ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠶᠠᠮᠣᠨ᠎ᠤ ᠮᠡᠳᠡᠭᠡ
ᠠᠮᠢ ᠠᠬᠤᠢ ᠣᠷᠴᠢᠨ ᠲᠣᠭᠣᠷᠢᠨ᠎ᠤ ᠶᠠᠮᠤᠨ 3 ᠳ᠋ᠤᠭ᠋ᠠᠷ ᠰᠠᠷ᠎ᠠ ᠵᠢᠨ ᠳᠣᠣᠷ᠎ᠠ ᠬᠠᠭ᠋ᠠᠰ ᠰᠠᠷ᠎ᠠ ᠵᠢᠨ ᠪᠥᠬᠥ ᠤᠯᠤᠰ᠎ᠤᠨ ᠠᠭ᠋ᠠᠷ᠎ᠤᠨ ᠶᠠᠰᠤ ᠴᠢᠨᠠᠷ᠎ᠢ ᠤᠷᠢᠳᠴᠢᠯᠠᠨ ᠮᠡᠳᠡᠭᠡᠯᠡᠵᠦ ᠵᠥᠪᠳᠡᠯᠴᠡᠭᠰᠡᠨ ᠦᠷ᠎ᠡ ᠳ᠋ᠦᠩ᠎ᠢ ᠨᠡᠢ᠌ᠲᠡᠯᠡᠪᠡ
ᠨᠡᠶ᠋ᠢᠲᠡᠯᠡᠭᠰᠡᠨ ᠴᠠᠭ᠄ 2025-04-17

      2025 ᠣᠨ᠎ᠤ 3 ᠰᠠᠷ᠎ᠠ ᠵᠢᠨ 15᠎ᠤ ᠡᠳᠦᠷ᠂ ᠳᠤᠮᠳᠠᠳᠤ ᠤᠯᠤᠰ᠎ᠤᠨ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠢᠨ ᠶᠡᠷᠦᠩᠬᠡᠢ ᠦᠷᠳᠡᠬᠡ ᠲᠥᠪ᠎ᠤᠨ ᠴᠠᠭ ᠠᠭᠤᠷ᠎ᠤᠨ ᠦᠷᠳᠡᠬᠡ᠂ ᠤᠯᠤᠰ᠎ᠤᠨ ᠠᠭ᠋ᠠᠷ ᠮᠠᠨᠳᠠᠯ᠎ᠤᠨ ᠪᠣᠬᠢᠷᠲᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠬᠠᠮᠲᠤᠷᠠᠭᠰᠠᠨ ᠲᠥᠪ᠂ ᠵᠡᠭᠦᠨ ᠬᠣᠢ᠌ᠲᠤ ᠣᠷᠣᠨ᠂ ᠡᠮᠦᠨᠡᠲᠦ ᠣᠷᠣᠨ᠂ ᠪᠠᠷᠠᠭᠤᠨ ᠡᠮᠦᠨᠡᠲᠦ ᠣᠷᠣᠨ᠂ ᠪᠠᠷᠠᠭᠤᠨ ᠬᠣᠢ᠌ᠲᠤ ᠣᠷᠣᠨ᠂ ᠬᠥᠬᠡᠮᠥ᠋ᠷᠡᠨ᠎ᠤ ᠭᠤᠷᠪᠠᠯᠵᠢᠨ ᠬᠣᠢ᠌ᠭ᠎ᠤᠨ ᠣᠷᠣᠨ ᠪᠦᠰᠡ ᠵᠢᠨ ᠠᠭ᠋ᠠᠷ᠎ᠤᠨ ᠶᠠᠰᠤ ᠴᠢᠨᠠᠷ᠎ᠢ ᠤᠷᠢᠳᠴᠢᠯᠠᠨ ᠲᠥᠰᠥᠭᠡᠯᠡᠵᠦ ᠤᠷᠢᠳᠴᠢᠯᠠᠨ ᠮᠡᠳᠡᠭᠡᠯᠡᠬᠦ ᠲᠥᠪ ᠪᠣᠯᠣᠨ ᠪᠡᠭᠡᠵᠢᠩ ᠬᠤᠳᠡ ᠵᠢᠨ ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠢᠨ ᠲᠥᠪ᠎ᠲᠠᠢ ᠬᠠᠮᠲᠤᠷᠠᠵᠤ᠂ 2025 ᠣᠨ᠎ᠤ 3 ᠳ᠋ᠤᠭ᠋ᠠᠷ ᠰᠠᠷ᠎ᠠ ᠵᠢᠨ ᠳᠣᠣᠷ᠎ᠠ ᠬᠠᠭ᠋ᠠᠰ ᠰᠠᠷ᠎ᠠ (3 ᠰᠠᠷ᠎ᠠ ᠵᠢᠨ 16 — 31 ᠦ ᠡᠳᠦᠷ) ᠵᠢᠨ ᠪᠦᠬᠦ ᠤᠯᠤᠰ᠎ᠤᠨ ᠠᠭ᠋ᠠᠷ᠎ᠤᠨ ᠶᠠᠰᠤ ᠴᠢᠨᠠᠷ᠎ᠢ ᠤᠷᠢᠳᠴᠢᠯᠠᠨ ᠮᠡᠳᠡᠭᠡᠯᠡᠬᠦ ᠵᠥᠪᠳᠡᠯᠴᠡᠭᠡ ᠵᠢ ᠥᠷᠨᠢᠭᠦᠯᠪᠡ᠃
      3 ᠳ᠋ᠤᠭ᠋ᠠᠷ ᠰᠠᠷ᠎ᠠ ᠵᠢᠨ ᠳᠣᠣᠷ᠎ᠠ ᠬᠠᠭ᠋ᠠᠰ ᠰᠠᠷ᠎ᠠ᠎ᠳᠤ᠂ ᠪᠡᠭᠡᠵᠢᠩ ᠲᠢᠶᠠᠨᠵᠢᠨ ᠾᠧᠪᠧᠢ ᠵᠢᠴᠢ ᠡᠷᠬᠢᠨ ᠲᠣᠭᠣᠷᠢᠨ᠎ᠤ ᠣᠷᠣᠨ ᠪᠦᠰᠡ ᠵᠢᠨ ᠬᠣᠢ᠌ᠲᠤ ᠬᠡᠰᠡᠭ᠂ ᠵᠡᠭᠦᠨ ᠬᠣᠢ᠌ᠲᠤ ᠣᠷᠣᠨ᠂ ᠡᠮᠦᠨᠡᠲᠦ ᠣᠷᠣᠨ ᠵᠢᠴᠢ ᠪᠠᠷᠠᠭᠤᠨ ᠡᠮᠦᠨᠡᠲᠦ ᠣᠷᠣᠨ᠎ᠤ ᠶᠡᠬᠡᠩᠬᠢ ᠭᠠᠵᠠᠷ᠎ᠤᠨ ᠠᠭ᠋ᠠᠷ᠎ᠤᠨ ᠶᠠᠰᠤ ᠴᠢᠨᠠᠷ ᠰᠢᠯᠢᠳᠡᠭ ᠰᠠᠢ᠌ᠨ ᠪᠠᠢ᠌ᠬᠤ᠎ᠪᠠᠷ ᠭᠣᠣᠯ ᠪᠣᠯᠭ᠋ᠠᠵᠤ᠂ ᠬᠡᠰᠡᠭ ᠭᠠᠵᠠᠷ᠎ᠤᠨ ᠬᠡᠰᠡᠭ ᠬᠤᠭᠤᠴᠠᠭ᠋ᠠᠨ᠎ᠳᠤ ᠪᠠᠭ᠎ᠠ ᠬᠡᠮᠵᠢᠶᠡᠨ᠎ᠤ ᠪᠣᠬᠢᠷᠲᠤᠯ ᠭᠠᠷᠴᠤ ᠮᠡᠳᠡᠨ᠎ᠠ᠂ ᠪᠦᠬᠦ ᠤᠯᠤᠰ᠎ᠤᠨ ᠪᠤᠰᠤᠳ ᠭᠠᠵᠠᠷ ᠣᠷᠣᠨ᠎ᠳᠤ ᠰᠠᠢ᠌ᠨ᠎ᠠᠴᠠ ᠪᠠᠭ᠎ᠠ ᠬᠡᠮᠵᠢᠶᠡᠨ᠎ᠤ ᠪᠣᠬᠢᠷᠲᠤᠯ ᠵᠶ᠋ᠠᠷ ᠭᠣᠣᠯ ᠪᠣᠯᠭ᠋ᠠᠵᠤ ᠮᠡᠳᠡᠨ᠎ᠠ᠃ ᠡᠭᠦᠨ᠎ᠳᠤ᠂ ᠪᠡᠭᠡᠵᠢᠩ ᠲᠢᠶᠠᠨᠵᠢᠨ ᠾᠧᠪᠧᠢ ᠵᠢᠨ ᠳᠤᠮᠳᠠ ᠬᠡᠰᠡᠭ᠂ ᠭᠠᠨᠰᠤ ᠵᠢᠨ ᠾᠸᠰᠢ ᠵᠢᠴᠢ ᠥᠪᠥᠷ ᠮᠣᠩᠭᠣᠯ᠎ᠤᠨ ᠪᠠᠷᠠᠭᠤᠨ ᠬᠡᠰᠡᠭ᠎ᠤᠨ ᠬᠡᠰᠡᠭ ᠴᠠᠭ᠎ᠲᠤ ᠳᠤᠮᠳᠠ ᠵᠡᠷᠭᠡ ᠵᠢᠨ ᠪᠣᠬᠢᠷᠲᠤᠯ ᠭᠠᠷᠴᠤ ᠮᠡᠳᠡᠨ᠎ᠡ᠂ ᠰᠢᠨᠵᠢᠶᠠᠩ᠎ᠤᠨ ᠵᠡᠭᠦᠨ ᠬᠡᠰᠡᠭ ᠪᠠ ᠡᠮᠦᠨᠡᠲᠦ ᠬᠡᠰᠡᠭ᠎ᠤᠨ ᠬᠣᠲᠠ᠎ᠳᠤ ᠳᠤᠮᠳᠠ ᠵᠡᠷᠭᠡ ᠵᠢᠨ ᠪᠣᠬᠢᠷᠲᠤᠯ ᠵᠢᠴᠢ ᠲᠡᠭᠦᠨ᠎ᠠᠴᠠ ᠳᠡᠭᠡᠭᠰᠢᠬᠢ ᠪᠣᠬᠢᠷᠲᠤᠯ ᠭᠠᠷᠴᠤ ᠮᠡᠳᠡᠨ᠎ᠡ᠃ ᠡᠯᠡᠰᠦ ᠲᠣᠭᠣᠰᠣᠨ᠎ᠤ ᠴᠠᠭ ᠠᠭᠤᠷ᠎ᠤᠨ ᠨᠥᠯᠥᠭᠡ᠎ᠠᠴᠠ ᠪᠣᠯᠵᠤ᠂ ᠵᠡᠭᠦᠨ ᠬᠣᠢ᠌ᠲᠤ ᠣᠷᠣᠨ᠎ᠤ ᠬᠡᠰᠡᠭ ᠭᠠᠵᠠᠷ᠎ᠲᠤ ᠳᠤᠮᠳᠠ ᠵᠡᠷᠭᠡ ᠵᠢᠨ ᠪᠣᠬᠢᠷᠲᠤᠯ ᠭᠠᠷᠴᠤ ᠮᠡᠳᠡᠨ᠎ᠡ᠂ ᠹᠧᠨ ᠾᠧ ᠭᠣᠣᠯ᠎ᠤᠨ ᠲᠠᠯ᠎ᠠ ᠭᠠᠵᠠᠷ ᠵᠢᠴᠢ ᠪᠠᠷᠠᠭᠤᠨ ᠬᠣᠢ᠌ᠲᠤ ᠣᠷᠣᠨ᠎ᠤ ᠶᠡᠬᠡᠩᠬᠢ ᠭᠠᠵᠠᠷ᠎ᠲᠤ ᠬᠦᠨᠳᠦ ᠪᠤᠶᠤ ᠲᠡᠭᠦᠨ᠎ᠠᠴᠠ ᠳᠡᠭᠡᠭᠰᠢᠬᠢ ᠪᠣᠬᠢᠷᠲᠤᠯ ᠭᠠᠷᠴᠤ ᠮᠡᠳᠡᠨ᠎ᠡ᠃
      ᠪᠡᠭᠡᠵᠢᠩ ᠲᠢᠶᠠᠨᠵᠢᠨ ᠾᠧᠪᠧᠢ ᠵᠢᠴᠢ ᠡᠷᠬᠢᠨ ᠲᠣᠭᠣᠷᠢᠨ᠎ᠤ ᠣᠷᠣᠨ ᠪᠦᠰᠡ᠄ 3 ᠳ᠋ᠤᠭ᠋ᠠᠷ ᠰᠠᠷ᠎ᠠ ᠵᠢᠨ ᠳᠣᠣᠷ᠎ᠠ ᠬᠠᠭ᠋ᠠᠰ ᠰᠠᠷ᠎ᠠ᠎ᠳᠤ᠂ ᠡᠮᠦᠨᠡᠬᠢ ᠬᠤᠭᠤᠴᠠᠭ᠋ᠠᠨ᠎ᠤ ᠲᠠᠷᠬᠠᠯᠲᠠ ᠵᠢᠨ ᠨᠥᠬᠥᠴᠡᠯ ᠨᠡᠯᠢᠶᠡᠳ ᠰᠠᠢ᠌ᠨ ᠪᠠᠢ᠌ᠵᠤ᠂ ᠣᠷᠣᠨ ᠪᠦᠰᠡ ᠵᠢᠨ ᠶᠡᠬᠡᠩᠬᠢ ᠬᠡᠰᠡᠭ᠎ᠨᠢ ᠰᠢᠯᠢᠳᠡᠭ ᠰᠠᠢ᠌ᠨ ᠪᠠᠢ᠌ᠬᠤ᠎ᠪᠠᠷ ᠭᠣᠣᠯ ᠪᠣᠯᠭ᠋ᠠᠵᠤ᠂ ᠳᠤᠮᠳᠠ ᠪᠠ ᠰᠡᠭᠦᠯᠴᠢ ᠵᠢᠨ ᠬᠤᠭᠤᠴᠠᠭ᠋ᠠᠨ᠎ᠤ ᠣᠷᠣᠨ ᠪᠦᠰᠡ ᠵᠢᠨ ᠶᠡᠬᠡᠩᠬᠢ ᠬᠡᠰᠡᠭ᠎ᠨᠢ ᠰᠠᠢ᠌ᠨ ᠪᠠᠢ᠌ᠬᠤ᠎ᠪᠠᠷ ᠭᠣᠣᠯ ᠪᠣᠯᠭ᠋ᠠᠵᠤ᠂ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ ᠭᠠᠷᠴᠤ ᠮᠡᠳᠡᠨ᠎ᠠ᠃ ᠡᠭᠦᠨ᠎ᠳᠤ᠂ 16 — 18᠎ᠤ ᠡᠳᠦᠷ᠂ ᠲᠠᠷᠬᠠᠭ᠋ᠠᠬᠤ ᠨᠥᠬᠥᠴᠡᠯ ᠵᠶ᠋ᠡᠷ ᠨᠡᠯᠢᠶᠡᠳ ᠰᠠᠢ᠌ᠨ ᠪᠠᠢ᠌ᠵᠤ᠂ ᠣᠷᠣᠨ ᠪᠦᠰᠡ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠥᠪᠥᠷ ᠮᠣᠩᠭᠣᠯ ᠵᠡᠷᠭᠡ ᠳᠡᠭᠡᠳᠦ ᠤᠷᠤᠰᠬᠠᠯ᠎ᠤᠨ ᠣᠷᠣᠨ᠎ᠳᠤ 16 — 17᠎ᠤ ᠡᠳᠦᠷ ᠡᠯᠡᠰᠦᠨ ᠰᠢᠭᠤᠷᠭ᠎ᠠ ᠵᠢᠨ ᠠᠭᠤᠷ ᠠᠮᠢᠰᠬᠤᠯ ᠢᠯᠡᠷᠡᠵᠦ᠂ ᠣᠷᠣᠨ ᠪᠦᠰᠡ ᠵᠢᠨ ᠶᠡᠬᠡᠩᠬᠢ ᠬᠡᠰᠡᠭ᠎ᠨᠢ ᠡᠯᠡᠰᠦᠨ ᠰᠢᠭᠤᠷᠭ᠎ᠠ ᠵᠢᠨ ᠨᠥᠯᠥᠭᠡ ᠵᠢ ᠭᠥᠷᠳᠡᠵᠦ ᠮᠡᠳᠡᠨ᠎ᠡ; 19 — 23᠎ᠤ ᠡᠳᠦᠷ᠂ ᠤᠮᠠᠷᠠᠲᠤ ᠬᠡᠰᠡᠭ᠎ᠤᠨ ᠲᠠᠷᠬᠠᠯᠲᠠ ᠵᠢᠨ ᠨᠥᠬᠥᠴᠡᠯ ᠬᠠᠷᠢᠴᠠᠩᠭᠤᠢ᠎ᠪᠠᠷ ᠨᠡᠯᠢᠶᠡᠳ ᠰᠠᠢ᠌ᠨ ᠪᠠᠢ᠌ᠵᠤ᠂ ᠰᠢᠯᠢᠳᠡᠭ ᠰᠠᠢ᠌ᠨ ᠵᠶ᠋ᠠᠷ ᠭᠣᠣᠯᠯᠠᠵᠤ᠂ ᠳᠤᠮᠳᠠ ᠡᠮᠦᠨᠡᠲᠦ ᠬᠡᠰᠡᠭ᠎ᠤᠨ ᠭᠠᠵᠠᠷ ᠣᠷᠣᠨ᠎ᠳᠤ ᠰᠠᠢ᠌ᠨ ᠵᠶ᠋ᠠᠷ ᠭᠣᠣᠯᠯᠠᠵᠤ᠂ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ ᠭᠠᠷᠴᠤ ᠮᠡᠳᠡᠨ᠎ᠡ; 24 — 25᠎ᠤ ᠡᠳᠦᠷ᠂ ᠲᠠᠷᠬᠠᠭ᠋ᠠᠬᠤ ᠨᠥᠬᠥᠴᠡᠯ᠎ᠨᠢ ᠠᠨᠠᠢ ᠪᠣᠯᠵᠤ᠂ ᠤᠮᠠᠷᠠᠲᠤ ᠬᠡᠰᠡᠭ ᠪᠠ ᠵᠡᠭᠦᠨ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠳᠤᠮᠳᠠ ᠡᠮᠦᠨᠡᠲᠦ ᠬᠡᠰᠡᠭ᠎ᠤᠨ ᠬᠡᠰᠡᠭ ᠭᠠᠵᠠᠷ ᠣᠷᠣᠨ᠎ᠳᠤ ᠪᠠᠭ᠎ᠠ ᠬᠡᠮᠵᠢᠶᠡᠨ᠎ᠤ ᠪᠣᠬᠢᠷᠲᠤᠯ ᠭᠠᠷᠴᠤ ᠮᠡᠳᠡᠨ᠎ᠡ; 26 — 31᠎ᠤ ᠡᠳᠦᠷ᠂ ᠲᠠᠷᠬᠠᠭ᠋ᠠᠬᠤ ᠨᠥᠬᠥᠴᠡᠯ ᠶᠡᠷᠦᠩᠬᠡᠢ᠎ᠳᠡᠭᠡᠨ ᠨᠡᠯᠢᠶᠡᠳ ᠠᠨᠠᠢ ᠪᠠᠢ᠌ᠵᠤ᠂ ᠣᠷᠣᠨ ᠪᠦᠰᠡ ᠵᠢᠨ ᠬᠣᠢ᠌ᠲᠤ ᠬᠡᠰᠡᠭ᠎ᠨᠢ ᠰᠠᠢ᠌ᠨ ᠵᠶ᠋ᠠᠷ ᠭᠣᠣᠯ ᠪᠣᠯᠭ᠋ᠠᠵᠤ᠂ ᠳᠤᠮᠳᠠ ᠡᠮᠦᠨᠡᠲᠦ ᠬᠡᠰᠡᠭ᠎ᠨᠢ ᠰᠠᠢ᠌ᠨ᠎ᠠᠴᠠ ᠬᠥᠩᠭᠡᠪᠲᠦᠷ ᠪᠣᠬᠢᠷᠲᠤᠯ ᠵᠶ᠋ᠠᠷ ᠭᠣᠣᠯ ᠪᠣᠯᠭ᠋ᠠᠵᠤ᠂ ᠣᠨᠴᠠ ᠵᠠᠷᠢᠮ ᠬᠣᠲᠠ᠎ᠳᠤ ᠳᠤᠮᠳᠠ ᠵᠡᠷᠭᠡ ᠵᠢᠨ ᠪᠣᠬᠢᠷᠲᠤᠯ ᠭᠠᠷᠴᠤ ᠮᠡᠳᠡᠨ᠎ᠡ᠃ ᠬᠠᠮᠤᠭ᠎ᠤᠨ ᠴᠢᠬᠤᠯᠠ ᠪᠣᠬᠢᠷᠲᠤᠯ ᠪᠣᠳᠠᠰ᠎ᠨᠢ PM10 ᠪᠤᠶᠤ PM2.5 ᠪᠣᠯᠣᠨ᠎ᠠ᠃
      ᠪᠡᠭᠡᠵᠢᠩ ᠬᠣᠲᠠ᠄ 3 ᠳ᠋ᠤᠭ᠋ᠠᠷ ᠰᠠᠷ᠎ᠠ ᠵᠢᠨ ᠰᠡᠭᠦᠯᠴᠢ ᠵᠢᠨ ᠬᠠᠭ᠋ᠠᠰ ᠰᠠᠷ᠎ᠠ᠎ᠳᠤ᠂ ᠲᠠᠷᠬᠠᠭ᠋ᠠᠬᠤ ᠨᠥᠬᠥᠴᠡᠯ ᠶᠡᠷᠦᠩᠬᠡᠢ᠎ᠳᠡᠭᠡᠨ ᠠᠰᠢᠭ ᠦᠭᠡᠢ ᠪᠠᠢ᠌ᠵᠤ᠂ ᠵᠢᠱ᠌ᠢᠯᠲᠡ᠎ᠪᠠᠷ ᠬᠣᠶᠠᠷ ᠤᠳᠠᠭ᠎ᠠ ᠬᠥᠩᠭᠡᠨ ᠪᠤᠶᠤ ᠳᠤᠮᠳᠠ ᠵᠡᠷᠭᠡ ᠵᠢᠨ ᠪᠣᠬᠢᠷᠲᠤᠯ᠎ᠤᠨ ᠶᠠᠪᠤᠴᠠ ᠡᠭᠦᠰᠬᠦ ᠪᠣᠯᠣᠨ᠎ᠠ᠃ ᠡᠭᠦᠨ᠎ᠳᠤ᠂ 16 — 20᠎ᠤ ᠡᠳᠦᠷ᠂ ᠲᠠᠷᠬᠠᠭ᠋ᠠᠬᠤ ᠨᠥᠬᠥᠴᠡᠯ᠎ᠨᠢ ᠨᠡᠯᠢᠶᠡᠳ ᠠᠰᠢᠭᠲᠠᠢ ᠪᠠᠢ᠌ᠵᠤ᠂ ᠰᠢᠯᠢᠳᠡᠭ ᠰᠠᠢ᠌ᠨ ᠵᠶ᠋ᠠᠷ ᠭᠣᠣᠯᠯᠠᠨ᠎ᠠ; 21 — 23᠎ᠤ ᠡᠳᠦᠷ᠂ ᠲᠠᠷᠬᠠᠭ᠋ᠠᠬᠤ ᠨᠥᠬᠥᠴᠡᠯ ᠠᠨᠠᠢ ᠪᠣᠯᠵᠤ᠂ ᠵᠢᠱ᠌ᠢᠯᠲᠡ᠎ᠪᠠᠷ ᠬᠥᠩᠭᠡᠨ᠎ᠠᠴᠠ ᠳᠤᠮᠳᠠ ᠵᠡᠷᠭᠡ ᠵᠢᠨ ᠪᠣᠬᠢᠷᠲᠤᠯ᠎ᠤᠨ ᠶᠠᠪᠤᠴᠠ ᠡᠭᠦᠰᠬᠦ ᠪᠣᠯᠣᠨ᠎ᠠ; 24 — 25᠎ᠤ ᠡᠳᠦᠷ᠂ ᠲᠠᠷᠬᠠᠭ᠋ᠠᠬᠤ ᠨᠥᠬᠥᠴᠡᠯ᠎ᠨᠢ ᠨᠡᠯᠢᠶᠡᠳ ᠠᠰᠢᠭᠲᠠᠢ ᠪᠠᠢ᠌ᠵᠤ᠂ ᠰᠠᠢ᠌ᠨ ᠵᠶ᠋ᠠᠷ ᠭᠣᠣᠯ ᠪᠣᠯᠭ᠋ᠠᠨ᠎ᠠ; 26—29᠎ᠤ ᠡᠳᠦᠷ᠂ ᠲᠠᠷᠬᠠᠭ᠋ᠠᠬᠤ ᠨᠥᠬᠥᠴᠡᠯ ᠠᠨᠠᠢ ᠪᠣᠯᠵᠤ᠂ ᠵᠢᠱ᠌ᠢᠯᠲᠡ᠎ᠪᠠᠷ ᠬᠥᠩᠭᠡᠨ᠎ᠠᠴᠠ ᠳᠤᠮᠳᠠ ᠵᠡᠷᠭᠡ ᠵᠢᠨ ᠪᠣᠬᠢᠷᠲᠤᠯ᠎ᠤᠨ ᠶᠠᠪᠤᠴᠠ ᠡᠭᠦᠰᠬᠦ ᠪᠣᠯᠣᠨ᠎ᠠ; 30 — 31᠎ᠤ ᠡᠳᠦᠷ᠂ ᠲᠠᠷᠬᠠᠭ᠋ᠠᠬᠤ ᠨᠥᠬᠥᠴᠡᠯ᠎ᠨᠢ ᠶᠡᠷᠦᠩᠬᠡᠢ᠎ᠳᠡᠭᠡᠨ ᠠᠰᠢᠭᠲᠠᠢ ᠪᠠᠢ᠌ᠵᠤ᠂ ᠰᠠᠢ᠌ᠨ ᠵᠶ᠋ᠠᠷ ᠭᠣᠣᠯ ᠪᠣᠯᠭ᠋ᠠᠨ᠎ᠠ᠃ ᠬᠠᠮᠤᠭ᠎ᠤᠨ ᠴᠢᠬᠤᠯᠠ ᠪᠣᠬᠢᠷᠲᠤᠯ ᠪᠣᠳᠠᠰ᠎ᠨᠢ PM2.5 ᠪᠣᠯᠣᠨ᠎ᠠ᠃
      ᠬᠥᠬᠡᠮᠥ᠋ᠷᠡᠨ᠎ᠤ ᠭᠤᠷᠪᠠᠯᠵᠢᠨ ᠬᠣᠢ᠌ᠭ᠎ᠤᠨ ᠣᠷᠣᠨ ᠪᠦᠰᠡ᠄ 3 ᠳ᠋ᠤᠭ᠋ᠠᠷ ᠰᠠᠷ᠎ᠠ ᠵᠢᠨ ᠳᠣᠣᠷ᠎ᠠ ᠬᠠᠭ᠋ᠠᠰ ᠰᠠᠷ᠎ᠠ᠎ᠳᠤ᠂ ᠡᠮᠦᠨᠡᠬᠢ ᠬᠤᠭᠤᠴᠠᠭ᠋ᠠᠨ᠎ᠤ ᠣᠷᠣᠨ ᠪᠦᠰᠡ᠎ᠨᠢ ᠶᠡᠷᠦᠩᠬᠡᠢ᠎ᠳᠡᠭᠡᠨ ᠰᠠᠢ᠌ᠨ ᠵᠶ᠋ᠠᠷ ᠭᠣᠣᠯ ᠪᠣᠯᠭ᠋ᠠᠵᠤ᠂ ᠳᠤᠮᠳᠠ ᠬᠣᠢ᠌ᠲᠤ ᠬᠡᠰᠡᠭ᠎ᠤᠨ ᠬᠡᠰᠡᠭ ᠭᠠᠵᠠᠷ᠎ᠨᠢ ᠪᠠᠭ᠎ᠠ ᠪᠣᠬᠢᠷᠲᠤᠯ᠎ᠲᠠᠢ᠂ ᠳᠤᠮᠳᠠ ᠬᠤᠭᠤᠴᠠᠭ᠋ᠠᠨ᠎ᠤ ᠣᠷᠣᠨ ᠪᠦᠰᠡ᠎ᠨᠢ ᠶᠡᠷᠦᠩᠬᠡᠢ᠎ᠳᠡᠭᠡᠨ ᠰᠠᠢ᠌ᠨ᠎ᠠᠴᠠ ᠪᠠᠭ᠎ᠠ ᠪᠣᠬᠢᠷᠲᠤᠯ᠎ᠲᠠᠢ᠂ ᠰᠡᠭᠦᠯᠴᠢ ᠵᠢᠨ ᠬᠤᠭᠤᠴᠠᠭ᠋ᠠᠨ᠎ᠤ ᠣᠷᠣᠨ ᠪᠦᠰᠡ᠎ᠨᠢ ᠶᠡᠷᠦᠩᠬᠡᠢ᠎ᠳᠡᠭᠡᠨ ᠰᠠᠢ᠌ᠨ ᠵᠶ᠋ᠠᠷ ᠭᠣᠣᠯ ᠪᠣᠯᠭ᠋ᠠᠵᠤ᠂ ᠳᠣᠲᠣᠭ᠋ᠠᠳᠤ ᠬᠠᠭᠤᠷᠠᠢ ᠵᠢᠨ ᠬᠡᠰᠡᠭ ᠭᠠᠵᠠᠷ᠎ᠨᠢ ᠪᠠᠭ᠎ᠠ ᠪᠣᠬᠢᠷᠲᠤᠯ᠎ᠲᠠᠢ᠃ ᠡᠭᠦᠨ᠎ᠳᠤ᠂ 16᠎ᠤ ᠡᠳᠦᠷ᠂ ᠲᠠᠷᠬᠠᠭ᠋ᠠᠬᠤ ᠨᠥᠬᠥᠴᠡᠯ ᠵᠶ᠋ᠡᠷ ᠨᠡᠯᠢᠶᠡᠳ ᠰᠠᠢ᠌ᠨ ᠪᠠᠢ᠌ᠵᠤ᠂ ᠣᠷᠣᠨ ᠪᠦᠰᠡ ᠵᠢᠨ ᠪᠦᠬᠦᠯᠢ ᠴᠣᠭᠴᠠ᠎ᠨᠢ ᠰᠢᠯᠢᠳᠡᠭ ᠰᠠᠢ᠌ᠨ ᠵᠶ᠋ᠠᠷ ᠭᠣᠣᠯᠯᠠᠨ᠎ᠠ; 17—18᠎ᠤ ᠡᠳᠦᠷ ᠪᠣᠯᠲᠠᠯ᠎ᠠ᠂ ᠲᠠᠷᠬᠠᠭ᠋ᠠᠬᠤ ᠨᠥᠬᠥᠴᠡᠯ᠎ᠨᠢ ᠶᠡᠷᠦᠩᠬᠡᠢ᠎ᠳᠡᠭᠡᠨ ᠠᠰᠢᠭᠲᠠᠢ ᠪᠠᠢ᠌ᠵᠤ᠂ ᠣᠷᠣᠨ ᠪᠦᠰᠡ᠎ᠨᠢ ᠶᠡᠷᠦᠩᠬᠡᠢ᠎ᠳᠡᠭᠡᠨ ᠰᠠᠢ᠌ᠨ ᠪᠠᠢ᠌ᠬᠤ᠎ᠪᠠᠷ ᠭᠣᠣᠯᠯᠠᠵᠤ᠂ ᠳᠤᠮᠳᠠ ᠬᠣᠢ᠌ᠲᠤ ᠬᠡᠰᠡᠭ᠎ᠤᠨ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ᠎ᠲᠠᠢ; 19 — 24᠎ᠤ ᠡᠳᠦᠷ᠂ ᠨᠡᠪᠴᠢᠯᠲᠡ ᠵᠢᠨ ᠨᠥᠬᠥᠴᠡᠯ ᠬᠠᠷᠢᠴᠠᠩᠭᠤᠢ ᠡᠩ᠎ᠤᠨ ᠪᠠᠢ᠌ᠵᠤ᠂ ᠠᠭ᠋ᠠᠷ᠎ᠤᠨ ᠳᠤᠯᠠᠭ᠋ᠠᠨ ᠳᠡᠭᠡᠭᠰᠢᠯᠡᠨ᠂ ᠣᠷᠣᠨ ᠪᠦᠰᠡ ᠵᠢᠨ ᠪᠣᠬᠢᠷᠲᠤᠯ᠎ᠨᠢ ᠶᠡᠷᠦᠩᠬᠡᠢ᠎ᠳᠡᠭᠡᠨ ᠰᠠᠢ᠌ᠨ᠎ᠠᠴᠠ ᠪᠠᠭ᠎ᠠ ᠬᠡᠮᠵᠢᠶᠡᠨ᠎ᠤ ᠪᠣᠬᠢᠷᠲᠤᠯ᠎ᠲᠠᠢ; 25 — 31᠎ᠤ ᠡᠳᠦᠷ᠂ ᠲᠠᠷᠬᠠᠭ᠋ᠠᠬᠤ ᠨᠥᠬᠥᠴᠡᠯ ᠶᠡᠷᠦᠩᠬᠡᠢ᠎ᠳᠡᠭᠡᠨ ᠠᠰᠢᠭᠲᠠᠢ ᠪᠠᠢ᠌ᠵᠤ᠂ ᠣᠷᠣᠨ ᠪᠦᠰᠡ ᠵᠢᠨ ᠠᠭ᠋ᠠᠷ᠎ᠤᠨ ᠴᠢᠨᠠᠷ ᠴᠢᠨᠰᠠᠭ᠎ᠠ᠎ᠨᠢ ᠰᠠᠢ᠌ᠨ ᠪᠠᠢ᠌ᠬᠤ᠎ᠪᠠᠷ ᠭᠣᠣᠯ ᠪᠣᠯᠭ᠋ᠠᠵᠤ᠂ ᠳᠣᠲᠣᠭ᠋ᠠᠳᠤ ᠬᠠᠭᠤᠷᠠᠢ ᠵᠢᠨ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ᠎ᠲᠠᠢ᠃ ᠭᠣᠣᠯ ᠪᠣᠬᠢᠷᠲᠤᠯ ᠪᠣᠳᠠᠰ᠎ᠨᠢ PM2.5᠂ PM10 ᠪᠤᠶᠤ O3 ᠪᠣᠯᠣᠨ᠎ᠠ᠃
      ᠹᠧᠨ ᠾᠧ ᠭᠣᠣᠯ᠎ᠤᠨ ᠲᠠᠯ᠎ᠠ ᠭᠠᠵᠠᠷ᠄ 3 ᠳ᠋ᠤᠭ᠋ᠠᠷ ᠰᠠᠷ᠎ᠠ ᠵᠢᠨ ᠳᠣᠣᠷᠠᠳᠤ ᠬᠠᠭ᠋ᠠᠰ ᠰᠠᠷ᠎ᠠ᠎ᠳᠤ᠂ ᠣᠷᠣᠨ ᠪᠦᠰᠡ ᠵᠢᠨ ᠶᠡᠬᠡᠩᠬᠢ ᠬᠡᠰᠡᠭ᠎ᠨᠢ ᠰᠠᠢ᠌ᠨ᠎ᠠᠴᠠ ᠬᠥᠩᠭᠡᠨ ᠪᠣᠬᠢᠷᠲᠤᠯ ᠵᠶ᠋ᠠᠷ ᠭᠣᠣᠯᠯᠠᠵᠤ᠂ 24 — 26᠎ᠤ ᠡᠳᠦᠷ ᠪᠣᠯᠲᠠᠯ᠎ᠠ ᠨᠢᠭᠡ ᠤᠳᠠᠭ᠋ᠠᠨ᠎ᠤ ᠨᠡᠯᠢᠶᠡᠳ ᠴᠢᠩᠭ᠎ᠠ ᠡᠯᠡᠰᠦᠨ ᠰᠢᠭᠤᠷᠭ᠎ᠠ ᠵᠢᠨ ᠴᠠᠭ ᠠᠭᠤᠷ᠎ᠤᠨ ᠶᠠᠪᠤᠴᠠ ᠭᠠᠷᠴᠤ ᠮᠡᠳᠡᠨ᠎ᠡ᠂ ᠵᠢᠱ᠌ᠢᠯᠲᠡ᠎ᠪᠠᠷ ᠬᠦᠨᠳᠦ ᠪᠤᠶᠤ ᠲᠡᠭᠦᠨ᠎ᠠᠴᠠ ᠳᠡᠭᠡᠭᠰᠢᠬᠢ ᠪᠣᠬᠢᠷᠲᠤᠯ ᠡᠭᠦᠰᠬᠦ ᠪᠣᠯᠣᠨ᠎ᠠ᠃ ᠡᠭᠦᠨ᠎ᠳᠤ᠂ 16 — 21᠎ᠤ ᠡᠳᠦᠷ᠂ ᠲᠠᠷᠬᠠᠯᠲᠠ ᠵᠢᠨ ᠨᠥᠬᠥᠴᠡᠯ ᠨᠡᠯᠢᠶᠡᠳ ᠰᠠᠢ᠌ᠨ ᠪᠠᠢ᠌ᠵᠤ᠂ 17᠎ᠤ ᠡᠳᠦᠷ ᠡᠯᠡᠰᠦ ᠲᠣᠭᠣᠰᠣ ᠳᠠᠮᠵᠢᠭᠤᠯᠬᠤ ᠵᠢᠨ ᠨᠥᠯᠥᠭᠡ ᠵᠢ ᠭᠥᠷᠳᠡᠵᠦ᠂ ᠵᠡᠭᠦᠨ ᠬᠡᠰᠡᠭ᠎ᠨᠢ ᠰᠠᠢ᠌ᠨ ᠵᠶ᠋ᠠᠷ ᠭᠣᠣᠯᠯᠠᠵᠤ᠂ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ᠎ᠲᠠᠢ; 22—23᠎ᠤ ᠡᠳᠦᠷ᠂ ᠲᠠᠷᠬᠠᠭ᠋ᠠᠬᠤ ᠨᠥᠬᠥᠴᠡᠯ ᠨᠡᠯᠢᠶᠡᠳ ᠠᠨᠠᠢ᠂ ᠰᠠᠢ᠌ᠨ᠎ᠠᠴᠠ ᠬᠥᠩᠭᠡᠪᠲᠦᠷ ᠪᠣᠬᠢᠷᠲᠤᠯ ᠵᠶ᠋ᠠᠷ ᠭᠣᠣᠯ ᠪᠣᠯᠭ᠋ᠠᠨ᠎ᠠ; 24 — 26᠎ᠤ ᠡᠳᠦᠷ᠂ ᠳᠡᠭᠡᠳᠦ ᠤᠷᠤᠰᠬᠠᠯ᠎ᠤᠨ ᠡᠯᠡᠰᠦ ᠲᠣᠭᠣᠰᠣᠨ᠎ᠤ ᠳᠠᠮᠵᠢᠭᠤᠯᠭ᠎ᠠ ᠵᠢᠨ ᠨᠥᠯᠥᠭᠡ᠎ᠪᠠᠷ᠂ 24᠎ᠤ ᠡᠳᠦᠷ ᠳᠤᠮᠳᠠ᠎ᠠᠴᠠ ᠬᠦᠨᠳᠦ ᠪᠣᠬᠢᠷᠲᠤᠯ ᠵᠶ᠋ᠠᠷ ᠭᠣᠣᠯᠯᠠᠵᠤ᠂ 25 — 26᠎ᠤ ᠡᠳᠦᠷ ᠬᠥᠩᠭᠡᠨ᠎ᠠᠴᠠ ᠳᠤᠮᠳᠠ ᠵᠡᠷᠭᠡ ᠵᠢᠨ ᠪᠣᠬᠢᠷᠲᠤᠯ ᠵᠶ᠋ᠠᠷ ᠭᠣᠣᠯᠯᠠᠨ᠎ᠠ; 27 — 31᠎ᠤ ᠡᠳᠦᠷ᠂ ᠲᠠᠷᠬᠠᠭ᠋ᠠᠬᠤ ᠨᠥᠬᠥᠴᠡᠯ ᠵᠶ᠋ᠡᠷ ᠨᠡᠯᠢᠶᠡᠳ ᠰᠠᠢ᠌ᠨ ᠪᠠᠢ᠌ᠵᠤ᠂ ᠰᠠᠢ᠌ᠨ ᠪᠠᠢ᠌ᠬᠤ᠎ᠪᠠᠷ ᠭᠣᠣᠯ ᠪᠣᠯᠭ᠋ᠠᠵᠤ᠂ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ᠎ᠲᠠᠢ᠃ ᠭᠣᠣᠯ ᠪᠣᠬᠢᠷᠲᠤᠯ ᠪᠣᠳᠠᠰ᠎ᠨᠢ PM10 ᠪᠣᠯᠣᠨ PM2.5 ᠪᠣᠯᠣᠨ᠎ᠠ᠃
      ᠵᠡᠭᠦᠨ ᠬᠣᠢ᠌ᠲᠤ ᠣᠷᠣᠨ᠄ 3 ᠳ᠋ᠤᠭ᠋ᠠᠷ ᠰᠠᠷ᠎ᠠ ᠵᠢᠨ ᠳᠣᠣᠷ᠎ᠠ ᠬᠠᠭ᠋ᠠᠰ ᠰᠠᠷ᠎ᠠ᠎ᠳᠤ᠂ ᠡᠬᠢᠨ᠎ᠤ ᠬᠤᠭᠤᠴᠠᠭ᠋ᠠᠨ᠎ᠳᠤ ᠰᠢᠯᠢᠳᠡᠭ ᠰᠠᠢ᠌ᠨ ᠵᠶ᠋ᠠᠷ ᠭᠣᠣᠯᠯᠠᠵᠤ᠂ ᠳᠤᠮᠳᠠ ᠪᠠ ᠰᠡᠭᠦᠯᠴᠢ ᠵᠢᠨ ᠬᠤᠭᠤᠴᠠᠭ᠋ᠠᠨ᠎ᠳᠤ ᠬᠥᠩᠭᠡᠨ ᠪᠤᠶᠤ ᠲᠡᠭᠦᠨ᠎ᠠᠴᠠ ᠳᠡᠭᠡᠭᠰᠢᠬᠢ ᠪᠣᠬᠢᠷᠲᠤᠯ᠎ᠤᠨ ᠶᠠᠪᠤᠴᠠ ᠭᠠᠷᠴᠤ ᠮᠡᠳᠡᠨ᠎ᠡ᠃ ᠡᠭᠦᠨ᠎ᠳᠤ᠂ 16 — 18᠎ᠤ ᠡᠳᠦᠷ ᠪᠣᠯᠲᠠᠯ᠎ᠠ᠂ ᠣᠷᠣᠨ ᠪᠦᠰᠡ ᠵᠢᠨ ᠲᠠᠷᠬᠠᠯᠲᠠ ᠵᠢᠨ ᠨᠥᠬᠥᠴᠡᠯ ᠨᠡᠯᠢᠶᠡᠳ ᠰᠠᠢ᠌ᠨ ᠪᠠᠢ᠌ᠵᠤ᠂ ᠣᠷᠣᠨ ᠪᠦᠰᠡ ᠵᠢᠨ ᠶᠡᠬᠡᠩᠬᠢ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠯᠢᠶᠣᠤᠨᠢᠩ᠎ᠤᠨ ᠳᠤᠮᠳᠠ ᠬᠡᠰᠡᠭ᠎ᠤᠨ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ᠎ᠲᠠᠢ; 19 — 25᠎ᠤ ᠡᠳᠦᠷ᠂ ᠣᠷᠣᠨ ᠪᠦᠰᠡ ᠵᠢᠨ ᠲᠠᠷᠬᠠᠯᠲᠠ ᠵᠢᠨ ᠨᠥᠬᠥᠴᠡᠯ ᠵᠢᠭ᠋ᠠᠬᠠᠨ ᠠᠰᠢᠭ ᠦᠭᠡᠢ ᠪᠠᠢ᠌ᠵᠤ᠂ ᠣᠷᠣᠨ ᠪᠦᠰᠡ ᠵᠢᠨ ᠤᠮᠠᠷᠠᠲᠤ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠳᠤᠮᠳᠠ ᠡᠮᠦᠨᠡᠲᠦ ᠬᠡᠰᠡᠭ᠎ᠨᠢ ᠰᠠᠢ᠌ᠨ᠎ᠠᠴᠠ ᠬᠥᠩᠭᠡᠨ ᠪᠣᠬᠢᠷᠲᠤᠯ ᠵᠶ᠋ᠠᠷ ᠭᠣᠣᠯᠯᠠᠵᠤ᠂ 22 — 23᠎ᠤ ᠡᠳᠦᠷ ᠵᠢᠴᠢ 25᠎ᠤ ᠡᠳᠦᠷ᠂ ᠬᠡᠰᠡᠭ ᠭᠠᠵᠠᠷ᠎ᠨᠢ ᠡᠯᠡᠰᠦ ᠲᠣᠭᠣᠰᠣᠨ᠎ᠤ ᠴᠠᠭ ᠠᠭᠤᠷ᠎ᠤᠨ ᠨᠥᠯᠥᠭᠡ ᠵᠢ ᠭᠥᠷᠳᠡᠵᠦ᠂ ᠳᠤᠮᠳᠠ ᠵᠡᠷᠭᠡ᠎ᠠᠴᠠ ᠳᠡᠭᠡᠭᠰᠢᠬᠢ ᠪᠣᠬᠢᠷᠲᠤᠯ᠎ᠲᠠᠢ ᠴᠠᠭ ᠬᠤᠭᠤᠴᠠᠭ᠎ᠠ ᠢᠯᠡᠷᠡᠵᠦ ᠮᠡᠳᠡᠨ᠎ᠡ; 26 — 28᠎ᠤ ᠡᠳᠦᠷ᠂ ᠣᠷᠣᠨ ᠪᠦᠰᠡ ᠵᠢᠨ ᠲᠠᠷᠬᠠᠯᠲᠠ ᠵᠢᠨ ᠨᠥᠬᠥᠴᠡᠯ ᠨᠡᠯᠢᠶᠡᠳ ᠰᠠᠢ᠌ᠨ ᠪᠠᠢ᠌ᠵᠤ᠂ ᠣᠷᠣᠨ ᠪᠦᠰᠡ ᠵᠢᠨ ᠶᠡᠬᠡᠩᠬᠢ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠨ᠎ᠠ; 29 — 31᠎ᠤ ᠡᠳᠦᠷ᠂ ᠣᠷᠣᠨ ᠪᠦᠰᠡ ᠵᠢᠨ ᠲᠠᠷᠬᠠᠯᠲᠠ ᠵᠢᠨ ᠨᠥᠬᠥᠴᠡᠯ ᠡᠩ᠎ᠤᠨ ᠪᠠᠢ᠌ᠵᠤ᠂ ᠣᠷᠣᠨ ᠪᠦᠰᠡ ᠵᠢᠨ ᠤᠮᠠᠷᠠᠲᠤ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠳᠤᠮᠳᠠ ᠡᠮᠦᠨᠡᠲᠦ ᠬᠡᠰᠡᠭ᠎ᠨᠢ ᠰᠠᠢ᠌ᠨ᠎ᠠᠴᠠ ᠬᠥᠩᠭᠡᠨ ᠪᠣᠬᠢᠷᠲᠤᠯ ᠵᠶ᠋ᠠᠷ ᠭᠣᠣᠯᠯᠠᠨ᠎ᠠ᠃ ᠬᠡᠷᠪᠡ ᠡᠰᠢ ᠰᠦᠷᠡᠯ᠎ᠢ ᠰᠢᠲᠠᠭ᠋ᠠᠬᠤ ᠨᠥᠯᠥᠭᠡ ᠭᠠᠷᠪᠠᠯ᠂ ᠣᠷᠣᠨ ᠪᠦᠰᠡ ᠵᠢᠨ ᠳᠤᠮᠳᠠ ᠡᠮᠦᠨᠡᠲᠦ ᠬᠡᠰᠡᠭ᠎ᠨᠢ ᠳᠤᠮᠳᠠ ᠵᠡᠷᠭᠡ᠎ᠠᠴᠠ ᠳᠡᠭᠡᠭᠰᠢ ᠪᠣᠬᠢᠷᠲᠤᠯ᠎ᠳᠤ ᠬᠦᠷᠴᠦ ᠮᠡᠳᠡᠨ᠎ᠡ᠃ ᠭᠣᠣᠯ ᠪᠣᠬᠢᠷᠲᠤᠯ ᠪᠣᠳᠠᠰ᠎ᠨᠢ PM2.5᠂ PM10 ᠪᠤᠶᠤ O3 ᠪᠣᠯᠣᠨ᠎ᠠ᠃
      ᠡᠮᠦᠨᠡᠲᠦ ᠣᠷᠣᠨ᠎ᠤ ᠣᠷᠣᠨ ᠪᠦᠰᠡ᠄ 3 ᠳ᠋ᠤᠭ᠋ᠠᠷ ᠰᠠᠷ᠎ᠠ ᠵᠢᠨ ᠳᠣᠣᠷ᠎ᠠ ᠬᠠᠭ᠋ᠠᠰ ᠰᠠᠷ᠎ᠠ᠎ᠳᠤ᠂ ᠣᠷᠣᠨ ᠪᠦᠰᠡ᠎ᠨᠢ ᠪᠦᠬᠦᠯᠢ ᠴᠣᠭᠴᠠ᠎ᠪᠠᠷ ᠵᠶ᠋ᠠᠨ ᠤᠮᠠᠷᠠᠰᠢ ᠪᠠ ᠡᠮᠦᠨᠡᠰᠢ ᠬᠡᠯᠪᠡᠢ᠌ᠭᠰᠡᠨ ᠠᠭ᠋ᠠᠷ᠎ᠤᠨ ᠤᠷᠤᠰᠬᠠᠯ᠎ᠤᠨ ᠰᠣᠯᠪᠢᠴᠠᠯ᠎ᠤᠨ ᠨᠥᠯᠥᠭᠡ ᠵᠢ ᠭᠥᠷᠳᠡᠵᠦ᠂ ᠲᠠᠷᠬᠠᠬᠤ ᠨᠥᠬᠥᠴᠡᠯ᠎ᠨᠢ ᠶᠡᠷᠦᠩᠬᠡᠢ᠎ᠳᠡᠭᠡᠨ ᠨᠡᠯᠢᠶᠡᠳ ᠰᠠᠢ᠌ᠨ ᠪᠠᠢ᠌ᠵᠤ᠂ ᠠᠭ᠋ᠠᠷ᠎ᠤᠨ ᠶᠠᠰᠤ ᠴᠢᠨᠠᠷ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠬᠡᠰᠡᠭ ᠴᠠᠭ᠎ᠤᠨ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ᠎ᠲᠠᠢ᠃ ᠡᠭᠦᠨ᠎ᠳᠤ᠂ 16᠎ᠤ ᠡᠳᠦᠷ᠂ ᠬᠤᠨᠠᠨ᠎ᠤ ᠬᠣᠢ᠌ᠲᠤ ᠬᠡᠰᠡᠭ᠎ᠲᠤ ᠰᠠᠢ᠌ᠨ᠎ᠠᠴᠠ ᠬᠥᠩᠭᠡᠪᠲᠦᠷ ᠪᠣᠬᠢᠷᠲᠤᠯ᠎ᠲᠠᠢ; 17᠎ᠤ ᠡᠳᠦᠷ᠂ ᠣᠷᠣᠨ ᠪᠦᠰᠡ ᠵᠢᠨ ᠠᠭ᠋ᠠᠷ᠎ᠤᠨ ᠴᠢᠨᠠᠷ ᠴᠢᠨᠰᠠᠭ᠎ᠠ ᠰᠢᠯᠢᠳᠡᠭ ᠰᠠᠢ᠌ᠨ ᠪᠣᠯᠣᠨ᠎ᠠ; 18 — 19᠎ᠤ ᠡᠳᠦᠷ᠂ ᠬᠤᠪᠧᠢ ᠵᠢᠨ ᠶᠡᠬᠡᠩᠬᠢ ᠬᠡᠰᠡᠭ᠎ᠨᠢ ᠰᠠᠢ᠌ᠨ᠎ᠠᠴᠠ ᠪᠠᠭ᠎ᠠ ᠬᠡᠮᠵᠢᠶᠡᠨ᠎ᠤ ᠪᠣᠬᠢᠷᠳᠤᠯ᠎ᠲᠠᠢ; 20—21᠎ᠤ ᠡᠳᠦᠷ᠂ ᠬᠤᠨᠠᠨ᠎ᠤ ᠬᠣᠢ᠌ᠲᠤ ᠬᠡᠰᠡᠭ᠂ ᠭᠤᠸᠠᠩᠳᠦ᠋ᠩ᠎ᠤᠨ ᠳᠤᠮᠳᠠ ᠪᠠᠷᠠᠭᠤᠨ ᠬᠡᠰᠡᠭ᠂ ᠭᠤᠸᠠᠩᠰᠢ ᠵᠢᠨ ᠳᠤᠮᠳᠠ ᠪᠠᠷᠠᠭᠤᠨ ᠬᠡᠰᠡᠭ᠎ᠤᠨ ᠭᠠᠵᠠᠷ ᠣᠷᠣᠨ ᠰᠠᠢ᠌ᠨ᠎ᠠᠴᠠ ᠪᠠᠭ᠎ᠠ ᠪᠣᠬᠢᠷᠳᠤᠯ᠎ᠲᠠᠢ; 22᠎ᠤᠨ ᠡᠳᠦᠷ᠂ ᠭᠤᠸᠠᠩᠳᠦ᠋ᠩ᠎ᠤᠨ ᠳᠤᠮᠳᠠ ᠬᠣᠢ᠌ᠲᠤ ᠬᠡᠰᠡᠭ ᠰᠠᠢ᠌ᠨ᠎ᠠᠴᠠ ᠪᠠᠭ᠎ᠠ ᠪᠣᠬᠢᠷᠳᠤᠯ᠎ᠲᠠᠢ; 23 — 24᠎ᠤ ᠡᠳᠦᠷ᠂ ᠣᠷᠣᠨ ᠪᠦᠰᠡ ᠵᠢᠨ ᠠᠭ᠋ᠠᠷ᠎ᠤᠨ ᠶᠠᠰᠤ ᠴᠢᠨᠠᠷ ᠰᠢᠯᠢᠳᠡᠭ ᠰᠠᠢ᠌ᠨ; 25  — 29᠎ᠤ ᠡᠳᠦᠷ ᠪᠣᠯᠲᠠᠯ᠎ᠠ ᠬᠤᠪᠧᠢ᠂ ᠭᠤᠸᠠᠩᠳᠦ᠋ᠩ᠂ ᠭᠤᠸᠠᠩᠰᠢ ᠵᠢᠨ ᠶᠡᠬᠡᠩᠬᠢ ᠬᠡᠰᠡᠭ᠎ᠨᠢ ᠰᠠᠢ᠌ᠨ᠎ᠠᠴᠠ ᠪᠠᠭ᠎ᠠ ᠪᠣᠬᠢᠷᠳᠤᠯ᠎ᠲᠠᠢ; 30 – 31᠎ᠤ ᠡᠳᠦᠷ ᠪᠣᠯᠲᠠᠯ᠎ᠠ ᠬᠤᠪᠧᠢ ᠵᠢᠨ ᠳᠤᠮᠳᠠ ᠪᠠ ᠵᠡᠭᠦᠨ ᠬᠡᠰᠡᠭ᠂ ᠬᠤᠨᠠᠨ᠎ᠤ ᠬᠣᠢ᠌ᠲᠤ ᠬᠡᠰᠡᠭ ᠰᠠᠢ᠌ᠨ᠎ᠠᠴᠠ ᠪᠠᠭ᠎ᠠ ᠪᠣᠬᠢᠷᠳᠤᠯ᠎ᠲᠠᠢ᠃ ᠭᠣᠣᠯ ᠪᠣᠬᠢᠷᠲᠤᠯ ᠪᠣᠳᠠᠰ᠎ᠨᠢ PM2.5 ᠪᠤᠶᠤ O3 ᠪᠣᠯᠣᠨ᠎ᠠ᠃
      ᠪᠠᠷᠠᠭᠤᠨ ᠡᠮᠦᠨᠡᠲᠦ ᠣᠷᠣᠨ᠄ 3 ᠳ᠋ᠤᠭ᠋ᠠᠷ ᠰᠠᠷ᠎ᠠ ᠵᠢᠨ ᠰᠡᠭᠦᠯᠴᠢ ᠵᠢᠨ ᠬᠠᠭ᠋ᠠᠰ ᠰᠠᠷ᠎ᠠ᠎ᠳᠤ᠂ ᠰᠧᠴᠤᠸᠠᠨ ᠴᠦᠩᠴᠢᠩ᠂ ᠭᠦᠢ᠍ᠵᠧᠦ ᠪᠣᠯᠣᠨ ᠶᠦᠨᠨᠠᠨ᠎ᠤ ᠬᠡᠰᠡᠭ ᠭᠠᠵᠠᠷ᠎ᠲᠤ ᠬᠥᠩᠭᠡᠨ ᠪᠣᠬᠢᠷᠲᠤᠯ ᠵᠶ᠋ᠠᠷ ᠭᠣᠣᠯᠯᠠᠭᠤᠯᠵᠤ᠂ ᠣᠷᠣᠨ ᠪᠦᠰᠡ ᠵᠢᠨ ᠪᠤᠰᠤᠳ ᠶᠡᠬᠡᠩᠬᠢ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠭᠤᠯᠵᠤ᠂ ᠬᠡᠰᠡᠭ ᠴᠠᠭ ᠪᠠ ᠭᠠᠵᠠᠷ ᠣᠷᠣᠨ᠎ᠳᠤ ᠬᠥᠩᠭᠡᠨ ᠪᠣᠬᠢᠷᠲᠤᠯ ᠵᠶ᠋ᠠᠷ ᠡᠭᠦᠰᠴᠦ ᠮᠡᠳᠡᠨ᠎ᠡ᠃ ᠡᠭᠦᠨ᠎ᠳᠤ᠂ 16 — 18᠎ᠤ ᠡᠳᠦᠷ ᠪᠣᠯᠲᠠᠯ᠎ᠠ᠂ ᠲᠠᠷᠬᠠᠭ᠋ᠠᠬᠤ ᠨᠥᠬᠥᠴᠡᠯ ᠵᠶ᠋ᠡᠷ ᠨᠡᠯᠢᠶᠡᠳ ᠰᠠᠢ᠌ᠨ ᠪᠠᠢ᠌ᠵᠤ᠂ ᠣᠷᠣᠨ ᠪᠦᠰᠡ ᠵᠢᠨ ᠶᠡᠬᠡᠩᠬᠢ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠶᠦᠨᠨᠠᠨ᠎ᠤ ᠬᠡᠰᠡᠭ ᠭᠠᠵᠠᠷ ᠰᠠᠢ᠌ᠨ᠎ᠠᠴᠠ ᠪᠠᠭ᠎ᠠ ᠪᠣᠬᠢᠷᠳᠤᠯ᠎ᠲᠠᠢ; 19 — 21᠎ᠤ ᠡᠳᠦᠷ᠂ ᠲᠠᠷᠬᠠᠭ᠋ᠠᠬᠤ ᠨᠥᠬᠥᠴᠡᠯ ᠠᠰᠢᠭ ᠦᠭᠡᠢ ᠪᠠᠢ᠌ᠵᠤ᠂ ᠴᠧᠩᠳᠦ᠋ ᠵᠢᠨ ᠲᠠᠯ᠎ᠠ ᠭᠠᠵᠠᠷ᠂ ᠰᠧᠴᠤᠸᠠᠨ᠎ᠤ ᠡᠮᠦᠨᠡᠲᠦ ᠬᠡᠰᠡᠭ᠂ ᠰᠧᠴᠤᠸᠠᠨ᠎ᠤ ᠵᠡᠭᠦᠨ ᠬᠣᠢ᠌ᠲᠤ ᠬᠡᠰᠡᠭ ᠪᠠ ᠶᠦᠨᠨᠠᠨ᠎ᠤ ᠬᠡᠰᠡᠭ ᠭᠠᠵᠠᠷ ᠰᠠᠢ᠌ᠨ᠎ᠠᠴᠠ ᠪᠠᠭ᠎ᠠ ᠪᠣᠬᠢᠷᠳᠤᠯ᠎ᠲᠠᠢ; 22 — 24᠎ᠤ ᠡᠳᠦᠷ᠂ ᠲᠠᠷᠬᠠᠭ᠋ᠠᠬᠤ ᠨᠥᠬᠥᠴᠡᠯ ᠨᠡᠯᠢᠶᠡᠳ ᠠᠨᠠᠢ ᠪᠠᠢ᠌ᠵᠤ᠂ ᠴᠧᠩᠳᠦ᠋ ᠵᠢᠨ ᠲᠠᠯ᠎ᠠ ᠭᠠᠵᠠᠷ᠂ ᠰᠧᠴᠤᠸᠠᠨ᠎ᠤ ᠡᠮᠦᠨᠡᠲᠦ ᠬᠡᠰᠡᠭ᠂ ᠰᠧᠴᠤᠸᠠᠨ᠎ᠤ ᠵᠡᠭᠦᠨ ᠬᠣᠢ᠌ᠲᠤ ᠬᠡᠰᠡᠭ ᠪᠠ ᠭᠦᠢ᠍ᠵᠧᠦ ᠵᠢᠨ ᠬᠡᠰᠡᠭ ᠭᠠᠵᠠᠷ ᠰᠠᠢ᠌ᠨ᠎ᠠᠴᠠ ᠪᠠᠭ᠎ᠠ ᠪᠣᠬᠢᠷᠳᠤᠯ᠎ᠲᠠᠢ; 25 — 26᠎ᠤ ᠡᠳᠦᠷ᠂ ᠲᠠᠷᠬᠠᠭ᠋ᠠᠬᠤ ᠨᠥᠬᠥᠴᠡᠯ ᠠᠰᠢᠭᠲᠠᠢ ᠪᠠᠢ᠌ᠵᠤ᠂ ᠠᠭ᠋ᠠᠷ᠎ᠤᠨ ᠴᠢᠨᠠᠷ ᠴᠢᠨᠰᠠᠭ᠎ᠠ ᠢᠳᠡᠭ ᠢᠳᠡᠭ ᠵᠶ᠋ᠡᠷ ᠰᠠᠢ᠌ᠵᠢᠷᠠᠵᠤ᠂ ᠣᠷᠣᠨ ᠪᠦᠰᠡ ᠵᠢᠨ ᠶᠡᠬᠡᠩᠬᠢ ᠬᠡᠰᠡᠭ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ ᠭᠦᠢ᠍ᠵᠧᠦ ᠵᠢᠨ ᠬᠡᠰᠡᠭ ᠭᠠᠵᠠᠷ ᠰᠠᠢ᠌ᠨ᠎ᠠᠴᠠ ᠪᠠᠭ᠎ᠠ ᠪᠣᠬᠢᠷᠳᠤᠯ᠎ᠲᠠᠢ; 27 –31᠎ᠤ ᠡᠳᠦᠷ ᠪᠣᠯᠲᠠᠯ᠎ᠠ᠂ ᠲᠠᠷᠬᠠᠭ᠋ᠠᠬᠤ ᠨᠥᠬᠥᠴᠡᠯ ᠠᠨᠠᠢ ᠪᠣᠯᠵᠤ᠂ ᠴᠧᠩᠳᠦ᠋ ᠵᠢᠨ ᠲᠠᠯ᠎ᠠ ᠭᠠᠵᠠᠷ᠂ ᠰᠧᠴᠤᠸᠠᠨ᠎ᠤ ᠡᠮᠦᠨᠡᠲᠦ ᠬᠡᠰᠡᠭ᠂ ᠰᠧᠴᠤᠸᠠᠨ᠎ᠤ ᠵᠡᠭᠦᠨ ᠬᠣᠢ᠌ᠲᠤ ᠬᠡᠰᠡᠭ ᠪᠣᠯᠣᠨ ᠶᠦᠨᠨᠠᠨ᠎ᠤ ᠬᠡᠰᠡᠭ ᠭᠠᠵᠠᠷ ᠰᠠᠢ᠌ᠨ᠎ᠠᠴᠠ ᠪᠠᠭ᠎ᠠ ᠪᠣᠬᠢᠷᠳᠤᠯ᠎ᠲᠠᠢ᠃ ᠭᠣᠣᠯ ᠪᠣᠬᠢᠷᠲᠤᠯ ᠪᠣᠳᠠᠰ᠎ᠨᠢ PM2.5 ᠪᠤᠶᠤ O3 ᠪᠣᠯᠣᠨ᠎ᠠ᠃
      ᠪᠠᠷᠠᠭᠤᠨ ᠬᠣᠢ᠌ᠲᠤ ᠣᠷᠣᠨ᠄ 3 ᠳ᠋ᠤᠭ᠋ᠠᠷ ᠰᠠᠷ᠎ᠠ ᠵᠢᠨ ᠳᠣᠣᠷᠠᠳᠤ ᠬᠠᠭ᠋ᠠᠰ ᠰᠠᠷ᠎ᠠ᠎ᠳᠤ᠂ ᠠᠭ᠋ᠠᠷ᠎ᠤᠨ ᠴᠢᠨᠠᠷ ᠴᠢᠨᠰᠠᠭ᠎ᠠ᠎ᠨᠢ ᠰᠠᠢ᠌ᠨ ᠪᠠᠢ᠌ᠬᠤ᠎ᠪᠠᠷ ᠭᠣᠣᠯᠯᠠᠵᠤ᠂ ᠳᠤᠮᠳᠠ ᠪᠠ ᠵᠡᠭᠦᠨ ᠬᠡᠰᠡᠭ᠎ᠤᠨ ᠬᠡᠰᠡᠭ ᠬᠤᠭᠤᠴᠠᠭ᠋ᠠᠨ᠎ᠳᠤ ᠪᠠᠭ᠎ᠠ ᠬᠡᠮᠵᠢᠶᠡᠨ᠎ᠤ ᠪᠣᠬᠢᠷᠲᠤᠯ ᠭᠠᠷᠴᠤ ᠮᠡᠳᠡᠨ᠎ᠡ᠂ 24—26᠎ᠤ ᠡᠳᠦᠷ ᠪᠠᠷᠠᠭᠤᠨ᠎ᠠᠴᠠ ᠵᠡᠭᠦᠨᠰᠢ ᠨᠢᠭᠡ ᠡᠭᠡᠯᠵᠢ ᠵᠢᠨ ᠨᠡᠯᠢᠶᠡᠳ ᠴᠢᠩᠭ᠎ᠠ ᠡᠯᠡᠰᠦᠨ ᠰᠢᠭᠤᠷᠭ᠋ᠠᠲᠤ ᠴᠠᠭ ᠠᠭᠤᠷ ᠢᠯᠡᠷᠡᠵᠦ ᠮᠡᠳᠡᠨ᠎ᠡ᠂ ᠶᠡᠬᠡᠩᠬᠢ ᠭᠠᠵᠠᠷ ᠣᠷᠣᠨ᠎ᠳᠤ ᠬᠦᠨᠳᠦ ᠪᠤᠶᠤ ᠲᠡᠭᠦᠨ᠎ᠠᠴᠠ ᠳᠡᠭᠡᠭᠰᠢᠬᠢ ᠪᠣᠬᠢᠷᠲᠤᠯ ᠭᠠᠷᠴᠤ ᠮᠡᠳᠡᠨ᠎ᠡ᠃ ᠡᠭᠦᠨ᠎ᠳᠤ᠂ 16 — 23᠎ᠤ ᠡᠳᠦᠷ᠂ ᠲᠠᠷᠬᠠᠭ᠋ᠠᠬᠤ ᠨᠥᠬᠥᠴᠡᠯ ᠵᠶ᠋ᠡᠷ ᠨᠡᠯᠢᠶᠡᠳ ᠰᠠᠢ᠌ᠨ᠂ ᠰᠠᠢ᠌ᠨ ᠵᠶ᠋ᠠᠷ ᠭᠣᠣᠯ ᠪᠣᠯᠭ᠋ᠠᠵᠤ᠂ ᠬᠡᠰᠡᠭ ᠭᠠᠵᠠᠷ᠎ᠲᠤ ᠬᠥᠩᠭᠡᠨ ᠪᠣᠬᠢᠷᠲᠤᠭᠳᠠᠵᠤ᠂ ᠡᠯᠡᠰᠦ ᠲᠣᠭᠣᠰᠣᠨ᠎ᠤ ᠨᠥᠯᠥᠭᠡ᠎ᠠᠴᠠ ᠪᠣᠯᠵᠤ᠂ ᠭᠠᠨᠰᠤ ᠵᠢᠨ ᠾᠧᠰᠢ ᠵᠢᠴᠢ ᠥᠪᠥᠷ ᠮᠣᠩᠭᠣᠯ᠎ᠤᠨ ᠪᠠᠷᠠᠭᠤᠨ ᠬᠡᠰᠡᠭ᠎ᠲᠤ 22 — 23᠎ᠤ ᠡᠳᠦᠷ ᠳᠤᠮᠳᠠ ᠵᠡᠷᠭᠡ ᠵᠢᠨ ᠪᠣᠬᠢᠷᠲᠤᠯ ᠭᠠᠷᠴᠤ ᠮᠡᠳᠡᠨ᠎ᠡ; 24—26᠎ᠤ ᠡᠳᠦᠷ᠂ ᠴᠢᠩᠭ᠎ᠠ ᠬᠦᠢ᠍ᠲᠡᠨ ᠠᠭ᠋ᠠᠷ᠎ᠤᠨ ᠨᠥᠯᠥᠭᠡᠯᠡᠯ ᠵᠶ᠋ᠡᠷ᠂ ᠪᠠᠷᠠᠭᠤᠨ᠎ᠠᠴᠠ ᠵᠡᠭᠦᠨᠰᠢ ᠨᠡᠯᠢᠶᠡᠳ ᠴᠢᠩᠭ᠎ᠠ ᠡᠯᠡᠰᠦᠨ ᠰᠢᠭᠤᠷᠭ᠋ᠠᠲᠤ ᠴᠠᠭ ᠠᠭᠤᠷ ᠢᠯᠡᠷᠡᠵᠦ ᠮᠡᠳᠡᠨ᠎ᠡ᠂ 24᠎ᠤ ᠡᠳᠦᠷ ᠳᠤᠮᠳᠠ᠎ᠠᠴᠠ ᠬᠦᠨᠳᠦ ᠪᠣᠬᠢᠷᠲᠤᠯ ᠵᠶ᠋ᠠᠷ ᠭᠣᠣᠯᠯᠠᠵᠤ᠂ ᠬᠡᠰᠡᠭ ᠭᠠᠵᠠᠷ᠎ᠲᠤ ᠬᠦᠨᠳᠦ ᠨᠣᠴᠢᠲᠠᠢ ᠪᠣᠬᠢᠷᠲᠤᠯ᠎ᠲᠠᠢ᠂ 25᠎ᠤ ᠡᠳᠦᠷ ᠬᠥᠩᠭᠡᠨ᠎ᠠᠴᠠ ᠳᠤᠮᠳᠠ ᠵᠡᠷᠭᠡ ᠵᠢᠨ ᠪᠣᠬᠢᠷᠲᠤᠯ᠎ᠲᠠᠢ᠂ ᠬᠡᠰᠡᠭ ᠭᠠᠵᠠᠷ᠎ᠲᠤ ᠬᠦᠨᠳᠦ ᠪᠣᠬᠢᠷᠲᠤᠯ᠎ᠲᠠᠢ᠂ 26᠎ᠤ ᠡᠳᠦᠷ ᠰᠠᠢ᠌ᠨ᠎ᠠᠴᠠ ᠬᠥᠩᠭᠡᠨ ᠵᠡᠷᠭᠡ ᠵᠢᠨ ᠪᠣᠬᠢᠷᠲᠤᠯ᠎ᠲᠠᠢ᠂ ᠬᠡᠰᠡᠭ ᠭᠠᠵᠠᠷ᠎ᠲᠤ ᠳᠤᠮᠳᠠ ᠵᠡᠷᠭᠡ ᠵᠢᠨ ᠪᠣᠬᠢᠷᠲᠤᠯ᠎ᠲᠠᠢ; 27 — 31᠎ᠤ ᠡᠳᠦᠷ᠂ ᠲᠠᠷᠬᠠᠭ᠋ᠠᠬᠤ ᠨᠥᠬᠥᠴᠡᠯ ᠵᠶ᠋ᠡᠷ ᠨᠡᠯᠢᠶᠡᠳ ᠰᠠᠢ᠌ᠨ ᠪᠠᠢ᠌ᠵᠤ᠂ ᠰᠠᠢ᠌ᠨ ᠪᠠᠢ᠌ᠬᠤ᠎ᠪᠠᠷ ᠭᠣᠣᠯ ᠪᠣᠯᠭ᠋ᠠᠵᠤ᠂ ᠬᠡᠰᠡᠭ ᠭᠠᠵᠠᠷ᠎ᠲᠤ ᠪᠠᠭ᠎ᠠ ᠬᠡᠮᠵᠢᠶᠡᠨ᠎ᠤ ᠪᠣᠬᠢᠷᠲᠤᠯ᠎ᠲᠠᠢ᠃ ᠰᠢᠨᠵᠢᠶᠠᠩ ᠣᠷᠣᠨ᠄ ᠰᠢᠨᠵᠢᠶᠠᠩ᠎ᠤᠨ ᠬᠣᠢ᠌ᠲᠤ ᠬᠡᠰᠡᠭ᠎ᠤᠨ ᠬᠣᠲᠠ ᠵᠢᠨ ᠠᠭ᠋ᠠᠷ᠎ᠤᠨ ᠴᠢᠨᠠᠷ ᠴᠢᠨᠰᠠᠭ᠎ᠠ ᠰᠠᠢ᠌ᠨ; ᠲᠡᠭᠷᠢ ᠠᠭᠤᠯᠠ ᠵᠢᠨ ᠠᠷᠤ ᠬᠥᠲᠥᠯ᠎ᠤᠨ ᠬᠣᠲᠠ᠎ᠨᠢ ᠰᠢᠯᠢᠳᠡᠭ ᠰᠠᠢ᠌ᠨ ᠵᠶ᠋ᠠᠷ ᠭᠣᠣᠯᠯᠠᠵᠤ᠂ 16᠎ᠤ ᠡᠳᠦᠷ᠂ 20᠎ᠤ ᠡᠳᠦᠷ ᠪᠣᠯ ᠬᠥᠩᠭᠡᠨ ᠪᠣᠬᠢᠷᠲᠤᠯ᠎ᠲᠠᠢ; ᠰᠢᠨᠵᠢᠶᠠᠩ᠎ᠤᠨ ᠵᠡᠭᠦᠨ ᠬᠡᠰᠡᠭ᠎ᠤᠨ ᠬᠣᠲᠠ᠎ᠨᠢ ᠰᠠᠢ᠌ᠨ᠎ᠠᠴᠠ ᠬᠥᠩᠭᠡᠨ ᠪᠣᠬᠢᠷᠲᠤᠯ ᠵᠶ᠋ᠠᠷ ᠭᠣᠣᠯᠯᠠᠵᠤ᠂ 22᠎ᠤᠨ ᠡᠳᠦᠷ᠂ 25 ᠎ᠠᠴᠠ 26᠎ᠤ ᠡᠳᠦᠷ ᠳᠤᠮᠳᠠ ᠵᠡᠷᠭᠡ ᠵᠢᠨ ᠪᠤᠶᠤ ᠲᠡᠭᠦᠨ᠎ᠠᠴᠠ ᠳᠡᠭᠡᠭᠰᠢᠬᠢ ᠪᠣᠬᠢᠷᠲᠤᠯ ᠵᠶ᠋ᠠᠷ ᠭᠣᠣᠯᠯᠠᠨ᠎ᠠ; ᠰᠢᠨᠵᠢᠶᠠᠩ᠎ᠤᠨ ᠡᠮᠦᠨᠡᠲᠦ ᠬᠡᠰᠡᠭ᠎ᠤᠨ ᠬᠣᠲᠠ᠎ᠳᠤ 16—19᠎ᠤ ᠡᠳᠦᠷ᠂ 26—31᠎ᠤ ᠡᠳᠦᠷ ᠪᠣᠯ ᠬᠦᠨᠳᠦ ᠪᠣᠬᠢᠷᠲᠤᠯ ᠵᠶ᠋ᠠᠷ ᠭᠣᠣᠯᠯᠠᠵᠤ᠂ ᠬᠡᠰᠡᠭ ᠬᠣᠲᠠ᠎ᠳᠤ ᠬᠦᠨᠳᠦ ᠨᠣᠴᠢᠲᠠᠢ ᠪᠣᠬᠢᠷᠲᠤᠯ ᠭᠠᠷᠴᠤ ᠮᠡᠳᠡᠨ᠎ᠡ᠂ 20—25᠎ᠤ ᠡᠳᠦᠷ ᠪᠣᠯ ᠰᠠᠢ᠌ᠨ᠎ᠠᠴᠠ ᠬᠥᠩᠭᠡᠨ ᠪᠣᠬᠢᠷᠲᠤᠯ ᠵᠶ᠋ᠠᠷ ᠭᠣᠣᠯᠯᠠᠵᠤ᠂ ᠬᠡᠰᠡᠭ ᠬᠤᠭᠤᠴᠠᠭ᠋ᠠᠨ᠎ᠳᠤ ᠳᠤᠮᠳᠠ ᠵᠡᠷᠭᠡ ᠵᠢᠨ ᠪᠣᠬᠢᠷᠲᠤᠯ ᠭᠠᠷᠴᠤ ᠮᠡᠳᠡᠨ᠎ᠡ᠃ ᠭᠣᠣᠯ ᠪᠣᠬᠢᠷᠲᠤᠯ ᠪᠣᠳᠠᠰ᠎ᠨᠢ PM10 ᠪᠣᠯᠣᠨ PM2.5 ᠪᠣᠯᠣᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠰᠠᠢ᠌ᠳ ᠬᠤᠸᠠᠩ ᠷᠦᠨ ᠴᠢᠦ ᠠᠷᠪᠠᠨ ᠨᠢᠭᠡᠳᠦᠭᠡᠷ ᠤᠳᠠᠭ᠎ᠠ ᠵᠢᠨ ᠠᠯᠳᠠᠨ ᠲᠣᠭᠣᠰᠬ᠎ᠠ ᠤᠯᠤᠰ᠎ᠤᠨ ᠣᠷᠴᠢᠨ ᠲᠣᠭᠣᠷᠢᠨ᠎ᠤ ᠶᠠᠮᠤᠨ᠎ᠤ ᠰᠠᠢ᠌ᠳ ᠨᠠᠷ᠎ᠤᠨ ᠬᠤᠷᠠᠯ ᠵᠢᠴᠢ ᠬᠠᠮᠢᠶ᠎ᠠ ᠪᠦᠬᠦᠢ ᠠᠵᠢᠯᠯᠠᠭ᠎ᠠ᠎ᠳᠤ ᠣᠷᠣᠯᠴᠠᠪᠠ
ᠠᠮᠢ ᠠᠬᠤᠢ ᠣᠷᠴᠢᠨ ᠲᠣᠭᠣᠷᠢᠨ᠎ᠤᠨ ᠶᠠᠮᠤᠨ᠎ᠤ ᠨᠢᠭᠡ ᠭᠠᠷᠠᠭ᠎ᠤᠨ ᠴᠢᠬᠤᠯᠠ ᠮᠡᠳᠡᠭᠡ (4.6 —4.12)
ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠰᠠᠢ᠌ᠳ ᠬᠤᠸᠠᠩ ᠷᠦᠨ ᠴᠢᠦ ᠤᠯᠠᠨ ᠤᠯᠤᠰ᠎ᠤᠨ ᠬᠣᠯᠪᠣᠭ᠋ᠠᠲᠤ ᠪᠠᠢ᠌ᠭᠤᠯᠭ᠎ᠠ ᠵᠢᠨ ᠠᠭᠤᠷ ᠠᠮᠢᠰᠬᠤᠯ᠎ᠤᠨ ᠬᠤᠪᠢᠷᠠᠯᠲᠠ ᠵᠢᠨ ᠲᠤᠬᠠᠢ ᠪᠸᠢᠢ᠍ᠯᠦᠢ᠌ᠨ᠎ᠤ ᠶᠡᠬᠡ ᠬᠤᠷᠠᠯ᠎ᠤᠨ ᠲᠡᠷᠢᠭᠦᠯᠡᠭᠴᠢ᠂ ᠪᠷᠠᠽᠢᠯ᠎ᠤᠨ ᠶᠡᠷᠦᠩᠬᠡᠢ᠌ᠯᠡᠭᠴᠢ ᠵᠢᠨ ᠣᠷᠳᠣᠨ᠎ᠤ ᠢᠷᠭᠡᠨ᠎ᠤ ᠬᠡᠷᠡᠭ᠎ᠤᠨ ᠠᠯᠪᠠᠨ ᠭᠡᠷ᠎ᠤᠨ ᠳᠡᠳ᠋ ᠡᠷᠬᠢᠯᠡᠭᠴᠢ ᠠᠨᠳᠧᠯᠢ᠎ᠲᠠᠢ ᠠᠭᠤᠯᠵᠠᠪᠠ
ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠨᠢᠭᠡ ᠭᠠᠷᠠᠭ᠎ᠤᠨ ᠴᠢᠬᠤᠯᠠ ᠮᠡᠳᠡᠭᠡ (4.13 — 4.19)
ᠠᠮᠢ ᠠᠬᠤᠶ ᠣᠷᠴᠢᠨ ᠲᠣᠭᠣᠷᠢᠨ᠎ᠤ ᠶᠠᠮᠤᠨ᠎ᠤ ᠨᠢᠭᠡ ᠭᠠᠷᠠᠭ᠎ᠤᠨ ᠴᠢᠬᠤᠯᠠ ᠮᠡᠳᠡᠭᠡ (4.27 — 5.3)
 
             蒙ICP备05000248号