ᠪᠣᠯᠬᠤ ᠦᠭᠡᠢ᠃ ᠲᠤᠰ ᠠᠯᠪᠠᠨ ᠵᠠᠷ᠎ᠲᠤ ᠶᠠᠷᠢᠵᠤ ᠪᠠᠢ᠌ᠭ᠎ᠠ ᠠᠵᠤ ᠠᠬᠤᠢ᠌ᠯᠠᠯ᠎ᠨᠢ᠂ ᠺᠣᠮᠫᠠᠨᠢ᠂ ᠺᠣᠮᠫᠠᠨᠢ ᠵᠢᠨ ᠪᠤᠰᠤ ᠳᠦᠷᠢᠮᠲᠦ ᠠᠵᠤ ᠠᠬᠤᠢ᠌ᠯᠠᠯ᠎ᠤᠨ ᠬᠠᠤᠯᠢ ᠵᠢᠨ ᠡᠷᠬᠡᠲᠡᠨ᠂ ᠠᠵᠤ ᠠᠬᠤᠢ᠌ᠯᠠᠯ᠎ᠤᠨ ᠬᠤᠪᠢᠶᠠᠷᠢ ᠪᠠᠢ᠌ᠭᠤᠯᠤᠮᠵᠢ᠂ ᠬᠤᠪᠢ ᠬᠥᠮᠥᠨ᠎ᠤ ᠲᠤᠰᠠᠭ᠋ᠠᠷ ᠪᠡᠯᠡ ᠣᠷᠣᠭᠤᠯᠤᠭᠰᠠᠨ ᠠᠵᠤ ᠠᠬᠤᠢ᠌ᠯᠠᠯ᠂ ᠬᠣᠷᠰᠢᠭᠰᠠᠨ ᠠᠵᠤ ᠠᠬᠤᠢ᠌ᠯᠠᠯ ᠪᠠ ᠪᠤᠰᠤᠳ ᠠᠵᠤ ᠠᠬᠤᠢ᠌ᠯᠠᠯ᠎ᠢ ᠪᠠᠭᠲᠠᠭ᠋ᠠᠵᠤ ᠪᠠᠢ᠌ᠨ᠎ᠠ᠃
ᠮᠠᠨ᠎ᠤ ᠲᠢᠩᠬᠢᠮ ᠪᠣᠯ ᠪᠠᠢ᠌ᠭᠤᠯᠭ᠎ᠠ ᠵᠢᠨ ᠬᠠᠤᠯᠢ ᠵᠢᠨ ᠡᠷᠬᠡᠲᠡᠨ ᠪᠠᠢ᠌ᠵᠤ᠂ ᠠᠯᠪᠠᠨ ᠵᠠᠷ᠎ᠲᠤ ᠵᠢᠭᠰᠠᠭ᠋ᠠᠭᠰᠠᠨ ᠠᠵᠤ ᠠᠬᠤᠢ᠌ᠯᠠᠯ᠎ᠳᠤ ᠬᠠᠷᠢᠶᠠᠯᠠᠭᠳᠠᠬᠤ ᠦᠭᠡᠢ᠂ ᠪᠠᠷᠢᠮᠲᠠ ᠠᠪᠬᠤ᠎ᠳᠤ ᠨᠡᠢ᠌ᠭᠡᠮ᠎ᠤᠨ ᠢᠲᠡᠭᠡᠮᠵᠢ ᠵᠢᠨ ᠨᠢᠭᠡᠳᠦᠯᠲᠡᠢ ᠣᠷᠣᠯᠠᠬᠤ ᠨᠣᠮᠧᠷ ᠵᠡᠷᠭᠡ ᠮᠡᠳᠡᠭᠡ ᠵᠠᠩᠭᠢ ᠵᠢ ᠲᠠᠭᠯᠠᠬᠤ ᠵᠢ ᠱᠠᠭ᠋ᠠᠷᠳᠠᠬᠤ ᠦᠭᠡᠢ᠃ ᠣᠳᠣᠬᠠᠨ᠎ᠳᠤ ᠬᠡᠰᠡᠭ ᠪᠣᠷᠣᠯᠠᠭᠤᠯᠬᠤ ᠠᠵᠤ ᠠᠬᠤᠢ᠌ᠯᠠᠯ᠎ᠠᠴᠠ ᠥᠷᠲᠡᠭ ᠨᠡᠮᠡᠭᠳᠡᠯ᠎ᠤᠨ ᠭᠠᠢ᠌ᠯᠢ ᠵᠢᠨ ᠡᠩ᠎ᠤᠨ ᠪᠠᠷᠢᠮᠲᠠ ᠪᠢᠴᠢᠨ ᠥᠭᠬᠦ ᠦᠶ᠎ᠡ᠎ᠳᠤ ᠨᠡᠢ᠌ᠭᠡᠮ᠎ᠤᠨ ᠢᠲᠡᠭᠡᠮᠵᠢ ᠵᠢᠨ ᠨᠢᠭᠡᠳᠦᠯᠲᠡᠢ ᠣᠷᠣᠯᠠᠬᠤ ᠨᠣᠮᠧᠷ ᠵᠡᠷᠭᠡ ᠮᠡᠳᠡᠭᠡ ᠵᠠᠩᠭᠢ᠎ᠪᠠᠨ ᠬᠠᠩᠭ᠋ᠠᠬᠤ ᠵᠢ ᠱᠠᠭ᠋ᠠᠷᠳᠠᠵᠤ ᠪᠣᠢ᠂ ᠪᠣᠳᠠᠲᠤ ᠪᠠᠢ᠌ᠳᠠᠯ᠎ᠢ ᠦᠨᠳᠦᠰᠦᠯᠡᠨ᠂ ᠣᠳᠣ ᠱᠠᠭ᠋ᠠᠷᠳᠠᠵᠤ ᠮᠡᠳᠡᠬᠦ ᠨᠢᠭᠡᠴᠢ ᠵᠢᠨ ᠮᠡᠳᠡᠭᠡ ᠵᠠᠩᠭᠢ ᠵᠢ ᠳᠣᠣᠷᠠᠬᠢ ᠮᠡᠲᠦ ᠨᠡᠢ᠌ᠲᠡᠯᠡᠪᠡ᠂ ᠪᠠᠭᠤᠯᠭ᠋ᠠᠨ ᠠᠪᠴᠤ ᠦᠯᠡᠳᠡᠭᠡᠨ ᠬᠠᠳᠠᠭ᠋ᠠᠯᠠᠬᠤ ᠵᠢ ᠬᠦᠰᠡᠵᠦ ᠪᠠᠢ᠌ᠨ᠎ᠠ᠃
ᠡᠷᠦᠬᠡ ᠵᠢᠨ ᠨᠡᠷ᠎ᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ (ᠪᠦᠬᠦᠯᠢ ᠨᠡᠷ᠎ᠡ ᠵᠢ᠎ᠨᠢ ᠲᠠᠭᠯᠠᠨ᠎ᠠ)
ᠡᠷᠦᠬᠡ ᠨᠡᠭᠡᠭᠡᠭᠰᠡᠨ ᠪᠠᠩᠬᠢ᠄ ᠱᠠᠩᠬᠠᠢ ᠵᠢᠨ ᠫᠦᠳᠦ᠋ᠩ᠎ᠤᠨ ᠬᠥᠭᠵᠢᠭᠦᠯᠦᠯᠲᠡ ᠵᠢᠨ ᠪᠠᠩᠬᠢ ᠵᠢᠨ ᠪᠡᠯᠡ ᠣᠷᠣᠭᠤᠯᠤᠭᠰᠠᠨ ᠬᠢᠵᠠᠭ᠋ᠠᠷᠲᠤ ᠺᠣᠮᠫᠠᠨᠢ ᠵᠢᠨ ᠬᠥᠬᠡᠬᠣᠲᠠ ᠵᠢᠨ ᠬᠤᠪᠢᠶᠠᠷᠢ ᠪᠠᠩᠬᠢ
ᠪᠠᠩᠬᠢ ᠵᠢᠨ ᠳᠠᠩᠰᠠᠨ᠎ᠤ ᠨᠣᠮᠧᠷ᠄ 59010130650000102
ᠨᠡᠢ᠌ᠭᠡᠮ᠎ᠤᠨ ᠢᠲᠡᠭᠡᠮᠵᠢ ᠵᠢᠨ ᠨᠢᠭᠡᠳᠦᠯᠲᠡᠢ ᠣᠷᠣᠯᠠᠬᠤ ᠨᠣᠮᠧᠷ᠄ 11150000MB1945778L
2019 ᠣᠨ᠎ᠤ 3 ᠳ᠋ᠤᠭ᠋ᠠᠷ ᠰᠠᠷ᠎ᠠ ᠵᠢᠨ 20᠎ᠤ ᠡᠳᠦᠷ