ᠤᠵᠠᠭᠤᠷ ᠡᠷᠳᠡᠨ᠎ᠤ ᠬᠠᠳᠤᠨ ᠭᠤᠤᠯ᠎ᠤᠨ ᠪᠤᠯᠪᠠᠰᠤᠨ ᠡᠨᠡ ᠨᠤᠳᠤᠭ ᠳᠡᠬᠡᠷ᠎ᠡ ᠤᠨᠳᠤᠷᠤᠨ ᠳᠦᠯᠵᠢᠭᠰᠡᠭᠡᠷ᠂ ᠤᠷᠳᠤᠯᠠᠨ ᠦᠷᠬᠦᠯᠵᠢᠯᠡᠭᠰᠡᠨ ᠴᠢ ᠯᠢᠶᠠᠨ ᠱᠠᠨ ᠠᠭᠤᠯᠠ ᠾᠸᠰᠢ ᠵᠢᠨ ᠬᠤᠩᠭᠢᠯ ᠬᠢᠭᠡᠳ ᠳᠤᠷᠭ᠋ᠠᠨ ᠵᠠᠮ᠎ᠢ ᠪᠦᠪᠡᠢ᠌ᠯᠡᠨ ᠦᠰᠬᠡᠪᠡᠢ᠃ ᠭᠠᠨᠰᠤ ᠵᠢᠨ ᠪᠤᠯᠪᠠᠰᠤᠨ᠎ᠤ ᠬᠦᠭᠵᠢᠯᠳᠠ᠎ᠨᠢ 《ᠤᠰᠤ》 ᠪᠠ 《ᠠᠭᠤᠯᠠ》 ᠵᠢᠨ ᠤᠮᠳᠠᠯᠠᠯ᠎ᠠᠴᠠ ᠶᠡᠷᠦ᠎ᠠᠴᠠ ᠰᠠᠯᠵᠦ ᠴᠢᠳᠠᠰᠢ ᠦᠬᠡᠢ ᠪᠢᠯᠡ᠃
ᠶᠡᠷᠦᠩᠭᠡᠢ ᠱᠦᠵᠢ ᠰᠢ ᠵᠢᠨ ᠫᠢᠩ ᠭᠠᠨᠰᠤ᠎ᠪᠠᠷ ᠲᠣᠭᠣᠷᠢᠨ ᠪᠠᠢ᠌ᠴᠠᠭ᠋ᠠᠬᠤ᠎ᠳᠤ᠎ᠪᠠᠨ ᠬᠢᠭᠰᠡᠨ ᠠᠵᠤ ᠠᠬᠤᠢ ᠵᠢᠨ ᠬᠦᠭᠵᠢᠯᠳᠠ ᠵᠢᠨ ᠠᠷᠭ᠎ᠠ ᠬᠡᠯᠪᠡᠷᠢ ᠵᠢ ᠬᠦᠴᠦᠯᠡᠨ ᠬᠤᠪᠢᠷᠠᠭᠤᠯᠵᠦ ᠠᠵᠤ ᠠᠬᠤᠢ ᠵᠢᠨ ᠪᠦᠳᠦᠴᠡᠳᠤ ᠪᠠᠢ᠌ᠯᠳᠤᠬᠤ ᠪᠤᠳᠤᠯᠭ᠎ᠠ ᠵᠢᠨ ᠴᠢᠨᠠᠷᠳᠠᠢ ᠳᠤᠬᠢᠷᠠᠭᠤᠯᠤᠯᠳᠠ ᠬᠢᠬᠦ ᠵᠢ ᠠᠬᠢᠭᠤᠯᠵᠤ᠂ ᠠᠮᠢ ᠠᠬᠤᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢ ᠴᠢᠩᠭ᠋ᠠᠳᠬᠠᠨ ᠠᠮᠢ ᠠᠬᠤᠢ ᠵᠢᠨ ᠪᠤᠯᠪᠠᠰᠤᠨ᠎ᠤ ᠬᠢᠷᠢ ᠳᠦᠪᠰᠢᠨ᠎ᠢ ᠳᠡᠬᠡᠭᠰᠢᠯᠡᠬᠦᠯᠬᠦ ᠵᠡᠷᠬᠡ 《ᠨᠠᠢ᠍ᠮᠠᠨ ᠲᠠᠯ᠎ᠠ᠎ᠪᠠᠷ ᠬᠦᠴᠦᠯᠡᠬᠦ》 ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ᠎ᠨᠢ᠂ ᠭᠠᠨᠰᠤ ᠵᠢᠨ ᠬᠦᠭᠵᠢᠯᠳᠠ᠎ᠳᠤ ᠴᠢᠷᠮᠠᠢ᠌ᠬᠤ ᠴᠢᠭᠯᠡᠯ᠎ᠢ ᠳᠤᠳᠤᠷᠬᠠᠢ ᠵᠢᠭ᠋ᠠᠵᠦ᠂ ᠦᠢ᠍ᠯᠡᠳᠦᠯᠬᠡ ᠵᠢᠨ ᠠᠷᠭ᠎ᠠ ᠵᠠᠮ᠎ᠢ ᠳᠤᠭᠳᠠᠭ᠋ᠠᠵᠦ ᠦᠭᠪᠡ᠃
ᠨᠠᠮ᠎ᠤᠨ ᠠᠷᠪᠠ ᠶᠢᠰᠦᠳᠦᠬᠡᠷ ᠶᠡᠬᠡ ᠬᠤᠷᠠᠯ ᠪᠠ ᠶᠡᠷᠦᠩᠭᠡᠢ ᠱᠦᠵᠢ ᠰᠢ ᠵᠢᠨ ᠫᠢᠩ᠎ᠤᠨ ᠴᠢᠬᠤᠯᠠ ᠵᠢᠭ᠋ᠠᠪᠤᠷᠢ ᠵᠢᠨ ᠵᠤᠷᠢᠭ ᠰᠠᠨᠠᠭ᠎ᠠ ᠵᠢ ᠪᠦᠬᠦ ᠳᠠᠯ᠎ᠠ᠎ᠪᠠᠷ ᠳᠤᠭᠤᠰᠢᠯᠠᠭᠤᠯᠵᠦ᠂ ᠭᠠᠨᠰᠤ ᠮᠤᠵᠢ ᠵᠢᠨ ᠨᠠᠮ᠎ᠤᠨ ᠬᠣᠷᠢᠶ᠎ᠠ ᠵᠢᠨ ᠱᠦᠵᠢ ᠯᠢᠨ ᠳ᠋ᠦᠸᠸ ᠠᠮᠢ ᠠᠬᠤᠢ ᠵᠢᠨ ᠦᠷᠳᠡᠭ᠎ᠤᠨ ᠦᠵᠡᠯᠲᠡ ᠵᠢ ᠯᠠᠪᠳᠠᠭᠤᠨ ᠪᠠᠳᠤᠳᠠᠢ ᠪᠤᠢ ᠪᠤᠯᠭ᠋ᠠᠵᠦ᠂ ᠠᠮᠢ ᠠᠬᠤᠢ ᠵᠢᠨ ᠪᠤᠯᠪᠠᠰᠤᠨ᠎ᠤ ᠪᠠᠢ᠌ᠭᠤᠯᠤᠯᠳᠠ ᠵᠢᠨ ᠬᠠᠷᠢᠭᠤᠴᠠᠯᠭ᠎ᠠ ᠵᠢ ᠡᠷᠡᠰ ᠰᠢᠭᠤᠷᠬᠠᠢ᠎ᠪᠠᠷ ᠡᠬᠦᠷᠬᠡᠯᠡᠵᠦ᠂ ᠮᠤᠵᠢ ᠵᠢᠨ ᠪᠣᠳᠠᠲᠤ ᠪᠠᠢ᠌ᠳᠠᠯ᠎ᠠᠴᠠ ᠭᠠᠷᠳᠠᠨ᠂ ᠠᠮᠢ ᠠᠬᠤᠢ ᠵᠢᠨ ᠪᠤᠯᠪᠠᠰᠤᠨ᠎ᠤ ᠬᠦᠨᠵᠡᠬᠡᠢ᠌ᠷᠡᠨ ᠬᠦᠭᠵᠢᠬᠦ ᠵᠢ ᠠᠬᠢᠭᠤᠯᠬᠤ ᠬᠡᠷᠡᠭᠳᠡᠢ ᠬᠡᠵᠦ ᠣᠯᠠᠨᠲᠠ ᠴᠢᠬᠤᠯᠠᠴᠢᠯᠠᠪᠠ᠃
ᠡᠭᠦᠨ᠎ᠳᠤ᠂ ᠭᠠᠨᠰᠤ ᠮᠤᠵᠢ ᠤᠷᠢᠳ ᠬᠤᠵᠢᠳ 《ᠠᠮᠢ ᠠᠬᠤᠢ ᠵᠢᠨ ᠠᠵᠤ ᠦᠢ᠍ᠯᠡᠰ᠎ᠤᠨ ᠰᠢᠰᠲ᠋ᠧᠮᠵᠢ ᠵᠢ ᠪᠠᠢ᠌ᠭᠤᠯᠵᠦ ᠪᠣᠬᠢᠷᠲᠤᠯ ᠦᠭᠡᠢ ᠬᠦᠭᠵᠢᠯᠳᠠ ᠵᠢ ᠠᠬᠢᠭᠤᠯᠬᠤ ᠳᠤᠬᠠᠢ ᠰᠢᠢ᠍ᠳᠪᠦᠷᠢ》᠂ 《ᠭᠠᠨᠰᠤ ᠮᠤᠵᠢ ᠵᠢᠨ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠬᠦᠭᠵᠢᠯᠳᠠ ᠵᠢ ᠠᠬᠢᠭᠤᠯᠬᠤ ᠳᠦᠯᠦᠪᠵᠢᠬᠦᠯᠬᠡ》᠂ 《ᠭᠠᠨᠰᠤ ᠮᠤᠵᠢ ᠵᠢᠨ ᠪᠤᠬᠢᠷᠳᠤᠯ᠎ᠢ ᠰᠡᠷᠬᠡᠢ᠌ᠯᠡᠨ ᠵᠠᠰᠠᠬᠤ ᠰᠢᠪᠳᠤᠯᠤᠯᠳᠠ ᠵᠢᠨ ᠳᠦᠰᠦᠯ》᠂ 《ᠠᠮᠢ ᠠᠬᠤᠢ᠎ᠢ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢ ᠪᠦᠬᠦ ᠳᠠᠯ᠎ᠠ᠎ᠪᠠᠷ ᠴᠢᠩᠭ᠋ᠠᠳᠬᠠᠵᠦ ᠪᠤᠬᠢᠷᠳᠤᠯ᠎ᠢ ᠰᠡᠷᠬᠡᠢ᠌ᠯᠡᠨ ᠵᠠᠰᠠᠬᠤ ᠰᠢᠪᠳᠤᠯᠤᠯᠳᠠ ᠵᠢᠨ ᠳᠠᠢ᠌ᠯᠠᠯᠳᠤᠭ᠋ᠠᠨ᠎ᠢ ᠰᠠᠢ᠌ᠳᠤᠷ ᠬᠢᠬᠦ ᠳᠤᠬᠠᠢ ᠬᠡᠷᠡᠭᠵᠢᠬᠦᠯᠬᠦ ᠰᠠᠨᠠᠯ》 《ᠭᠠᠨᠰᠤ ᠮᠤᠵᠢ ᠵᠢᠨ ᠬᠦᠬᠡ ᠣᠭᠲᠠᠷᠭᠤᠢ ᠵᠢ ᠬᠠᠮᠠᠭ᠋ᠠᠯᠠᠬᠤ ᠳᠠᠢ᠌ᠯᠠᠯᠳᠤᠭ᠋ᠠᠨ᠎ᠤ ᠢᠯᠠᠯᠳᠠ ᠵᠢ ᠤᠯᠬᠤ ᠭᠤᠷᠪᠠᠨ ᠵᠢᠯ᠎ᠤᠨ ᠠᠵᠢᠯᠯᠠᠭ᠎ᠠ ᠵᠢᠨ ᠪᠠᠢ᠌ᠯᠳᠤᠭ᠋ᠠᠨ᠎ᠤ ᠳᠦᠰᠦᠯ》 ᠵᠡᠷᠬᠡ ᠠᠯᠢ ᠣᠯᠠᠨ ᠳᠦᠷᠦ ᠵᠢᠨ ᠪᠤᠳᠤᠯᠭ᠎ᠠ ᠵᠢᠨ ᠠᠷᠭ᠎ᠠ ᠬᠡᠮᠵᠢᠶ᠎ᠡ ᠳᠤᠬᠳᠠᠭ᠋ᠠᠵᠦ᠂ ᠪᠣᠬᠢᠷᠲᠤᠯ ᠦᠭᠡᠢ ᠬᠥᠭᠵᠢᠯᠲᠡ ᠮᠠᠨᠳᠤᠯᠲᠠ ᠵᠢᠨ ᠵᠠᠮ ᠵᠶ᠋ᠡᠷ ᠭᠤᠢ᠌ᠪᠢᠰᠢ ᠦᠭᠡᠢ ᠵᠠᠮᠨᠠᠵᠤ ᠪᠠᠢ᠌ᠨ᠎ᠠ᠃
ᠮᠤᠵᠢ ᠵᠢᠨ ᠪᠤᠳᠠᠳᠠᠢ ᠪᠠᠢ᠌ᠳᠠᠯ᠎ᠳᠤ᠎ᠪᠠᠨ ᠰᠠᠭᠤᠷᠢᠯᠠᠨ᠂ ᠦᠢ᠍ᠯᠡᠳᠪᠦᠷᠢᠯᠡᠯ ᠬᠥᠭᠵᠢᠭᠰᠡᠨ᠂ ᠠᠮᠢᠳᠤᠷᠠᠯ ᠴᠢᠨᠡᠭᠡᠯᠢᠭᠵᠢᠭᠰᠡᠨ᠂ ᠠᠮᠢ ᠠᠬᠤᠢ ᠰᠠᠢ᠌ᠨ ᠰᠠᠢ᠌ᠬᠠᠨ ᠪᠣᠬᠢᠷᠲᠤᠯ ᠦᠭᠡᠢ ᠬᠦᠭᠵᠢᠯᠳᠠ ᠵᠢᠨ ᠵᠠᠮ ᠵᠶ᠋ᠡᠷ ᠭᠤᠢ᠌ᠪᠢᠰᠢ ᠦᠬᠡᠢ ᠵᠠᠮᠨᠠᠵᠤ ᠪᠠᠢ᠌ᠨ᠎ᠠ
ᠠᠵᠤ ᠠᠬᠤᠢ ᠵᠢᠨ ᠬᠦᠭᠵᠢᠯᠳᠠ ᠪᠠ ᠠᠮᠢ ᠠᠬᠤᠢ ᠵᠢᠨ ᠪᠦᠳᠦᠬᠡᠨ ᠪᠠᠢ᠌ᠭᠤᠯᠤᠯᠳᠠ ᠵᠢ ᠵᠣᠬᠢᠴᠠᠭᠤᠯᠤᠨ ᠠᠬᠢᠭᠤᠯᠵᠦ᠂ ᠦᠢ᠍ᠯᠡᠳᠪᠦᠷᠢᠯᠡᠯ᠎ᠢ ᠬᠥᠭᠵᠢᠭᠦᠯᠬᠦ᠂ ᠠᠮᠢᠳᠤᠷᠠᠯ᠎ᠢ ᠴᠢᠨᠡᠭᠡᠯᠢᠭᠵᠢᠭᠦᠯᠬᠦ᠂ ᠠᠮᠢ ᠠᠬᠤᠢ ᠰᠠᠢ᠌ᠨ ᠰᠠᠢ᠌ᠬᠠᠨ ᠪᠤᠯᠪᠠᠰᠤᠨ ᠬᠦᠭᠵᠢᠯᠳᠠ ᠵᠢᠨ ᠵᠠᠮ ᠵᠶ᠋ᠡᠷ ᠭᠤᠢ᠌ᠪᠢᠰᠢ ᠦᠬᠡᠢ ᠵᠠᠮᠨᠠᠬᠤ ᠪᠤᠯ ᠨᠠᠮ᠎ᠤᠨ ᠳᠦᠪ ᠬᠤᠷᠢᠶ᠎ᠠ᠎ᠠᠴᠠ ᠭᠠᠨᠰᠤ᠎ᠳᠤ ᠳᠤᠰᠢᠶᠠᠵᠦ ᠦᠭᠭᠦᠭᠰᠡᠨ ᠤᠯᠤᠰ ᠳᠦᠷᠦ ᠵᠢᠨ ᠡᠬᠦᠷᠬᠡ ᠪᠤᠯᠤᠨ᠎ᠠ᠃
ᠭᠡᠲᠡᠯ᠎ᠡ ᠭᠠᠨᠰᠤ ᠮᠤᠵᠢ ᠵᠢᠨ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠬᠦᠭᠵᠢᠯᠳᠠ ᠵᠢᠨ ᠬᠢᠷᠢ ᠳᠦᠪᠰᠢᠨ ᠮᠥᠨ ᠬᠦ᠌ ᠨᠡᠯᠢᠶᠡᠳ ᠳᠤᠤᠷ᠎ᠠ᠂ ᠠᠷᠠᠳ ᠳᠦᠮᠡᠨ᠎ᠤ ᠡᠳᠦᠷ ᠢᠷᠡᠬᠦᠶ᠎ᠡ ᠨᠡᠮᠡᠭᠳᠡᠵᠦ ᠪᠠᠢ᠌ᠭ᠎ᠠ ᠭᠣᠶᠣ ᠰᠢᠯᠢᠳᠡᠭ ᠠᠮᠢ ᠠᠬᠤᠢ ᠵᠢᠨ ᠤᠷᠴᠢᠨ ᠳᠤᠭᠤᠷᠢᠨ᠎ᠤ ᠬᠡᠷᠡᠭᠴᠡᠬᠡ ᠬᠢᠬᠡᠳ ᠨᠡᠩ ᠤᠯᠠᠨ ᠴᠢᠨᠠᠷᠯᠢᠭ ᠠᠮᠢ ᠠᠬᠤᠢ ᠵᠢᠨ ᠪᠦᠳᠦᠬᠡᠭᠳᠡᠬᠦᠨ᠎ᠤ ᠬᠠᠩᠭ᠋ᠠᠯᠭ᠎ᠠ ᠵᠢᠨ ᠬᠤᠭᠤᠷᠤᠨᠳᠤᠬᠢ ᠵᠦᠷᠢᠴᠡᠯ ᠳᠤᠪᠤᠢ᠌ᠮ᠎ᠠ ᠪᠠᠢ᠌ᠵᠦ᠂ ᠬᠦᠭᠵᠢᠯᠳᠠ ᠪᠠ ᠬᠠᠮᠠᠭ᠋ᠠᠯᠠᠯᠳᠠ ᠵᠢᠨ ᠵᠦᠷᠢᠴᠡᠯ ᠮᠦᠨ ᠮᠠᠰᠢ ᠲᠣᠪᠣᠢ᠌ᠮ᠎ᠠ ᠪᠠᠢ᠌ᠨ᠎ᠠ᠃ ᠡᠨᠡ᠎ᠨᠢ ᠭᠤᠤᠯᠳᠠᠭᠤ ᠳᠦᠬᠦᠬᠡᠢ ᠮᠠᠲᠸᠷᠢᠶᠠᠯ᠎ᠤᠨ ᠠᠵᠤ ᠦᠢ᠍ᠯᠡᠳᠪᠦᠷᠢ ᠵᠢᠨ ᠬᠠᠷᠢᠴᠠᠯ᠎ᠨᠢ ᠦᠨᠳᠦᠷ᠂ ᠠᠮᠢ ᠠᠬᠤᠢ ᠵᠢᠨ ᠠᠵᠤ ᠦᠢ᠍ᠯᠡᠰ᠎ᠤᠨ ᠬᠣᠯᠪᠣᠭ᠋ᠠᠰᠤ᠎ᠨᠢ ᠤᠬᠤᠷ᠂ ᠪᠦᠳᠦᠬᠡᠭᠳᠡᠬᠦᠨ᠎ᠤ ᠳᠡᠰ ᠳᠠᠪᠬᠤᠷᠭ᠎ᠠ᠎ᠨᠢ ᠳᠤᠤᠷ᠎ᠠ᠂ ᠰᠢᠨ᠎ᠡ ᠡᠨ᠋ᠸᠷᠬᠢ ᠵᠢ ᠳᠤᠬᠠᠢ ᠵᠢᠨ ᠭᠠᠵᠠᠷ᠎ᠲᠤ᠎ᠪᠠᠨ ᠪᠠᠬᠳᠠᠭ᠋ᠠᠨ ᠰᠢᠩᠭᠡᠭᠡᠬᠦ ᠪᠠ ᠭᠠᠳᠠᠬᠰᠢ ᠳᠠᠮᠵᠢᠭᠤᠯᠬᠤ ᠴᠢᠳᠠᠪᠤᠷᠢ᠎ᠨᠢ ᠭᠦᠢ᠍ᠴᠡᠳ ᠪᠤᠰᠤ᠂ ᠡᠨ᠋ᠸᠷᠬᠢ ᠵᠢ ᠠᠷᠪᠢᠯᠠᠨ ᠤᠷᠴᠢᠨ ᠳᠤᠭᠤᠷᠢᠨ᠎ᠢ ᠬᠠᠮᠠᠭ᠋ᠠᠯᠠᠬᠤ᠂ ᠠᠷᠢᠭᠤᠨ ᠴᠡᠪᠡᠷ ᠵᠶ᠋ᠡᠷ ᠦᠢ᠍ᠯᠡᠳᠪᠦᠷᠢᠯᠡᠬᠦ᠂ ᠳ᠋ᠠᠢ᠌ᠲ᠋ᠠ ᠮᠡᠳᠡᠬᠡ ᠵᠠᠩᠭᠢ ᠵᠡᠷᠬᠡ ᠰᠢᠨ᠎ᠡ᠎ᠪᠠᠷ ᠮᠠᠨᠳᠤᠭᠰᠠᠨ ᠠᠵᠤ ᠦᠢ᠍ᠯᠡᠰ᠎ᠨᠢ ᠡᠬᠢᠯᠠᠯᠳᠠ ᠵᠢᠨ ᠱᠠᠳᠤᠨ᠎ᠳᠤ ᠣᠷᠣᠰᠢᠵᠤ᠂ ᠬᠡᠰᠡᠭ ᠭᠠᠵᠠᠷ ᠤᠷᠤᠨ᠎ᠤ ᠠᠮᠢ ᠠᠬᠤᠢ ᠵᠢᠨ ᠮᠠᠭᠤᠳᠠᠯ᠎ᠤᠨ ᠬᠠᠨᠳᠤᠰᠢ ᠵᠢ ᠪᠦᠳᠦᠮᠵᠢᠳᠠᠢ ᠡᠷᠬᠡᠰᠢᠶᠡᠵᠦ ᠴᠢᠳᠠᠭ᠋ᠠᠳᠤᠢ᠂ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠬᠦᠭᠵᠢᠯᠳᠠ ᠵᠢ ᠳᠡᠮᠵᠢᠬᠦ ᠰᠢᠨᠵᠢᠯᠡᠬᠦ ᠤᠬᠠᠭ᠋ᠠᠨ ᠲᠧᠭᠨᠢᠭ ᠮᠡᠷᠬᠡᠵᠢᠯ᠎ᠤᠨ ᠰᠢᠨᠡᠴᠢᠯᠡᠯᠳᠡ᠂ ᠡᠳ᠋᠎ᠤᠨ ᠵᠠᠰᠠᠭ᠎ᠤᠨ ᠭᠠᠢ᠌ᠯᠢ ᠵᠢᠨ ᠳᠦᠷᠦ ᠵᠢᠨ ᠪᠤᠳᠤᠯᠭ᠎ᠠ᠂ ᠪᠣᠬᠢᠷᠲᠤᠯ ᠦᠭᠡᠢ ᠮᠦᠩᠭᠦᠨ ᠬᠦᠢ᠍ᠯᠬᠡᠬᠡ᠂ ᠪᠡᠯᠡ ᠮᠦᠩᠭᠦ ᠵᠢᠨ ᠳᠡᠮᠵᠢᠯᠭᠡ᠂ ᠴᠢᠳᠠᠪᠤᠷᠢᠳᠠᠨ᠎ᠤ ᠲᠤᠯᠭ᠋ᠠᠭᠤᠷᠢᠯᠠᠯ ᠵᠡᠷᠬᠡ ᠳᠠᠯ᠎ᠠ᠎ᠪᠠᠷ᠎ᠬᠢ ᠪᠠᠲᠤᠯᠠᠭ᠎ᠠ ᠵᠢᠨ ᠴᠢᠳᠠᠪᠤᠷᠢ ᠢᠯᠡᠳᠲᠡ ᠭᠦᠢ᠍ᠴᠡᠳ ᠪᠤᠰᠤ᠂ ᠠᠮᠢ ᠠᠬᠤᠢ ᠵᠢᠨ ᠠᠵᠤ ᠦᠢ᠍ᠯᠡᠰ᠎ᠢ ᠬᠦᠭᠵᠢᠬᠦᠯᠦᠨ᠂ ᠪᠣᠬᠢᠷᠲᠤᠯ ᠦᠭᠡᠢ᠎ᠪᠠᠷ ᠬᠥᠭᠵᠢᠭᠦᠯᠦᠨ ᠮᠠᠨᠳᠤᠭᠤᠯᠬᠤ ᠡᠬᠦᠷᠬᠡ ᠬᠦᠨᠳᠤ ᠵᠠᠮ ᠬᠤᠯᠠ ᠪᠠᠢ᠌ᠬᠰᠠᠭ᠋ᠠᠷ᠃
ᠮᠤᠵᠢ ᠵᠢᠨ ᠪᠤᠳᠠᠳᠠᠢ ᠪᠠᠢ᠌ᠳᠠᠯ᠎ᠳᠤ᠎ᠪᠠᠨ ᠰᠠᠭᠤᠷᠢᠯᠠᠵᠦ᠂ ᠬᠡᠷᠬᠢᠨ ᠠᠮᠢ ᠠᠬᠤᠢ ᠵᠢᠨ ᠠᠵᠤ ᠦᠢ᠍ᠯᠡᠰ᠎ᠢ ᠬᠦᠭᠵᠢᠬᠦᠯᠦᠨ᠂ ᠪᠣᠬᠢᠷᠲᠤᠯ ᠦᠭᠡᠢ᠎ᠪᠠᠷ ᠬᠥᠭᠵᠢᠭᠦᠯᠦᠨ ᠮᠠᠨᠳᠤᠭᠤᠯᠬᠤ ᠵᠢ ᠪᠡᠶᠡᠯᠡᠭᠦᠯᠬᠦ ᠪᠤᠢ?
ᠡᠬᠦᠨ᠎ᠤ ᠳᠤᠬᠠᠢ ᠯᠢᠨ ᠳ᠋ᠦᠸᠸ ᠪᠦᠬᠦ ᠮᠤᠵᠢ ᠵᠢᠨ ᠠᠮᠢ ᠠᠬᠤᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠶᠡᠬᠡ ᠬᠤᠷᠠᠯ ᠳᠡᠬᠡᠷ᠎ᠡ᠂ ᠰᠢ ᠵᠢᠨ ᠫᠢᠩ᠎ᠤᠨ ᠠᠮᠢ ᠠᠬᠤᠢ ᠵᠢᠨ ᠪᠤᠯᠪᠠᠰᠤᠨ᠎ᠤ ᠦᠵᠡᠯ ᠰᠠᠨᠠᠭ᠎ᠠ ᠵᠢᠨ ᠪᠣᠬᠢᠷᠲᠤᠯ ᠦᠭᠡᠢ ᠬᠦᠭᠵᠢᠯᠳᠠ ᠵᠢᠨ ᠦᠵᠡᠯᠳᠡ ᠵᠢ ᠬᠦᠨᠵᠡᠬᠡᠢ ᠡᠵᠡᠮᠰᠢᠵᠦ᠂ ᠡᠬᠢ ᠪᠠᠶᠠᠯᠢᠭ᠎ᠢ ᠠᠷᠪᠢᠯᠠᠬᠤ ᠪᠠ ᠤᠷᠴᠢᠨ ᠳᠤᠭᠤᠷᠢᠨ᠎ᠢ ᠬᠠᠮᠠᠭ᠋ᠠᠯᠠᠬᠤ ᠤᠷᠤᠨ ᠵᠠᠢ ᠵᠢᠨ ᠪᠠᠢ᠌ᠷᠢᠯᠠᠭᠤᠯᠤᠯᠲᠠ᠂ ᠠᠵᠤ ᠦᠢ᠍ᠯᠡᠰ᠎ᠤᠨ ᠪᠦᠳᠦᠴᠡ᠂ ᠦᠢ᠍ᠯᠡᠳᠪᠦᠷᠢᠯᠡᠯ᠎ᠤᠨ ᠠᠷᠭ᠎ᠠ ᠮᠠᠶᠢᠭ᠂ ᠠᠮᠢᠳᠤᠷᠠᠯ᠎ᠤᠨ ᠠᠷᠭ᠎ᠠ ᠮᠠᠶᠢᠭ᠎ᠢ ᠲᠦᠷᠭᠡᠳᠬᠡᠨ ᠪᠦᠷᠢᠯᠳᠦᠬᠦᠯᠬᠦ ᠬᠡᠷᠡᠭᠳᠡᠢ ᠬᠡᠵᠦ ᠴᠢᠬᠤᠯᠠᠴᠢᠯᠠᠵᠠᠢ᠃
ᠡᠭᠦᠨ᠎ᠲᠠᠢ ᠠᠳᠠᠯᠢ᠎ᠪᠠᠷ᠂ ᠭᠠᠨᠰᠤ ᠮᠤᠵᠢ ᠵᠢᠨ ᠳᠠᠷᠤᠭ᠎ᠠ ᠳᠠᠩ ᠿᠸᠨ ᠵᠢᠶᠠᠨ ᠠᠩᠬᠠᠳᠤᠭ᠋ᠠᠷ ᠬᠤᠭᠤᠴᠠᠭ᠋ᠠᠨ᠎ᠤ ᠭᠠᠨᠰᠦ ᠵᠢᠨ ᠴᠢ ᠯᠢᠶᠠᠨ ᠱᠠᠨ᠎ᠤ ᠲᠦᠷᠦᠭᠦᠴᠦᠳ᠎ᠤᠨ ᠶᠠᠷᠢᠯᠴᠠᠭ᠋ᠠᠨ᠎ᠤ ᠳᠠᠪᠴᠠᠩ᠎ᠤᠨ ᠡᠬᠢᠯᠡᠯᠳᠡ ᠵᠢᠨ ᠶᠤᠰᠤᠯᠠᠯ ᠳᠡᠬᠡᠷ᠎ᠡ᠂ ᠭᠠᠨᠰᠤ ᠶᠠᠭ ᠰᠠᠢ᠌ᠬᠠᠨ ᠴᠢ ᠯᠢᠶᠠᠨ ᠱᠠᠨ ᠠᠭᠤᠯᠠ ᠵᠢᠨ ᠠᠮᠢ ᠠᠬᠤᠢ ᠵᠢᠨ ᠤᠷᠴᠢᠨ ᠳᠤᠭᠤᠷᠢᠨ᠎ᠤ ᠡᠪᠳᠡᠭᠳᠡᠭᠰᠡᠨ ᠠᠰᠠᠭᠤᠳᠠᠯ᠎ᠠᠴᠠ ᠬᠦᠨᠵᠡᠬᠡᠢ ᠰᠤᠷᠭ᠋ᠠᠮᠵᠢ ᠠᠪᠴᠤ᠂ ᠦᠩᠭᠡᠷᠡᠭᠰᠡᠨ᠎ᠤ ᠠᠯᠢ ᠴᠦ᠍ ᠦᠶ᠎ᠡ᠎ᠠᠴᠠ ᠢᠯᠡᠬᠦᠦ᠂ ᠠᠯᠢ ᠴᠦ᠍ ᠮᠤᠵᠢ᠎ᠠᠴᠠ ᠢᠯᠡᠬᠦᠦ ᠪᠣᠬᠢᠷᠲᠤᠯ ᠦᠭᠡᠢ ᠪᠥᠭᠡᠳ ᠴᠢᠨᠠᠷᠯᠢᠭ ᠬᠦᠭᠵᠢᠯᠳᠠ ᠵᠢ ᠡᠷᠬᠢᠮᠯᠡᠵᠦ᠂ ᠬᠡᠢ᠌ᠰᠪᠦᠷᠢ᠂ ᠡᠷᠡᠭᠦᠯ ᠪᠤᠰᠤ᠂ ᠬᠠᠭᠤᠷᠮᠠᠭ᠂ ᠦᠨ᠎ᠡ ᠥᠷᠲᠡᠭ ᠭᠠᠷᠭ᠋ᠠᠬᠤ GDP ᠵᠢ ᠡᠷᠡᠰ ᠳᠡᠪᠴᠢᠬᠦ ᠬᠡᠷᠡᠭᠳᠡᠢ ᠭᠡᠵᠡᠢ᠃
《ᠭᠠᠨᠰᠤ ᠮᠤᠵᠢ ᠡᠬᠦᠨ᠎ᠠᠴᠠ ᠬᠣᠢ᠌ᠰᠢᠳᠠ ᠳᠠᠬᠢᠭ᠋ᠠᠳ ᠴᠢ ᠯᠢᠶᠠᠨ ᠱᠠᠨ ᠠᠭᠤᠯᠠ ᠮᠡᠳᠦ ᠵᠢᠨ ᠡᠵᠢ ᠠᠭᠤᠯᠠ᠂ ᠬᠠᠳᠤᠨ ᠭᠤᠤᠯ ᠮᠡᠳᠦ ᠵᠢᠨ ᠡᠵᠢ ᠭᠤᠤᠯ ᠳᠡᠬᠡᠷ᠎ᠡ ᠰᠠᠨᠠᠭ᠎ᠠ ᠬᠠᠶᠠᠵᠦ ᠭᠤᠷᠢᠳᠠᠯ ᠡᠪᠤᠷᠯᠡᠬᠦ ᠦᠬᠡᠢ᠂ ᠬᠠᠷᠢᠨ ᠠᠮᠢ ᠠᠬᠤᠢ ᠵᠢᠨ ᠤᠷᠴᠢᠨ ᠳᠤᠭᠤᠷᠢᠨ᠎ᠤ ᠠᠰᠠᠭᠤᠳᠠᠯ᠎ᠢ ᠦᠨᠳᠦᠰᠦᠨ᠎ᠠᠴᠠ᠎ᠨᠢ ᠰᠢᠢ᠍ᠳᠪᠦᠷᠢᠯᠡᠵᠦ᠂ ᠪᠣᠬᠢᠷᠲᠤᠯ ᠦᠭᠡᠢ ᠬᠦᠭᠵᠢᠯᠳᠠ ᠵᠢ ᠠᠬᠢᠭᠤᠯᠬᠤ ᠰᠢᠨ᠎ᠡ ᠵᠠᠮ᠎ᠢ ᠬᠠᠢ᠌ᠨ ᠰᠦᠪᠡᠭᠴᠢᠯᠡᠨ᠎ᠡ᠃》 ᠭᠠᠨᠰᠤ ᠮᠤᠵᠢ ᠵᠢᠨ ᠵᠠᠰᠠᠭ᠎ᠤᠨ ᠤᠷᠳᠤᠨ᠎ᠤ ᠠᠯᠪᠠᠨ ᠳᠢᠩᠭᠢᠮ᠎ᠤᠨ ᠡᠷᠬᠢᠯᠡᠭᠴᠢ ᠲᠸᠩ ᠵᠢᠢ ᠬᠦᠸᠸ ᠵᠢᠨ ᠬᠡᠯᠡᠬᠦ᠎ᠳᠤ᠎ᠪᠠᠨ 《ᠬᠦᠭᠵᠢᠯᠳᠠ ᠵᠢᠨ ᠰᠢᠨ᠎ᠡ ᠵᠠᠮ》᠎ᠨᠢ ᠶᠠᠭ ᠰᠠᠢ᠌ᠬᠠᠨ ᠭᠠᠨᠰᠤ ᠮᠤᠵᠢ ᠵᠢᠨ ᠨᠠᠮ᠎ᠤᠨ ᠬᠤᠷᠢᠶ᠎ᠠ᠂ ᠮᠤᠵᠢ ᠵᠢᠨ ᠵᠠᠰᠠᠭ᠎ᠤᠨ ᠤᠷᠳᠤᠨ᠎ᠤ ᠳᠤᠷᠠᠳᠤᠬᠰᠠᠨ ᠠᠷᠪᠠᠨ ᠶᠡᠬᠡ ᠠᠮᠢ ᠠᠬᠤᠢ ᠵᠢᠨ ᠠᠵᠤ ᠦᠢ᠍ᠯᠡᠰ᠎ᠤᠨ ᠰᠢᠰᠲ᠋ᠧᠮᠵᠢ ᠵᠢ ᠪᠠᠢ᠌ᠭᠤᠯᠤᠨ᠂ ᠦᠢ᠍ᠯᠡᠳᠪᠦᠷᠢᠯᠡᠯ ᠬᠥᠭᠵᠢᠭᠰᠡᠨ᠂ ᠠᠮᠢᠳᠤᠷᠠᠯ ᠴᠢᠨᠡᠭᠡᠯᠢᠭᠵᠢᠭᠰᠡᠨ᠂ ᠠᠮᠢ ᠠᠬᠤᠢ ᠰᠠᠢ᠌ᠨ ᠰᠠᠢ᠌ᠬᠠᠨ ᠪᠤᠯᠪᠠᠰᠤᠨ ᠵᠶ᠋ᠠᠷ ᠬᠥᠭᠵᠢᠭᠦᠯᠦᠨ ᠮᠠᠨᠳᠤᠭᠤᠯᠬᠤ ᠵᠠᠮ ᠵᠶ᠋ᠡᠷ ᠭᠤᠢ᠌ᠪᠢᠰᠢ ᠦᠬᠡᠢ ᠵᠠᠮᠨᠠᠬᠤ ᠶᠠᠪᠤᠳᠠᠯ ᠮᠥᠨ ᠭᠡᠵᠡᠢ᠃
ᠭᠠᠨᠰᠤ ᠮᠤᠵᠢ ᠵᠢᠨ ᠨᠠᠮ᠎ᠤᠨ ᠬᠤᠷᠢᠶ᠎ᠠ᠂ ᠮᠤᠵᠢ ᠵᠢᠨ ᠵᠠᠰᠠᠭ᠎ᠤᠨ ᠤᠷᠳᠤᠨ᠎ᠠᠴᠠ ᠴᠢᠨᠠᠷᠯᠢᠭ ᠬᠦᠭᠵᠢᠯᠳᠠ ᠵᠢ ᠠᠬᠢᠭᠤᠯᠬᠤ ᠵᠢ ᠪᠠᠷᠢᠮᠳᠠᠯᠠᠬᠤ᠎ᠪᠠᠷ ᠭᠠᠨᠰᠤ ᠮᠤᠵᠢ ᠵᠢᠨ ᠳᠤᠯᠭ᠋ᠠᠷᠠᠵᠦ ᠪᠠᠢ᠌ᠭ᠎ᠠ ᠠᠰᠠᠭᠤᠳᠠᠯ᠎ᠢ ᠰᠢᠢ᠍ᠳᠪᠦᠷᠢᠯᠡᠬᠦ 《ᠳᠦᠯᠬᠢᠬᠦᠷ》 ᠪᠣᠯᠭ᠋ᠠᠨ᠂ ᠶᠠᠳᠠᠭᠤ᠎ᠠᠴᠠ ᠠᠩᠭᠢᠵᠢᠷᠠᠭᠤᠯᠬᠤ ᠪᠠ ᠠᠮᠢ ᠠᠬᠤᠢ ᠬᠡᠬᠦ ᠬᠤᠶᠠᠷ ᠰᠠᠭᠤᠷᠢ ᠴᠢᠨᠠᠷᠳᠠᠢ ᠡᠬᠦᠷᠬᠡ ᠵᠢ ᠴᠢᠩᠭ᠎ᠠ ᠠᠳᠬᠤᠵᠦ᠂ ᠤᠯᠠᠨ ᠶᠠᠩᠵᠦ ᠵᠢᠨ ᠪᠠ ᠤᠷᠤᠨ ᠪᠠᠢ᠌ᠷᠢ ᠵᠢᠨ ᠬᠤᠶᠠᠷ ᠳᠠᠪᠠᠭᠤᠯᠢᠭ ᠵᠶ᠋ᠡᠨ ᠬᠦᠨᠵᠡᠬᠡᠢ ᠠᠭᠤᠳᠠᠯᠵᠤ᠂ ᠠᠵᠤ ᠠᠬᠤᠢ ᠬᠥᠭᠵᠢᠭᠰᠡᠨ᠂ ᠠᠭᠤᠯᠠ ᠤᠰᠤ ᠦᠵᠡᠰᠬᠦᠯᠡᠩ ᠰᠠᠢ᠌ᠬᠠᠨ᠂ ᠦᠨᠳᠦᠰᠦᠳᠡᠨ᠎ᠨᠦᠭᠦᠳ ᠪᠦᠯᠬᠦᠮᠳᠡᠯ᠎ᠲᠠᠢ᠂ ᠨᠡᠢ᠌ᠬᠡᠮ ᠡᠶ᠎ᠡ ᠵᠤᠬᠢᠴᠠᠩᠭᠤᠢ ᠵᠤᠯ ᠵᠢᠷᠭ᠋ᠠᠯᠳᠤ ᠰᠠᠢ᠌ᠨ ᠰᠠᠢ᠌ᠬᠠᠨ ᠭᠠᠨᠰᠤ ᠵᠢ ᠲᠦᠷᠭᠡᠳᠬᠡᠨ ᠪᠦᠳᠦᠬᠡᠨ ᠪᠠᠢ᠌ᠭᠤᠯᠵᠦ ᠪᠠᠢ᠌ᠨ᠎ᠠ᠃
ᠨᠢᠬᠡ 《ᠲᠣᠭᠲᠠᠭ᠋ᠠᠯ》 ᠨᠢᠬᠡ 《ᠳᠦᠯᠦᠪᠵᠢᠬᠦᠯᠬᠡ》᠎ᠨᠢ ᠪᠣᠬᠢᠷᠲᠤᠯ ᠦᠭᠡᠢ ᠬᠦᠭᠵᠢᠯᠳᠠ ᠵᠢᠨ ᠵᠢᠷᠤᠭ ᠲᠥᠯᠥᠪᠯᠡᠭᠡ ᠵᠢ ᠵᠢᠷᠤᠬᠯᠠᠨ ᠪᠦᠳᠦᠬᠡᠪᠡ
ᠡᠨᠡ ᠵᠢᠯ᠎ᠠᠴᠠ ᠨᠠᠭ᠋ᠠᠰᠢ᠂ ᠭᠠᠨᠰᠤ ᠮᠤᠵᠢ ᠵᠢᠨ ᠨᠠᠮ᠎ᠤᠨ ᠬᠤᠷᠢᠶ᠎ᠠ 《ᠠᠮᠢ ᠠᠬᠤᠢ ᠵᠢᠨ ᠠᠵᠤ ᠦᠢ᠍ᠯᠡᠰ᠎ᠤᠨ ᠰᠢᠰᠲ᠋ᠧᠮᠵᠢ ᠵᠢ ᠪᠠᠢ᠌ᠭᠤᠯᠤᠨ ᠪᠣᠬᠢᠷᠲᠤᠯ ᠦᠭᠡᠢ᠎ᠪᠠᠷ ᠬᠥᠭᠵᠢᠭᠦᠯᠦᠨ ᠮᠠᠨᠳᠤᠭᠤᠯᠬᠤ ᠵᠢ ᠠᠬᠢᠭᠤᠯᠬᠤ ᠳᠤᠬᠠᠢ ᠲᠣᠭᠲᠠᠭ᠋ᠠᠯ》 ᠭᠠᠷᠭ᠋ᠠᠵᠦ᠂ ᠮᠤᠵᠢ ᠵᠢᠨ ᠵᠠᠰᠠᠭ᠎ᠤᠨ ᠤᠷᠳᠤᠨ 《ᠭᠠᠨᠰᠤ ᠮᠤᠵᠢ ᠵᠢᠨ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠬᠦᠭᠵᠢᠯᠳᠠ ᠵᠢ ᠠᠬᠢᠭᠤᠯᠬᠤ ᠳᠦᠯᠦᠪᠵᠢᠬᠦᠯᠬᠡ》 ᠵᠢ ᠨᠡᠢ᠌ᠳᠡᠯᠡᠵᠦ᠂ ᠠᠷᠪᠠᠨ ᠶᠡᠬᠡ ᠠᠮᠢ ᠠᠬᠤᠢ ᠵᠢᠨ ᠠᠵᠤ ᠦᠢ᠍ᠯᠡᠰ᠎ᠤᠨ ᠳᠤᠰᠬᠠᠢ ᠵᠦᠢ᠍ᠯ᠎ᠤᠨ ᠠᠵᠢᠯᠯᠠᠭ᠎ᠠ ᠵᠢᠨ ᠳᠦᠯᠦᠪᠯᠡᠬᠡ ᠵᠢ ᠲᠣᠭᠲᠠᠭ᠋ᠠᠨ ᠳᠠᠷᠤᠮᠠᠯᠯᠠᠨ ᠲᠠᠷᠬᠠᠭ᠋ᠠᠵᠤ᠂ ᠠᠷᠢᠭᠤᠨ ᠴᠡᠪᠡᠷ ᠵᠶ᠋ᠠᠷ ᠦᠢ᠍ᠯᠡᠳᠪᠦᠷᠢᠯᠡᠬᠦ᠂ ᠡᠨ᠋ᠸᠷᠬᠢ ᠵᠢ ᠠᠷᠪᠢᠯᠠᠨ ᠤᠷᠴᠢᠨ ᠳᠤᠭᠤᠷᠢᠨ᠎ᠢ ᠬᠠᠮᠠᠭ᠋ᠠᠯᠠᠬᠤ᠂ ᠴᠡᠪᠡᠷ ᠡᠨ᠋ᠸᠷᠬᠢ᠂ ᠳᠡᠷᠢᠬᠦᠨ᠎ᠤ ᠦᠢ᠍ᠯᠡᠳᠬᠡᠯ᠂ ᠰᠤᠶᠤᠯ ᠵᠢᠭᠤᠯᠴᠢᠯᠠᠯ᠂ ᠨᠡᠪᠲᠡᠷᠡᠬᠦ ᠵᠠᠮ᠎ᠤᠨ ᠪᠠᠷᠠᠭ᠋ᠠᠨ᠎ᠤ ᠬᠦᠢ᠍ᠯᠬᠡᠬᠡ᠂ ᠡᠷᠭᠢᠯᠲᠡᠲᠦ ᠳᠠᠷᠢᠶᠠᠯᠠᠩ᠂ ᠬᠢᠳᠡᠳ ᠡᠮ ᠡᠮᠨᠡᠯᠬᠡ᠂ ᠳ᠋ᠠᠢ᠌ᠲ᠋ᠠ ᠵᠢᠨ ᠮᠡᠳᠡᠬᠡ ᠵᠠᠩᠭᠢ᠂ ᠴᠡᠷᠢᠭ ᠠᠷᠠᠳ᠎ᠤᠨ ᠬᠠᠮ ᠬᠥᠭᠵᠢᠭᠦᠯᠦᠯᠲᠡ ᠵᠡᠷᠬᠡ ᠠᠷᠪᠠᠨ ᠶᠡᠬᠡ ᠠᠮᠢ ᠠᠬᠤᠢ ᠵᠢᠨ ᠠᠵᠤ ᠦᠢ᠍ᠯᠡᠰ᠎ᠢ ᠬᠥᠮᠥᠵᠢᠭᠦᠯᠦᠨ ᠬᠦᠭᠵᠢᠬᠦᠯᠬᠦ᠎ᠪᠠᠷ ᠳᠤᠳᠤᠷᠬᠠᠢ ᠳᠤᠷᠠᠳᠴᠠᠢ᠃
ᠲᠠᠨᠢᠯᠴᠠᠭᠤᠯᠤᠭᠰᠠᠨ᠎ᠢ ᠦᠨᠳᠦᠰᠦᠯᠡᠪᠡᠯ᠂ ᠭᠠᠨᠰᠤ ᠮᠤᠵᠢ ᠠᠮᠢ ᠠᠬᠤᠢ ᠵᠢᠨ ᠠᠵᠤ ᠦᠢ᠍ᠯᠡᠰ᠎ᠤᠨ ᠰᠢᠰᠲ᠋ᠧᠮᠵᠢ ᠵᠢ ᠪᠠᠢ᠌ᠭᠤᠯᠬᠤ ᠵᠢᠨ ᠳᠤᠭᠤᠷᠢᠨ᠎ᠳᠤ᠂ ᠡᠬᠢ ᠪᠠᠶᠠᠯᠢᠭ᠎ᠤᠨ ᠤᠷᠴᠢᠨ ᠳᠤᠭᠤᠷᠢᠨ᠎ᠤ ᠳᠠᠭ᠋ᠠᠭ᠋ᠠᠴᠠ᠎ᠪᠠᠷ ᠤᠷᠢᠳᠠᠯ ᠪᠣᠯᠭ᠋ᠠᠨ᠂ ᠠᠵᠤ ᠦᠢ᠍ᠯᠡᠰ᠎ᠤᠨ ᠰᠠᠭᠤᠷᠢ ᠪᠤᠯᠤᠨ ᠡᠬᠢ ᠪᠠᠶᠠᠯᠢᠭ᠎ᠤᠨ ᠤᠭ ᠰᠤᠷᠪᠤᠯᠵᠢ ᠵᠢ ᠰᠠᠭᠤᠷᠢᠯᠠᠵᠤ᠂ ᠤᠷᠤᠨ ᠪᠦᠰᠡ ᠵᠢᠨ ᠤᠨᠴᠠᠯᠢᠭ᠎ᠢ ᠳᠤᠪᠤᠢ᠌ᠯᠭ᠋ᠠᠨ᠂ ᠤᠷᠤᠨ ᠵᠠᠢ ᠵᠢᠨ ᠪᠠᠢ᠌ᠷᠢᠰᠢᠭᠤᠯᠤᠯ᠎ᠢ ᠰᠢᠯᠢᠳᠡᠭᠵᠢᠬᠦᠯᠵᠦ᠂ ᠦᠢ᠍ᠯᠡᠳᠪᠦᠷᠢᠯᠡᠯ᠎ᠤᠨ ᠤᠷᠤᠨ ᠵᠠᠢ᠎ᠨᠢ ᠡᠷᠴᠢᠮᠯᠢᠭ ᠪᠥᠭᠡᠳ ᠦᠷ᠎ᠡ ᠠᠰᠢᠭ ᠰᠠᠢ᠌ᠲᠠᠢ᠂ ᠠᠮᠢᠳᠤᠷᠠᠯ᠎ᠤᠨ ᠤᠷᠤᠨ ᠵᠠᠢ᠎ᠨᠢ ᠳᠠᠭ᠋ᠠᠯᠠᠮᠵᠢᠳᠠᠢ ᠪᠥᠭᠡᠳ ᠵᠦᠢ ᠵᠣᠬᠢᠰᠲᠠᠢ᠂ ᠠᠮᠢ ᠠᠬᠤᠢ ᠵᠢᠨ ᠤᠷᠤᠨ ᠵᠠᠢ᠎ᠨᠢ ᠦᠵᠡᠰᠬᠦᠯᠡᠩ ᠭᠤᠶᠤ ᠪᠠᠢ᠌ᠯᠭ᠋ᠠᠬᠤ ᠵᠢ ᠠᠬᠢᠭᠤᠯᠵᠦ᠂ ᠳᠤᠮᠳᠠ ᠬᠡᠰᠡᠭ᠎ᠤᠨ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠵᠢᠱ᠌ᠢᠶ᠎ᠡ ᠦᠵᠡᠭᠦᠯᠬᠦ ᠤᠷᠤᠨ᠂ ᠾᠸᠰᠢ ᠵᠢᠨ ᠬᠤᠩᠭᠢᠯ ᠪᠤᠯᠤᠨ ᠭᠠᠨᠰᠤ ᠵᠢᠨ ᠵᠡᠬᠦᠨ ᠡᠮᠦᠨᠡᠳᠦ ᠵᠢᠨ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠠᠵᠤ ᠠᠬᠤᠢ ᠵᠢᠨ ᠪᠦᠰᠡ ᠵᠢ ᠪᠠᠢ᠌ᠭᠤᠯᠬᠤ᠎ᠪᠠᠷ ᠪᠠᠢ᠌ᠨ᠎ᠠ᠃
ᠳᠤᠮᠳᠠ ᠬᠡᠰᠡᠭ᠎ᠤᠨ ᠭᠠᠵᠠᠷ ᠤᠷᠤᠨ᠎ᠳᠤ ᠡᠨ᠋ᠸᠷᠬᠢ ᠵᠢ ᠠᠷᠪᠢᠯᠠᠨ ᠤᠷᠴᠢᠨ ᠳᠤᠭᠤᠷᠢᠨ᠎ᠢ ᠬᠠᠮᠠᠭ᠋ᠠᠯᠠᠬᠤ᠂ ᠳ᠋ᠠᠢ᠌ᠲ᠋ᠠ ᠵᠢᠨ ᠮᠡᠳᠡᠬᠡ ᠵᠠᠩᠭᠢ᠂ ᠨᠡᠪᠲᠡᠷᠡᠬᠦ ᠵᠠᠮ᠎ᠤᠨ ᠪᠠᠷᠠᠭ᠋ᠠᠨ᠎ᠤ ᠬᠦᠢ᠍ᠯᠬᠡᠬᠡ ᠵᠡᠷᠬᠡ ᠭᠤᠤᠯᠳᠠᠯᠭ᠎ᠠ᠎ᠲᠠᠢ ᠠᠵᠤ ᠦᠢ᠍ᠯᠡᠰ᠎ᠢ ᠬᠥᠮᠥᠵᠢᠭᠦᠯᠦᠨ ᠪᠤᠵᠠᠭ᠋ᠠᠢ᠌ᠷᠠᠭᠤᠯᠵᠦ᠂ ᠪᠦᠬᠦ ᠮᠤᠵᠢ ᠵᠢᠨ ᠪᠣᠬᠢᠷᠲᠤᠯ ᠦᠭᠡᠢ ᠬᠦᠭᠵᠢᠯᠳᠠ ᠵᠢ ᠬᠦᠳᠦᠯᠦᠨ ᠳᠠᠭ᠋ᠠᠭᠤᠯᠤᠨ᠎ᠠ᠃ ᠾᠸᠰᠢ ᠵᠢᠨ ᠬᠤᠩᠭᠢᠯ᠎ᠤᠨ ᠤᠷᠤᠨ᠎ᠳᠤ ᠴᠡᠪᠡᠷ ᠡᠨ᠋ᠸᠷᠬᠢ᠂ ᠰᠤᠶᠤᠯ ᠵᠢᠭᠤᠯᠴᠢᠯᠠᠯ᠂ ᠨᠡᠪᠲᠡᠷᠡᠬᠦ ᠵᠠᠮ᠎ᠤᠨ ᠪᠠᠷᠠᠭ᠋ᠠᠨ᠎ᠤ ᠬᠦᠢ᠍ᠯᠬᠡᠬᠡ᠂ ᠭᠤᠪᠢ ᠵᠢᠨ ᠠᠮᠢ ᠠᠬᠤᠢ ᠵᠢᠨ ᠳᠠᠷᠢᠶᠠᠯᠠᠩ ᠪᠠ ᠴᠦᠮ᠎ᠡ ᠵᠢᠨ ᠡᠨ᠋ᠸᠷᠬᠢ ᠵᠢᠨ ᠡᠷᠭᠢᠯᠳᠦᠭᠦᠯᠦᠨ ᠬᠡᠷᠡᠭᠯᠡᠬᠦ᠎ᠪᠠᠷ ᠭᠣᠣᠯ ᠪᠣᠯᠭ᠋ᠠᠭᠰᠠᠨ ᠴᠡᠷᠢᠭ ᠠᠷᠠᠳ᠎ᠤᠨ ᠬᠠᠮ ᠬᠥᠭᠵᠢᠭᠦᠯᠦᠯᠲᠡ ᠵᠡᠷᠬᠡ ᠦᠪᠡᠷᠮᠢᠴᠠ ᠤᠨᠴᠠᠯᠢᠭ᠎ᠲᠠᠢ ᠳᠠᠪᠠᠭᠤᠯᠢᠭ ᠠᠵᠤ ᠦᠢ᠍ᠯᠡᠰ᠎ᠢ ᠶᠡᠬᠡ ᠬᠦᠴᠦᠨ ᠵᠶ᠋ᠡᠷ ᠬᠦᠭᠵᠢᠬᠦᠯᠵᠦ᠂ ᠪᠣᠬᠢᠷᠲᠤᠯ ᠦᠭᠡᠢ᠎ᠪᠠᠷ ᠬᠡᠯᠪᠡᠷᠢ᠎ᠪᠠᠨ ᠬᠤᠪᠢᠷᠠᠭᠤᠯᠤᠨ ᠳᠡᠰ ᠳᠠᠪᠰᠢᠬᠦ ᠵᠢ ᠠᠬᠢᠭᠤᠯᠤᠨ᠎ᠠ᠃ ᠭᠠᠨᠰᠤ ᠵᠢᠨ ᠵᠡᠬᠦᠨ ᠡᠮᠦᠨᠡᠳᠦ ᠤᠷᠤᠨ᠎ᠳᠤ ᠳᠡᠷᠢᠬᠦᠨ᠎ᠤ ᠦᠢ᠍ᠯᠡᠳᠬᠡᠯ᠂ ᠰᠤᠶᠤᠯ ᠵᠢᠭᠤᠯᠴᠢᠯᠠᠯ ᠪᠠ ᠡᠷᠡᠬᠦᠯᠵᠢᠯ ᠰᠤᠪᠢᠯᠠᠯᠳᠠ ᠵᠡᠷᠬᠡ ᠦᠪᠡᠷᠮᠢᠴᠠ ᠤᠨᠴᠠᠯᠢᠭ᠎ᠲᠠᠢ ᠳᠠᠪᠠᠭᠤᠯᠢᠭ ᠠᠵᠤ ᠦᠢ᠍ᠯᠡᠰ᠎ᠢ ᠬᠦᠭᠵᠢᠬᠦᠯᠦᠨ ᠪᠤᠵᠠᠭ᠋ᠠᠢ᠌ᠷᠠᠭᠤᠯᠵᠦ᠂ ᠭᠠᠨᠰᠤ ᠵᠢᠨ ᠵᠡᠬᠦᠨ ᠡᠮᠦᠨᠡᠳᠦ ᠵᠢᠨ ᠨᠡᠬᠡᠬᠡᠯᠳᠡᠳᠦ ᠬᠡᠯᠪᠡᠷᠢ ᠵᠢᠨ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠤᠷᠤᠨ ᠪᠦᠰᠡ ᠵᠢᠨ ᠠᠵᠤ ᠠᠬᠤᠢ ᠵᠢᠨ ᠪᠦᠰᠡ ᠵᠢ ᠪᠠᠢ᠌ᠭᠤᠯᠵᠦ᠂ ᠪᠣᠬᠢᠷᠲᠤᠯ ᠦᠭᠡᠢ ᠦᠢ᠍ᠯᠡᠰ ᠵᠶ᠋ᠡᠷ ᠠᠷᠠᠳ᠎ᠢ ᠴᠢᠨᠡᠭᠡᠯᠢᠭᠵᠢᠭᠦᠯᠦᠨ ᠰᠢᠶᠠᠨ᠎ᠢ ᠬᠦᠴᠦᠷᠬᠡᠭᠵᠢᠬᠦᠯᠬᠦ ᠵᠢ ᠠᠬᠢᠭᠤᠯᠤᠨ᠎ᠠ᠃
ᠤᠷᠢᠳᠴᠢᠯᠠᠨ ᠵᠢᠱ᠌ᠢᠭᠰᠡᠨ 5 — 8 ᠵᠢᠯ᠎ᠤᠨ ᠬᠦᠭᠵᠢᠯᠳᠠ᠎ᠪᠠᠷ ᠳᠠᠮᠵᠢᠭᠤᠯᠤᠨ᠂ ᠪᠣᠬᠢᠷᠲᠤᠯ ᠦᠭᠡᠢ ᠠᠮᠢ ᠠᠬᠤᠢ ᠵᠢᠨ ᠠᠵᠤ ᠦᠢ᠍ᠯᠡᠰ᠎ᠤᠨ ᠬᠦᠭᠵᠢᠯᠳᠠ ᠵᠢᠨ ᠬᠡᠪᠴᠢᠶ᠎ᠡ ᠤᠯᠠᠮ ᠨᠢᠬᠡ ᠠᠯᠬᠤᠮ ᠪᠤᠵᠠᠭ᠋ᠠᠢ᠌ᠷᠠᠵᠦ᠂ ᠡᠬᠢ ᠪᠠᠶᠠᠯᠢᠭ ᠪᠠ ᠡᠨ᠋ᠸᠷᠬᠢ ᠵᠢ ᠨᠡᠩ ᠦᠷ᠎ᠡ ᠪᠦᠲᠦᠮᠵᠢ ᠰᠠᠢ᠌ᠲᠠᠢ ᠪᠥᠭᠡᠳ ᠪᠣᠬᠢᠷᠲᠤᠯ ᠦᠭᠡᠢ᠎ᠪᠠᠷ ᠠᠰᠢᠭᠯᠠᠵᠤ᠂ ᠠᠮᠢ ᠠᠬᠤᠢ ᠵᠢᠨ ᠠᠮᠤᠷ ᠳᠦᠪᠰᠢᠨ᠎ᠤ ᠬᠠᠯᠬᠠᠪᠴᠢ ᠵᠢᠨ ᠪᠦᠳᠦᠬᠡᠨ ᠪᠠᠢ᠌ᠭᠤᠯᠤᠯᠳᠠ ᠴᠢᠬᠤᠯᠠ ᠶᠡᠬᠡ ᠠᠬᠢᠯᠲᠠ᠎ᠲᠠᠢ ᠪᠤᠯᠤᠨ᠎ᠠ᠃ 2020 ᠤᠨ ᠪᠤᠯᠬᠤ᠎ᠳᠤ᠂ ᠤᠯᠤᠰ᠎ᠤᠨ ᠠᠮᠢ ᠠᠬᠤᠢ ᠵᠢᠨ ᠠᠮᠤᠷ ᠳᠦᠪᠰᠢᠨ᠎ᠤ ᠬᠠᠯᠬᠠᠪᠴᠢ ᠵᠢᠨ ᠶᠡᠷᠦᠩᠬᠡᠢ᠌ᠯᠡᠭᠰᠡᠨ ᠳᠤᠷᠰᠢᠯᠳᠠ ᠵᠢᠨ ᠤᠷᠤᠨ᠎ᠤ ᠪᠦᠲᠦᠭᠡᠨ ᠪᠠᠢ᠌ᠭᠤᠯᠤᠯᠳᠠ᠎ᠨᠢ ᠮᠦᠨ ᠴᠢᠨᠠᠷ᠎ᠤᠨ ᠠᠬᠢᠯᠲᠠ᠎ᠲᠠᠢ ᠪᠤᠯᠵᠦ᠂ ᠭᠣᠣᠯᠳᠠᠯᠭ᠎ᠠ᠎ᠲᠠᠢ ᠤᠷᠤᠨ ᠪᠦᠰᠡ ᠵᠢᠨ ᠵᠠᠰᠠᠯᠳᠠ᠎ᠨᠢ ᠢᠯᠡᠳᠲᠡ ᠦᠷ᠎ᠡ ᠪᠦᠳᠦᠮᠵᠢ ᠤᠯᠵᠦ᠂ ᠪᠦᠬᠦᠯᠢ ᠴᠤᠬ᠍ᠴᠠ ᠵᠢᠨ ᠠᠮᠢ ᠠᠬᠤᠢ ᠵᠢᠨ ᠤᠷᠴᠢᠨ ᠳᠤᠭᠤᠷᠢᠨ ᠢᠯᠡᠷᠬᠡᠢ ᠰᠠᠢ᠌ᠵᠢᠷᠠᠵᠦ᠂ ᠲᠤᠰᠬᠠᠢ ᠣᠷᠣᠨ᠎ᠤ ᠳᠡᠰ ᠪᠠ ᠳᠡᠬᠡᠭᠰᠢᠬᠢ ᠬᠤᠳᠠ ᠵᠢᠨ ᠠᠭᠤᠷ ᠠᠮᠢᠰᠬᠤᠯ᠎ᠤᠨ ᠶᠠᠰᠤ ᠴᠢᠨᠠᠷ᠎ᠨᠢ ᠰᠢᠯᠢᠳᠡᠭ ᠰᠠᠢ᠌ᠨ ᠡᠳᠦᠷ᠎ᠤᠨ ᠳᠤᠭ᠎ᠠ ᠵᠢᠨ ᠬᠠᠷᠢᠴᠠᠯ᠎ᠨᠢ 82%᠎ᠠᠴᠠ ᠳᠡᠬᠡᠭᠰᠢ ᠪᠤᠯᠵᠦ᠂ ᠬᠢᠯᠢ ᠳᠤᠳᠤᠷᠠᠬᠢ ᠬᠠᠳᠤᠨ ᠭᠤᠤᠯ᠂ ᠬᠦᠬᠡ ᠮᠦᠷᠡᠨ᠂ ᠳᠤᠳᠤᠭ᠋ᠠᠳᠤ ᠬᠠᠭᠤᠷᠠᠢ ᠵᠢᠨ ᠭᠤᠤᠯ ᠭᠤᠷᠪᠠᠨ ᠶᠡᠬᠡ ᠰᠠᠪᠠ ᠭᠠᠵᠠᠷ᠎ᠤᠨ ᠰᠢᠯᠭ᠋ᠠᠨ ᠬᠢᠨᠠᠬᠤ ᠣᠭᠲᠣᠯᠣᠭ᠋ᠠᠰᠤ ᠵᠢᠨ ᠤᠰᠤᠨ᠎ᠤ ᠶᠠᠰᠤ ᠴᠢᠨᠠᠷ᠎ᠤᠨ ᠰᠢᠯᠢᠳᠡᠭ ᠰᠠᠢ᠌ᠨ ᠬᠠᠷᠢᠴᠠᠯ᠎ᠨᠢ ᠶᠡᠷᠦᠩᠭᠡᠢ᠎ᠳᠤ᠎ᠪᠠᠨ 92.1%᠎ᠠᠴᠠ ᠳᠡᠬᠡᠭᠰᠢ ᠪᠣᠯᠬᠤ ᠪᠤᠯᠤᠨ᠎ᠠ᠃ 2025 ᠤᠨ ᠪᠤᠯᠬᠤ᠎ᠳᠤ᠂ ᠠᠮᠢ ᠠᠬᠤᠢ ᠵᠢᠨ ᠤᠷᠴᠢᠨ ᠳᠤᠭᠤᠷᠢᠨ᠎ᠤ ᠶᠠᠰᠤ ᠴᠢᠨᠠᠷ ᠢᠯᠡᠷᠬᠡᠢ ᠰᠠᠢ᠌ᠵᠢᠷᠡᠵᠦ᠂ ᠤᠯᠤᠰ᠎ᠤᠨ ᠠᠮᠢ ᠠᠬᠤᠢ ᠵᠢᠨ ᠠᠮᠤᠷ ᠳᠦᠪᠰᠢᠨ᠎ᠤ ᠬᠠᠯᠬᠠᠪᠴᠢ ᠵᠢ ᠴᠣᠭᠴᠠᠯᠠᠨ ᠪᠠᠢ᠌ᠭᠤᠯᠤᠨ᠎ᠠ᠃
《ᠲᠣᠭᠲᠠᠭ᠋ᠠᠯ》 ᠪᠤᠯᠤᠨ 《ᠳᠦᠯᠦᠪᠵᠢᠬᠦᠯᠬᠡ》᠎ᠨᠢ ᠴᠢᠨᠠᠷᠯᠢᠭ ᠬᠦᠭᠵᠢᠯᠳᠠ᠎ᠪᠠᠷ ᠰᠢᠨ᠎ᠡ ᠴᠠᠭ ᠦᠶ᠎ᠡ᠎ᠳᠠᠬᠢ ᠬᠦᠭᠵᠢᠯᠳᠠ ᠵᠢ ᠳᠡᠷᠢᠬᠦᠨ ᠴᠢᠬᠤᠯᠠ ᠡᠬᠦᠷᠬᠡ ᠪᠤᠯᠭ᠋ᠠᠨ ᠪᠠᠷᠢᠮᠳᠠᠯᠠᠬᠤ ᠵᠢᠨ ᠶᠡᠷᠦᠩᠭᠡᠢ ᠴᠢᠭᠯᠡᠯ ᠪᠠ ᠦᠨᠳᠦᠰᠦᠨ ᠬᠥᠭ ᠪᠣᠯᠭ᠋ᠠᠨ᠂ ᠠᠮᠢ ᠠᠬᠤᠢ ᠵᠢᠨ ᠠᠵᠤ ᠦᠢ᠍ᠯᠡᠰ᠎ᠤᠨ ᠰᠢᠰᠲ᠋ᠧᠮᠵᠢ ᠵᠢ ᠪᠠᠢ᠌ᠭᠤᠯᠬᠤ᠎ᠪᠠᠷ ᠭᠠᠨᠰᠤ ᠮᠤᠵᠢ ᠵᠢᠨ ᠬᠦᠭᠵᠢᠯᠳᠠ ᠵᠢᠨ ᠭᠤᠤᠯ ᠰᠢᠪᠳᠤᠯᠬᠤ ᠴᠢᠭᠯᠡᠯ ᠪᠤᠯᠭ᠋ᠠᠵᠦ᠂ ᠪᠣᠬᠢᠷᠲᠤᠯ ᠦᠭᠡᠢ ᠬᠦᠭᠵᠢᠯᠳᠠ ᠵᠢᠨ ᠣᠨᠣᠯᠵᠢᠬᠤᠨ᠎ᠢ ᠠᠵᠤ ᠠᠬᠤᠢ ᠨᠡᠢ᠌ᠬᠡᠮ᠎ᠤᠨ ᠬᠦᠭᠵᠢᠯᠳᠠ ᠵᠢᠨ ᠡᠯ᠎ᠡ ᠬᠦᠷᠢᠶ᠎ᠡ ᠴᠠᠷᠠᠭ᠎ᠠ ᠪᠠ ᠪᠦᠬᠦ ᠶᠠᠪᠤᠴᠠ᠎ᠳᠤ ᠠᠭᠤᠰᠤᠯᠴᠠᠭᠤᠯᠬᠤ᠎ᠪᠠᠷ ᠴᠢᠷᠮᠠᠢ᠌ᠵᠦ᠂ ᠬᠦᠭᠵᠢᠯᠳᠠ ᠵᠢᠨ ᠵᠠᠬ᠍ᠪᠤᠷ᠎ᠢ ᠪᠣᠬᠢᠷᠲᠤᠯ ᠦᠭᠡᠢ ᠪᠥᠭᠡᠳ ᠳᠤᠤᠷ᠎ᠠ ᠨᠡᠬᠦᠷᠡᠰᠦᠳᠦ᠋ᠷᠦᠭᠴᠢᠳᠤ᠂ ᠠᠷᠢᠭᠤᠨ ᠴᠡᠪᠡᠷ ᠪᠥᠭᠡᠳ ᠠᠮᠤᠷ ᠳᠦᠪᠰᠢᠨ ᠵᠦᠭ ᠰᠢᠯᠵᠢᠬᠦᠯᠬᠦ ᠵᠢ ᠬᠦᠴᠦᠯᠡᠨ ᠠᠬᠢᠭᠤᠯᠵᠦ᠂ ᠠᠵᠤ ᠠᠬᠤᠢ ᠨᠡᠢ᠌ᠬᠡᠮ᠎ᠤᠨ ᠦᠷᠬᠦᠯᠵᠢᠯᠡᠬᠦᠢ᠌ᠴᠡ ᠬᠦᠭᠵᠢᠯᠳᠠ ᠵᠢ ᠡᠬᠢ ᠢᠷᠡᠯᠲᠡ ᠪᠠ ᠤᠭ ᠦᠨᠳᠦᠰᠦᠨ᠎ᠠᠴᠠ᠎ᠨᠢ ᠪᠠᠳᠤᠯᠠᠨ᠎ᠠ᠃
ᠤᠷᠴᠢᠨ ᠳᠤᠭᠤᠷᠢᠨ᠎ᠤ ᠳᠤᠪᠤᠢ᠌ᠮ᠎ᠠ ᠠᠰᠠᠭᠤᠳᠠᠯ᠎ᠢ ᠰᠢᠢ᠍ᠳᠪᠦᠷᠢᠯᠡᠵᠦ᠂ ᠪᠣᠬᠢᠷᠲᠤᠯ ᠦᠭᠡᠢ ᠬᠦᠭᠵᠢᠯᠳᠠ ᠵᠢ ᠬᠠᠮᠠᠭ᠋ᠠᠯᠠᠨ ᠤᠷᠤᠭᠰᠢᠯᠠᠭᠤᠯᠪᠠ
ᠯᠢᠨ ᠳ᠋ᠦᠸᠸ ᠴᠢᠬᠤᠯᠠᠴᠢᠯᠠᠬᠤ᠎ᠳᠤ᠎ᠪᠠᠨ᠂ 《ᠠᠮᠢ ᠠᠬᠤᠢ ᠵᠢᠨ ᠤᠷᠴᠢᠨ ᠳᠤᠭᠤᠷᠢᠨ᠎ᠤ ᠶᠠᠰᠤ ᠴᠢᠨᠠᠷ ᠰᠠᠢ᠌ᠵᠢᠷᠠᠭᠤᠯᠬᠤ᠎ᠠᠴᠠ ᠪᠢᠰᠢ ᠮᠠᠭᠤᠳᠠᠭᠤᠯᠵᠤ ᠪᠣᠯᠬᠤ ᠦᠭᠡᠢ》 ᠬᠣᠷᠢᠭ᠎ᠠ ᠱᠤᠭᠤᠮ᠎ᠢ ᠪᠠᠲᠤ ᠰᠠᠬᠢᠵᠤ᠂ ᠤᠷᠴᠢᠨ ᠳᠤᠭᠤᠷᠢᠨ᠎ᠤ ᠳᠤᠪᠤᠢ᠌ᠮ᠎ᠠ ᠠᠰᠠᠭᠤᠳᠠᠯ᠎ᠢ ᠰᠢᠢ᠍ᠳᠪᠦᠷᠢᠯᠡᠬᠦ᠎ᠳᠤ ᠬᠦᠴᠦ ᠵᠠᠷᠤᠴᠠᠭᠤᠯᠵᠤ᠂ ᠠᠮᠢ ᠠᠬᠤᠢ ᠵᠢᠨ ᠪᠤᠯᠪᠠᠰᠤᠨ᠎ᠤ ᠪᠠᠢ᠌ᠭᠤᠯᠤᠯᠳᠠ ᠵᠢ ᠦᠷᠬᠦᠯᠵᠢᠯᠡᠨ ᠴᠢᠩᠭ᠋ᠠᠳᠬᠠᠬᠤ ᠬᠡᠷᠡᠭᠲᠡᠢ ᠭᠡᠵᠡᠢ᠃
《ᠤᠷᠴᠢᠨ ᠳᠤᠭᠤᠷᠢᠨ᠎ᠤ ᠳᠤᠪᠤᠢ᠌ᠮ᠎ᠠ ᠠᠰᠠᠭᠤᠳᠠᠯ᠎ᠢ ᠰᠢᠢ᠍ᠳᠪᠦᠷᠢᠯᠡᠬᠦ ᠦᠨᠳᠦᠰᠦᠨ ᠠᠷᠭ᠎ᠠ ᠪᠤᠳᠤᠯᠭ᠎ᠠ᠎ᠨᠢ ᠶᠠᠭᠤ ᠪᠣᠢ? ᠭᠡᠪᠡᠯ ᠪᠣᠬᠢᠷᠲᠤᠯ ᠦᠭᠡᠢ ᠬᠦᠭᠵᠢᠯᠳᠠ ᠪᠣᠯᠣᠨ᠎ᠠ᠃ ᠡᠨᠡ ᠪᠤᠯ ᠰᠢᠨ᠎ᠡ ᠬᠦᠭᠵᠢᠯᠳᠠ ᠵᠢᠨ ᠤᠨᠤᠯᠵᠢᠬᠤᠨᠤ ᠴᠢᠬᠤᠯᠠ ᠪᠦᠷᠢᠯᠳᠦᠬᠦᠨ ᠬᠡᠰᠡᠭ ᠪᠣᠯᠬᠤ᠎ᠪᠠᠷ ᠪᠠᠷᠠᠬᠤ ᠦᠭᠡᠢ᠂ ᠴᠢᠨᠠᠷᠯᠢᠭ ᠪᠥᠭᠡᠳ ᠤᠳᠤᠬᠢᠴᠢᠯᠠᠬᠰᠠᠨ ᠠᠵᠤ ᠠᠬᠤᠢ ᠵᠢᠨ ᠰᠢᠰᠲ᠋ᠧᠮᠵᠢ ᠵᠢ ᠪᠠᠢ᠌ᠭᠤᠯᠬᠤ ᠵᠢᠨ ᠵᠠᠢ᠌ᠯᠠᠰᠢ ᠦᠬᠡᠢ ᠱᠠᠭ᠋ᠠᠷᠳᠠᠯᠭ᠎ᠠ ᠪᠣᠯᠣᠨ᠎ᠠ᠃》 ᠭᠠᠨᠰᠤ ᠮᠤᠵᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠳᠢᠩᠭᠢᠮ᠎ᠤᠨ ᠳᠠᠷᠤᠭ᠎ᠠ ᠯᠸᠢ ᠰᠸ ᠸᠸᠢ ᠬᠡᠯᠡᠬᠦ ᠳᠤ ᠪᠠᠨ᠂ 《ᠮᠤᠵᠢ ᠵᠢᠨ ᠨᠠᠮ ᠤᠨ ᠬᠤᠷᠢᠶ᠎ᠠ ᠂ ᠮᠤᠵᠢ ᠵᠢᠨ ᠵᠠᠰᠠᠭ᠎ᠤᠨ ᠤᠷᠳᠤᠨ᠎ᠠᠴᠠ 〈ᠲᠣᠭᠲᠠᠭ᠋ᠠᠯ〉᠂ 〈ᠳᠦᠯᠦᠪᠵᠢᠬᠦᠯᠬᠡ〉 ᠵᠢ ᠨᠡᠢ᠌ᠲᠡᠯᠡᠭᠰᠡᠨ᠎ᠨᠢ ᠤᠯᠠᠨ ᠳᠠᠯ᠎ᠠ᠎ᠪᠠᠷ ᠨᠤᠲᠠᠯᠠᠬᠤ᠂ ᠤᠯᠠᠨ ᠤᠳᠠᠭ᠎ᠠ ᠬᠢᠨᠠᠨ ᠵᠥᠪᠯᠡᠭᠦᠯᠬᠦ ᠵᠢ ᠳᠠᠮᠵᠢᠵᠤ᠂ ᠮᠠᠰᠢ ᠬᠢᠨᠠᠭᠤᠷ ᠪᠤᠯᠭᠤᠮᠵᠢᠳᠠᠢ᠎ᠪᠠᠷ ᠬᠠᠨᠳᠤᠬᠰᠠᠨ ᠶᠤᠮ᠃ ᠨᠢᠬᠡ 《ᠳᠦᠯᠦᠪᠵᠢᠬᠦᠯᠬᠡ》᠎ᠨᠢ ᠳᠠᠷᠤᠢ ᠨᠢᠬᠡ ᠬᠦᠯᠬᠡ ᠰᠢᠳᠠᠷ᠎ᠠ ᠮᠥᠨ᠂ ᠡᠨᠡ ᠬᠦᠯᠬᠡ ᠰᠢᠳᠠᠷ᠎ᠠ ᠵᠢ ᠠᠮᠢᠳᠤᠯᠢᠭ ᠪᠣᠳᠠᠲᠠᠢ᠎ᠪᠠᠷ ᠱᠠᠬᠯᠠᠵᠦ᠂ ᠠᠯᠢ ᠳᠦᠷᠬᠡᠨ ᠵᠶ᠋ᠡᠷ ᠬᠦᠬᠡᠮᠳᠦᠭ ᠰᠠᠢ᠌ᠬᠠᠨ ᠠᠭᠤᠯᠠ ᠤᠰᠤᠨ᠎ᠤ ᠵᠢᠷᠤᠭ ᠲᠥᠯᠥᠪᠯᠡᠭᠡ ᠵᠢ ᠪᠤᠳᠠᠳᠠᠢ᠌ᠴᠢᠯᠠᠨ ᠪᠡᠶᠡᠯᠡᠬᠦᠯᠬᠦ᠎ᠳᠤ᠂ ᠪᠢᠳᠡᠨ᠎ᠤ ᠬᠠᠮᠢᠶ᠎ᠠ ᠪᠦᠬᠦᠢ ᠰᠠᠯᠠᠭ᠎ᠠ ᠮᠦᠴᠢᠷ ᠦᠪᠡᠷ ᠦᠪᠡᠷ᠎ᠤᠨ ᠡᠬᠦᠷᠬᠡ ᠬᠠᠷᠢᠭᠤᠴᠠᠯᠭ᠎ᠠ᠎ᠪᠠᠨ ᠪᠦᠷᠢᠨ ᠬᠦᠢ᠍ᠴᠡᠳᠬᠡᠬᠦ ᠵᠢ ᠱᠠᠭ᠋ᠠᠷᠳᠠᠵᠤ ᠪᠠᠢ᠌ᠨ᠎ᠠ》 ᠭᠡᠵᠡᠢ᠃
《ᠭᠠᠨᠰᠤ ᠮᠤᠵᠢ ᠵᠢᠨ ᠪᠤᠬᠢᠷᠳᠤᠯ᠎ᠢ ᠰᠡᠷᠬᠡᠢ᠌ᠯᠡᠨ ᠵᠠᠰᠠᠬᠤ ᠰᠢᠪᠳᠤᠯᠤᠯᠳᠠ ᠵᠢᠨ ᠳᠦᠰᠦᠯ》᠎ᠢ ᠨᠢᠬᠡᠨᠳᠡ ᠨᠡᠢ᠌ᠲᠡᠯᠡᠪᠡ᠃ 《ᠳᠦᠰᠦᠯ》᠎ᠨᠢ ᠠᠮᠢ ᠠᠬᠤᠢ ᠤᠷᠴᠢᠨ ᠳᠤᠭᠤᠷᠢᠨ᠎ᠤ ᠶᠠᠮᠤᠨ᠎ᠤ ᠳᠤᠷᠠᠳᠤᠬᠰᠠᠨ ᠪᠤᠬᠢᠷᠳᠤᠯ᠎ᠢ ᠰᠡᠷᠬᠡᠢ᠌ᠯᠡᠨ ᠵᠠᠰᠠᠬᠤ ᠰᠢᠪᠳᠤᠯᠤᠯᠳᠠ ᠵᠢᠨ ᠳᠠᠢ᠌ᠯᠠᠯᠳᠤᠭ᠋ᠠᠨ᠎ᠤ 《7 + 4》 ᠶᠡᠷᠦᠩᠭᠡᠢ ᠪᠤᠳᠤᠯᠬᠢᠯᠠᠯᠯᠤᠭᠠ ᠬᠠᠷᠭᠤᠭᠤᠯᠵᠤ᠂ ᠭᠠᠨᠰᠤ ᠮᠤᠵᠢ ᠵᠢᠨ ᠪᠤᠬᠢᠷᠳᠤᠯ᠎ᠢ ᠰᠡᠷᠬᠡᠢ᠌ᠯᠡᠨ ᠵᠠᠰᠠᠬᠤ ᠰᠢᠪᠳᠤᠯᠤᠯᠳᠠ ᠵᠢᠨ ᠳᠦᠰᠦᠯ᠎ᠢ ᠨᠠᠷᠢᠯᠢᠬ᠍ᠵᠢᠭᠤᠯᠤᠨ ᠳᠤᠷᠠᠳᠴᠤ᠂ 31 ᠳᠤᠰᠬᠠᠢ ᠵᠦᠢ᠍ᠯ᠎ᠤᠨ ᠠᠵᠢᠯ᠎ᠤᠨ ᠳᠦᠰᠦᠯ ᠨᠠᠷᠢᠨ ᠬᠠᠭᠤᠳᠠᠰᠤ ᠵᠢ ᠬᠤᠷᠢᠶᠠᠩᠭᠤᠢ᠌ᠯᠠᠨ ᠳ᠋ᠦᠩᠨᠡᠵᠦ᠂ ᠮᠤᠵᠢ ᠵᠢᠨ ᠱᠠᠲᠤᠨ᠎ᠤ ᠬᠠᠷᠢᠭᠤᠴᠠᠬᠤ ᠤᠳᠤᠷᠢᠳᠤᠯᠭ᠎ᠠ ᠪᠠ ᠲᠦᠷᠦᠭᠦᠯᠡᠬᠦ ᠨᠢᠬᠡᠴᠢ ᠵᠢ ᠳᠤᠳᠤᠷᠬᠠᠢ ᠳᠤᠬᠳᠠᠭ᠋ᠠᠪᠠ᠃
《ᠠᠮᠢ ᠠᠬᠤᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢ ᠪᠦᠬᠦ ᠳᠠᠯ᠎ᠠ᠎ᠪᠠᠷ ᠴᠢᠩᠭ᠋ᠠᠳᠬᠠᠵᠦ᠂ ᠪᠤᠬᠢᠷᠳᠤᠯ᠎ᠢ ᠰᠡᠷᠬᠡᠢ᠌ᠯᠡᠨ ᠵᠠᠰᠠᠬᠤ ᠰᠢᠪᠳᠤᠯᠤᠯᠳᠠ ᠵᠢᠨ ᠳᠠᠢ᠌ᠯᠠᠯᠳᠤᠭ᠋ᠠᠨ᠎ᠢ ᠰᠠᠢ᠌ᠳᠤᠷ ᠬᠢᠬᠦ ᠳᠤᠬᠠᠢ ᠬᠡᠷᠡᠭᠵᠢᠬᠦᠯᠬᠦ ᠰᠠᠨᠠᠯ》 ᠵᠢ ᠮᠤᠵᠢ ᠵᠢᠨ ᠵᠠᠰᠠᠭ᠎ᠤᠨ ᠤᠷᠳᠤᠨ᠎ᠤ 26 ᠳ᠋ᠤᠭ᠋ᠠᠷ ᠤᠳᠠᠭ᠋ᠠᠨ᠎ᠤ ᠪᠠᠢ᠌ᠩᠭᠤ ᠵᠢᠨ ᠬᠤᠷᠠᠯ ᠵᠶ᠋ᠡᠷ ᠬᠢᠨᠠᠨ ᠵᠥᠪᠯᠡᠭᠦᠯᠵᠦ ᠪᠠᠲᠤᠯᠠᠭᠤᠯᠪᠠ᠃ ᠭᠠᠨᠰᠦ ᠮᠤᠵᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠳᠢᠩᠭᠢᠮ᠎ᠤᠨ ᠳᠦᠷᠦ ᠵᠢᠨ ᠪᠤᠳᠤᠯᠭ᠎ᠠ ᠵᠢᠨ ᠬᠠᠤᠯᠢ ᠳᠦᠷᠢᠮ᠎ᠤᠨ ᠭᠠᠵᠠᠷ᠎ᠤᠨ ᠳᠡᠳ᠋ ᠳᠠᠷᠤᠭ᠎ᠠ ᠯᠢᠦ ᠵᠢᠶᠠᠨ ᠵᠢᠶᠦ᠋ᠨ ᠰᠤᠷᠪᠤᠯᠵᠢᠯᠠᠬ᠍ᠴᠢ᠎ᠳᠤ ᠬᠡᠯᠡᠬᠦ᠎ᠳᠤ᠎ᠪᠠᠨ᠂ ᠭᠠᠨᠰᠤ ᠵᠢᠨ ᠪᠤᠳᠠᠳᠠᠢ ᠪᠠᠢ᠌ᠳᠠᠯ᠎ᠲᠠᠢ ᠤᠶᠠᠯᠳᠤᠭᠤᠯᠵᠦ᠂ 《ᠬᠡᠷᠡᠭᠵᠢᠬᠦᠯᠬᠦ ᠰᠠᠨᠠᠯ》᠎ᠳᠤ ᠨᠠᠮ ᠵᠠᠰᠠᠭ᠎ᠤᠨ ᠭᠤᠤᠯ ᠴᠣᠭᠴᠠ ᠵᠢᠨ ᠬᠠᠷᠢᠭᠤᠴᠠᠯᠭ᠎ᠠ ᠵᠢ ᠨᠠᠢ᠌ᠳᠠᠪᠤᠷᠢᠵᠢᠭᠤᠯᠬᠤ᠂ ᠳᠠᠷᠢᠶᠠᠯᠠᠩ ᠬᠦᠳᠡᠬᠡ ᠳᠤᠰᠬᠤᠨ᠎ᠤ ᠤᠷᠴᠢᠨ ᠳᠤᠭᠤᠷᠢᠨ᠎ᠤ ᠵᠠᠰᠠᠯᠳᠠ ᠵᠢ ᠠᠬᠢᠭᠤᠯᠬᠤ᠂ ᠠᠮᠢ ᠠᠬᠤᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠠᠵᠤ ᠠᠬᠤᠢ ᠵᠢᠨ ᠳᠦᠷᠦ ᠵᠢᠨ ᠪᠤᠳᠤᠯᠭ᠎ᠠ ᠵᠢᠨ ᠰᠢᠰᠲ᠋ᠧᠮᠵᠢ ᠵᠢ ᠪᠦᠷᠢᠨᠰᠢᠭᠦᠯᠬᠦ ᠪᠠ ᠠᠮᠢ ᠠᠬᠤᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠪᠠᠢ᠌ᠭᠤᠯᠤᠮᠵᠢ ᠵᠢᠨ ᠴᠢᠳᠠᠪᠤᠷᠢ ᠵᠢᠨ ᠪᠠᠢ᠌ᠭᠤᠯᠤᠯᠲᠠ ᠵᠢ ᠴᠢᠩᠭ᠋ᠠᠷᠠᠭᠤᠯᠬᠤ ᠵᠡᠷᠬᠡ ᠳᠠᠯ᠎ᠠ᠎ᠠᠴᠠ ᠬᠠᠷᠢᠭᠤᠴᠠᠯᠭ᠎ᠠ ᠵᠢ ᠲᠣᠳᠣᠷᠬᠠᠢ᠌ᠯᠠᠨ᠂ ᠱᠠᠭ᠋ᠠᠷᠳᠠᠯᠭ᠎ᠠ ᠵᠢ ᠨᠠᠷᠢᠯᠢᠭᠵᠢᠭᠤᠯᠵᠦ᠂ 《ᠭᠠᠨᠰᠤ ᠮᠤᠵᠢ ᠵᠢᠨ ᠪᠤᠬᠢᠷᠳᠤᠯ᠎ᠢ ᠰᠡᠷᠬᠡᠢ᠌ᠯᠡᠨ ᠵᠠᠰᠠᠬᠤ ᠰᠢᠪᠳᠤᠯᠤᠯᠳᠠ ᠵᠢᠨ ᠳᠦᠰᠦᠯ》᠎ᠢ ᠪᠣᠳᠠᠲᠠᠢ᠌ᠵᠢᠭᠤᠯᠤᠨ ᠨᠠᠢ᠌ᠳᠠᠪᠤᠷᠢᠵᠢᠭᠤᠯᠬᠤ ᠵᠢ ᠪᠦᠬᠦ ᠬᠦᠴᠦᠨ ᠵᠶ᠋ᠡᠷ ᠪᠠᠳᠤᠯᠠᠵᠦ᠂ ᠠᠮᠢ ᠠᠬᠤᠢ ᠵᠢᠨ ᠤᠷᠴᠢᠨ ᠳᠤᠭᠤᠷᠢᠨ᠎ᠤ ᠬᠠᠮᠠᠭ᠋ᠠᠯᠠᠯᠳᠠ ᠵᠢᠨ ᠠᠵᠢᠯ᠎ᠤᠨ ᠱᠠᠭ᠋ᠠᠷᠳᠠᠯᠭ᠎ᠠ ᠵᠢ ᠬᠠᠩᠭ᠋ᠠᠨ᠎ᠠ᠃
《ᠭᠠᠨᠰᠤ ᠮᠤᠵᠢ ᠵᠢᠨ ᠬᠦᠬᠡ ᠣᠭᠲᠠᠷᠭᠤᠢ ᠵᠢ ᠬᠠᠮᠠᠭ᠋ᠠᠯᠠᠬᠤ ᠳᠠᠢ᠌ᠯᠠᠯᠳᠤᠭ᠋ᠠᠨ᠎ᠤ ᠢᠯᠠᠯᠳᠠ ᠵᠢ ᠤᠯᠬᠤ ᠭᠤᠷᠪᠠᠨ ᠵᠢᠯ᠎ᠤᠨ ᠠᠵᠢᠯᠯᠠᠭ᠎ᠠ ᠵᠢᠨ ᠪᠠᠢ᠌ᠯᠳᠤᠭ᠋ᠠᠨ᠎ᠤ ᠳᠦᠰᠦᠯ》᠎ᠢ ᠨᠡᠢ᠌ᠳᠡᠯᠡᠨ ᠬᠡᠷᠡᠭᠵᠢᠭᠦᠯᠬᠦ᠎ᠪᠠᠷ ᠪᠣᠢ᠃ ᠯᠸᠢ ᠰᠸ ᠸᠸᠢ ᠵᠢᠨ ᠳᠠᠨᠢᠯᠴᠠᠭᠤᠯᠤᠬᠰᠠᠨ ᠵᠶ᠋ᠠᠷ᠂ 《ᠭᠤᠤᠯᠳᠠᠯᠭ᠎ᠠ ᠵᠢ ᠠᠳᠬᠤᠨ᠂ ᠳᠡᠰ ᠳᠠᠪᠬᠤᠷᠭ᠎ᠠ ᠬᠤᠪᠢᠶᠠᠵᠦ᠂ ᠪᠦᠬᠦᠯᠢ ᠴᠣᠭᠴᠠ᠎ᠪᠠᠷ ᠠᠬᠢᠭᠤᠯᠬᠤ》 ᠶᠡᠷᠦᠩᠭᠡᠢ ᠰᠡᠳᠬᠢᠮᠵᠢ ᠵᠢ ᠦᠨᠳᠦᠰᠦᠯᠡᠵᠦ᠂ 《ᠪᠠᠢ᠌ᠯᠳᠤᠭ᠋ᠠᠨ᠎ᠤ ᠳᠦᠰᠦᠯ》᠎ᠳᠤ 14 ᠬᠤᠳᠠ ᠵᠸᠦ ᠵᠢᠴᠢ ᠯᠠᠨᠵᠸᠦ ᠵᠢᠨ ᠰᠢᠨ᠎ᠡ ᠳᠤᠭᠤᠷᠢᠭ᠎ᠲᠤ ᠠᠭ᠋ᠠᠷ ᠮᠠᠨᠳᠠᠯ᠎ᠤᠨ ᠪᠤᠬᠢᠷᠳᠤᠯ᠎ᠢ ᠵᠠᠰᠠᠬᠤ ᠲᠤᠢ᠌ᠯ᠎ᠤᠨ ᠤᠨᠤᠪᠴᠢᠳᠠᠢ᠎ᠪᠠᠷ ᠰᠡᠷᠬᠡᠢ᠌ᠯᠡᠨ ᠡᠵᠡᠮᠳᠡᠬᠦ ᠠᠷᠭ᠎ᠠ ᠬᠡᠮᠵᠢᠶ᠎ᠡ ᠠᠪᠴᠤ᠂ ᠪᠤᠬᠢᠷᠳᠤᠯ᠎ᠢ ᠰᠡᠷᠬᠡᠢ᠌ᠯᠡᠨ ᠵᠠᠰᠠᠬᠤ ᠴᠢᠭᠯᠡᠯᠲᠦ ᠴᠢᠨᠠᠷᠳᠠᠢ ᠠᠷᠭ᠎ᠠ ᠪᠤᠳᠤᠯᠭ᠎ᠠ ᠵᠢ ᠵᠦᠷᠢᠶᠡᠴᠢᠯᠡᠨ ᠳᠤᠬᠳᠠᠭ᠋ᠠᠪᠠ᠃
ᠡᠬᠦᠨ᠎ᠤ ᠬᠠᠮᠳᠤ 《ᠤᠰᠤᠨ᠎ᠤ ᠪᠤᠬᠢᠷᠳᠤᠯ᠎ᠢ ᠰᠡᠷᠬᠡᠢ᠌ᠯᠡᠨ ᠵᠠᠰᠠᠬᠤ ᠠᠵᠢᠯᠯᠠᠭ᠎ᠠ ᠵᠢᠨ ᠳᠦᠯᠦᠪᠯᠡᠬᠡ》 ᠪᠤᠯᠤᠨ 《ᠬᠥᠷᠥᠰᠥ ᠰᠢᠷᠣᠢ ᠵᠢᠨ ᠪᠤᠬᠢᠷᠳᠤᠯ᠎ᠢ ᠰᠡᠷᠬᠡᠢ᠌ᠯᠡᠨ ᠵᠠᠰᠠᠬᠤ ᠠᠵᠢᠯᠯᠠᠭ᠎ᠠ ᠵᠢᠨ ᠳᠦᠯᠦᠪᠯᠡᠬᠡ》 ᠵᠢ ᠪᠠᠰᠠ ᠳᠦᠯᠦᠪᠯᠡᠯᠬᠡ ᠶᠤᠰᠤᠭ᠋ᠠᠷ ᠳᠦᠯᠬᠢᠨ ᠠᠬᠢᠭᠤᠯᠵᠦ ᠪᠤᠢ᠃ ᠭᠠᠨᠰᠤ ᠮᠤᠵᠢ ᠵᠢᠨ ᠳᠡᠭᠡᠳᠦ ᠳᠣᠣᠷᠠᠳᠤ ᠱᠠᠲᠤ᠎ᠪᠠᠷ ᠵᠶ᠋ᠠᠨ ᠰᠡᠳᠬᠢᠯ ᠨᠢᠭᠡᠳᠴᠦ᠂ ᠠᠷᠠᠳ ᠢᠷᠭᠡᠳ᠎ᠲᠤ᠎ᠪᠠᠨ ᠬᠦᠬᠡ ᠣᠭᠲᠠᠷᠭᠤᠢ ᠬᠦᠬᠡᠮᠳᠦᠭ ᠤᠰᠤ᠂ ᠴᠡᠪᠡᠷ ᠳᠤᠩᠭ᠋ᠠᠯᠠᠭ ᠭᠤᠤᠯ ᠮᠦᠷᠡᠨ᠎ᠢ ᠪᠤᠴᠠᠭ᠋ᠠᠨ ᠡᠭᠡᠭᠦᠯᠵᠦ᠂ ᠤᠷᠠᠨ ᠪᠤᠯᠵᠤᠮᠤᠷ ᠵᠢᠷᠬᠢᠵᠦ ᠦᠩᠭᠡᠳᠦ ᠴᠡᠴᠡᠭ ᠳᠡᠯᠬᠡᠷᠡᠭᠰᠡᠨ ᠦᠵᠡᠰᠬᠦᠯᠡᠩᠳᠦ ᠰᠠᠢ᠌ᠬᠠᠨ ᠣᠷᠣᠨ ᠨᠤᠳᠤᠭ᠎ᠢ ᠦᠯᠡᠳᠡᠬᠡᠵᠦ ᠦᠭᠭᠦ᠎ᠪᠠᠷ ᠴᠥᠬᠥᠷᠡᠰᠢ ᠦᠭᠡᠢ ᠴᠢᠷᠮᠠᠢ᠌ᠵᠦ ᠪᠠᠢ᠌ᠨ᠎ᠠ᠃