ᠲᠦᠷᠦᠭᠦᠬᠡᠨ᠂ ᠲᠥᠷᠥ ᠵᠢᠨ ᠶᠠᠪᠤᠳᠠᠯ᠎ᠤᠨ ᠬᠣᠷᠢᠶ᠎ᠠ 《ᠥᠪᠥᠷ ᠮᠣᠩᠭᠣᠯ᠎ᠤᠨ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠵᠤ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠰᠢᠨ᠎ᠡ ᠬᠠᠭᠤᠳᠠᠰᠤ ᠵᠢ ᠴᠢᠷᠮᠠᠢ᠌ᠨ ᠪᠢᠴᠢᠭᠯᠡᠬᠦ ᠲᠤᠬᠠᠢ ᠰᠠᠨᠠᠯ 》 ( ᠳᠣᠷᠣᠭᠰᠢ 《 ᠰᠠᠨᠠᠯ 》 ᠭᠡᠵᠦ ᠳᠥᠭᠥᠮᠴᠢᠯᠡᠨ᠎ᠡ )᠎ᠢ ᠳᠠᠷᠤᠮᠠᠯᠯᠠᠨ ᠲᠠᠷᠬᠠᠭ᠋ᠠᠵᠤ᠂ ᠣᠷᠣᠨ᠎ᠤ ᠰᠢᠭᠤᠳ ᠬᠠᠷᠢᠶ᠎ᠠ ᠨᠢᠭᠡᠴᠢ᠎ᠳᠤ ᠴᠢᠩᠭ᠎ᠠ ᠲᠤᠰᠬᠠᠯ ᠭᠠᠷᠪᠠ᠃ ᠥᠷᠭᠡᠨ ᠤᠯᠠᠨ ᠨᠠᠮ᠎ᠤᠨ ᠭᠡᠰᠢᠭᠦᠨ ᠺᠠᠳ᠋ᠷ ᠮᠠᠰᠢ ᠶᠡᠬᠡ ᠤᠷᠮᠠᠰᠢᠨ ᠵᠣᠷᠢᠭᠵᠢᠵᠤ᠂ ᠡᠷᠴᠢ ᠵᠣᠷᠢᠭ ᠵᠶ᠋ᠠᠨ ᠬᠥᠪᠴᠢᠯᠡᠵᠦ᠂ ᠰᠢ ᠵᠢᠨ ᠫᠢᠩ ᠨᠥᠬᠥᠷ ᠵᠶ᠋ᠡᠷ ᠭᠣᠣᠯ ᠪᠤᠯᠭ᠋ᠠᠬᠰᠠᠨ ᠨᠠᠮ᠎ᠤᠨ ᠲᠥᠪ ᠬᠣᠷᠢᠶ᠎ᠠ ᠵᠢᠨ ᠥᠪᠥᠷ ᠮᠣᠩᠭᠣᠯ᠎ᠳᠠᠬᠢ ᠬᠠᠢ᠌ᠷ᠎ᠠ ᠬᠠᠯᠠᠮᠵᠢ ᠪᠣᠯᠣᠨ ᠬᠦᠰᠡᠯ ᠨᠠᠢ᠌ᠳᠠᠯᠭ᠎ᠠ ᠵᠢ ᠭᠦᠨᠵᠡᠭᠡᠢ ᠣᠢ᠌ᠯᠠᠭ᠋ᠠᠵᠤ᠂ ᠨᠠᠮ᠎ᠤᠨ ᠠᠴᠢ ᠡᠨᠡᠷᠢᠯ᠎ᠳᠤ ᠨᠡᠩ ᠴᠢᠩ ᠰᠡᠳᠬᠢᠯ᠎ᠠᠴᠠ᠎ᠪᠠᠨ ᠲᠠᠯᠠᠷᠬᠠᠵᠤ᠂ ᠬᠣᠶᠠᠷ ᠶᠡᠬᠡ ᠶᠠᠪᠤᠳᠠᠯ᠎ᠢ ᠰᠠᠢ᠌ᠲᠤᠷ ᠬᠢᠬᠦ ᠪᠣᠳᠠᠲᠤ ᠠᠵᠢᠯᠯᠠᠭ᠎ᠠ᠎ᠪᠠᠷ ᠵᠶ᠋ᠠᠨ ᠬᠣᠶᠠᠷ᠎ᠢ ᠲᠣᠭᠲᠠᠭ᠋ᠠᠭᠰᠠᠨ 》᠎ᠢ ᠡᠷᠡᠰ ᠬᠦᠷᠢᠶᠡᠯᠡᠵᠦ᠂《ᠬᠣᠶᠠᠷ᠎ᠢ ᠬᠠᠮᠠᠭ᠋ᠠᠯᠠᠬᠤ》 ᠵᠢ ᠡᠷᠡᠰ ᠪᠡᠶᠡᠯᠡᠭᠦᠯᠦᠨ᠎ᠡ ᠭᠡᠵᠦ ᠢᠯᠡᠳᠬᠡᠵᠡᠭᠡᠪᠡ᠃
ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠵᠠᠢ ᠶᠢᠩ ᠵᠢᠶᠦ᠋ᠨ᠂ 《 ᠰᠠᠨᠠᠯ 》᠎ᠢ ᠨᠡᠢ᠌ᠲᠡᠯᠡᠭᠰᠡᠨ᠎ᠨᠢ ᠥᠪᠥᠷ ᠮᠣᠩᠭᠣᠯ᠎ᠤᠨ ᠢᠷᠡᠭᠡᠳᠦᠢ ᠵᠢᠨ ᠬᠥᠭᠵᠢᠯᠲᠡ᠎ᠳᠤ ᠯᠤᠲᠤ ᠶᠡᠬᠡ ᠠᠬᠢᠭᠤᠯᠬᠤ ᠦᠢ᠍ᠯᠡᠳᠦᠯ ᠦᠵᠡᠭᠦᠯᠭᠦ᠎ᠨᠢ ᠯᠠᠪᠲᠠᠢ᠃ 《 ᠰᠠᠨᠠᠯ 》᠎ᠳᠤ ᠰᠢᠨ᠎ᠡ ᠵᠢ ᠡᠭᠦᠳᠬᠦ ᠬᠥᠭᠵᠢᠯᠲᠡ ᠵᠢᠨ ᠴᠢᠳᠠᠪᠤᠷᠢ ᠵᠢ ᠨᠡᠮᠡᠭᠳᠡᠭᠦᠯᠬᠦ᠂ ᠠᠷᠠᠳ᠎ᠤᠨ ᠠᠮᠢᠳᠤᠷᠠᠯ᠎ᠤᠨ ᠦᠨᠳᠦᠰᠦᠨ ᠪᠠᠲᠤᠯᠠᠭ᠎ᠠ ᠵᠢ ᠴᠢᠩᠭ᠋ᠠᠳᠬᠠᠬᠤ᠂ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠲᠦᠪᠰᠢᠨ᠎ᠢ ᠳᠡᠭᠡᠭᠰᠢᠯᠡᠭᠦᠯᠭᠦ ᠵᠡᠷᠭᠡ ᠲᠠᠯ᠎ᠠ᠎ᠪᠠᠷ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠰᠠᠯᠠᠭ᠎ᠠ ᠮᠥᠴᠢᠷ᠎ᠤᠨ ᠡᠭᠦᠷᠭᠡᠯᠡᠬᠦ ᠠᠵᠢᠯ᠎ᠤᠨ ᠠᠭᠤᠯᠭ᠎ᠠ ᠵᠢ ᠲᠣᠳᠣᠷᠬᠠᠢ ᠲᠣᠭᠲᠠᠭ᠋ᠠᠪᠠ᠂ ᠥᠪᠡᠷᠲᠡᠭᠡᠨ ᠵᠠᠰᠠᠬᠤ ᠣᠷᠣᠨ᠎ᠤ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠨᠠᠢ᠌ᠳᠠᠯᠭ᠎ᠠ ᠵᠢ ᠪᠠᠲᠤ ᠴᠡᠭᠡᠵᠢᠯᠡᠨ᠂ ᠠᠴᠢ ᠡᠨᠡᠷᠢᠯ᠎ᠳᠤ ᠲᠠᠯᠠᠷᠬᠠᠨ ᠡᠷᠡᠮᠡᠬᠡᠢ᠌ᠯᠡᠨ ᠤᠷᠤᠭᠰᠢᠯᠠᠵᠤ᠂ ᠠᠵᠢᠯ᠎ᠤᠨ ᠠᠢ᠌ᠵᠠᠮ ᠵᠶ᠋ᠡᠨ ᠲᠦᠷᠭᠡᠳᠬᠡᠵᠦ᠂ ᠠᠵᠢᠯ᠎ᠤᠨ ᠬᠠᠷᠢᠭᠤᠴᠠᠯᠭ᠎ᠠ᠎ᠪᠠᠨ ᠪᠣᠳᠠᠲᠠᠢ᠌ᠵᠢᠭᠤᠯᠤᠨ᠂ ᠡᠯ᠎ᠡ ᠵᠦᠢ᠍ᠯ᠎ᠤᠨ ᠰᠢᠢ᠍ᠳᠪᠦᠷᠢᠲᠦ ᠪᠣᠳᠣᠯᠭ᠎ᠠ ᠪᠠᠢ᠌ᠷᠢᠯᠠᠭᠤᠯᠤᠯᠲᠠ ᠵᠢ ᠪᠣᠳᠠᠲᠠᠢ᠎ᠳᠤ ᠨᠠᠢ᠌ᠳᠠᠪᠤᠷᠢᠵᠢᠭᠤᠯᠬᠤ ᠵᠢ ᠪᠦᠭᠦ ᠬᠦᠴᠦᠨ ᠵᠶ᠋ᠡᠷ ᠵᠶ᠋ᠡᠨ ᠪᠠᠲᠤᠯᠠᠨ᠂ ᠠᠵᠢᠯ ᠣᠯᠭᠣᠯᠲᠠ ᠵᠢ ᠨᠡᠩ ᠭᠦᠢ᠍ᠴᠡᠳ ᠨᠡᠩ ᠴᠢᠨᠠᠷ ᠰᠠᠢ᠌ᠲᠠᠢ ᠪᠡᠶᠡᠯᠡᠭᠦᠯᠬᠦ ᠵᠢ ᠠᠬᠢᠭᠤᠯᠵᠤ᠂ ᠤᠯᠠᠨ ᠲᠡᠰ ᠳᠠᠪᠬᠤᠷᠭ᠎ᠠ ᠵᠢᠨ ᠨᠡᠢ᠌ᠭᠡᠮ᠎ᠤᠨ ᠪᠠᠲᠤᠯᠠᠭ᠎ᠠ ᠵᠢᠨ ᠰᠢᠰᠲ᠋ᠧᠮ᠎ᠢ ᠨᠡᠩ ᠲᠡᠭᠦᠯᠳᠡᠷᠵᠢᠭᠦᠯᠦᠨ᠂ ᠴᠢᠳᠠᠪᠤᠷᠢᠲᠠᠨ᠎ᠤ ᠰᠢᠨ᠎ᠡ ᠵᠢ ᠡᠭᠦᠳᠦᠨ ᠦᠢ᠍ᠯᠡᠰ ᠪᠣᠰᠬᠠᠬᠤ ᠠᠮᠢᠵᠢᠷᠠᠯ᠎ᠤᠨ ᠬᠦᠴᠦᠨ᠎ᠢ ᠭᠦᠢ᠍ᠴᠡᠳ ᠪᠠᠳᠠᠷᠠᠭ᠋ᠠᠵᠤ᠂ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠲᠦᠪᠰᠢᠨ᠎ᠢ ᠢᠯᠡᠳᠲᠡ ᠳᠡᠭᠡᠭᠰᠢᠯᠡᠭᠦᠯᠦᠨ᠂ ᠠᠷᠠᠳ᠎ᠤᠨ ᠠᠮᠢᠳᠤᠷᠠᠯ᠎ᠤᠨ ᠳᠤᠲᠠᠭᠤᠳᠠᠯ᠎ᠢ ᠦᠨᠡᠨ ᠬᠦ᠌ ᠨᠥᠬᠥᠪᠦᠷᠢᠯᠡᠵᠦ᠂ ᠠᠷᠠᠳ᠎ᠤᠨ ᠠᠮᠢᠳᠤᠷᠠᠯ᠎ᠤᠨ ᠪᠤᠶᠠᠨ ᠵᠢᠷᠭ᠋ᠠᠯ᠎ᠢ ᠨᠡᠮᠡᠭᠳᠡᠭᠦᠯᠵᠦ᠂ ᠬᠠᠮᠲᠤ᠎ᠪᠠᠷ ᠪᠠᠶᠠᠵᠢᠬᠤ ᠵᠢ ᠠᠬᠢᠭᠤᠯᠵᠤ ᠪᠠᠢ᠌ᠭ᠎ᠠ᠎ᠨᠢ ᠶᠠᠭ ᠪᠢᠳᠡᠨ᠎ᠤ ᠳᠡᠷᠭᠡᠳᠡ ᠡᠷᠴᠢᠮᠲᠡᠢ ᠶᠠᠪᠤᠭᠳᠠᠵᠤ ᠪᠠᠢ᠌ᠭ᠎ᠠ ᠭᠡᠳᠡᠭ᠎ᠢ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠳᠤ ᠦᠨᠡᠨ ᠬᠦ᠌ ᠮᠡᠳᠡᠷᠡᠭᠦᠯᠦᠨ᠎ᠡ ᠭᠡᠵᠦ ᠢᠯᠡᠳᠬᠡᠪᠡ᠃
ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠭᠦ ᠵᠥᠪᠯᠡᠯ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠪᠦᠷᠢᠯᠳᠦᠭᠦᠨ᠂ ᠳᠡᠳ᠋ ᠡᠷᠭᠢᠯᠡᠭᠴᠢ ᠶᠠᠨ ᠬᠣᠶ ᠯᠦᠩ᠂ 《 ᠰᠠᠨᠠᠯ 》᠎ᠳᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠪᠠᠢ᠌ᠭᠤᠯᠤᠯᠲᠠ ᠵᠢ ᠴᠢᠩᠭ᠋ᠠᠳᠬᠠᠵᠤ᠂ ᠤᠮᠠᠷᠠᠲᠤ ᠬᠢᠯᠢ ᠵᠢᠨ ᠠᠮᠤᠷ ᠲᠦᠪᠰᠢᠨ ᠲᠣᠭᠲᠠᠭᠤᠨ᠎ᠤ ᠬᠠᠯᠬᠠᠪᠴᠢ ᠵᠢ ᠪᠠᠲᠤ ᠴᠣᠭᠴᠠᠯᠠᠨ᠎ᠠ ᠭᠡᠵᠦ ᠲᠣᠳᠣᠷᠬᠠᠢ ᠳᠤᠷᠠᠳᠤᠨ ᠭᠠᠷᠭ᠋ᠠᠪᠠ᠃ ᠦᠨᠳᠦᠰᠦᠲᠡᠨ᠎ᠤ ᠠᠵᠢᠯ᠎ᠤᠨ ᠰᠠᠯᠠᠭ᠎ᠠ ᠮᠥᠴᠢᠷ ᠪᠣᠯᠤᠭᠰᠠᠨ᠎ᠤ ᠬᠤᠪᠢ᠎ᠳᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠣᠨ ᠵᠠᠰᠠᠭ᠎ᠤᠨ ᠣᠷᠳᠣᠨ᠎ᠤ ᠪᠠᠢ᠌ᠷᠢᠯᠠᠭᠤᠯᠤᠯᠲᠠ ᠱᠠᠭ᠋ᠠᠷᠳᠠᠯᠭ᠎ᠠ ᠶᠣᠰᠣᠭ᠋ᠠᠷ᠂ ᠠᠷᠭ᠎ᠠ ᠬᠡᠮᠵᠢᠶ᠎ᠡ ᠵᠢ ᠱᠠᠯᠠᠪᠳᠠᠨ ᠨᠠᠷᠢᠯᠢᠭᠵᠢᠭᠤᠯᠤᠨ ᠪᠣᠳᠠᠲᠠᠢ᠌ᠵᠢᠭᠤᠯᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ᠎ᠪᠠᠷ ᠭᠣᠣᠯ ᠰᠢᠵᠢᠮ ᠪᠤᠯᠭ᠋ᠠᠵᠤ᠂ ᠡᠭᠦᠷᠭᠡᠯᠡᠵᠦ ᠪᠠᠢ᠌ᠭ᠎ᠠ ᠡᠯ᠎ᠡ ᠵᠦᠢ᠍ᠯ᠎ᠤᠨ ᠡᠭᠦᠷᠭᠡ ᠵᠢ ᠡᠷᠲᠡᠬᠡᠨ ᠦᠷ᠎ᠡ ᠳ᠋ᠦᠩ ᠭᠠᠷᠭ᠋ᠠᠵᠤ᠂ ᠦᠷ᠎ᠡ ᠪᠦᠲᠦᠮᠵᠢ ᠣᠯᠬᠤ ᠵᠢ ᠯᠠᠪᠳᠠᠭᠤᠨ ᠪᠠᠲᠤᠲᠠᠢ ᠠᠬᠢᠭᠤᠯᠬᠤ ᠬᠡᠷᠡᠭᠲᠡᠢ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠵᠢᠱ᠌ᠢᠶ᠎ᠡ ᠦᠵᠡᠭᠦᠯᠭᠦ ᠡᠭᠦᠳᠦᠨ ᠪᠠᠢ᠌ᠭᠤᠯᠬᠤ ᠠᠵᠢᠯ᠎ᠢ ᠴᠢᠩᠭ᠋ᠠᠳᠬᠠᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠤᠶᠤᠨ ᠰᠠᠨᠠᠭ᠋ᠠᠨ᠎ᠤ ᠭᠡᠷ ᠣᠷᠣᠨ᠎ᠤ ᠪᠠᠢ᠌ᠭᠤᠯᠤᠯᠲᠠ ᠵᠢ ᠦᠷᠭᠦᠯᠵᠢᠯᠡᠨ ᠠᠬᠢᠭᠤᠯᠵᠤ᠂ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠵᠢᠨ ᠦᠢ᠍ᠯᠡᠰ᠎ᠢ ᠪᠦᠭᠦ ᠲᠠᠯ᠎ᠠ᠎ᠪᠠᠷ ᠠᠬᠢᠭᠤᠯᠵᠤ᠂ ᠰᠢᠨ᠎ᠡ ᠴᠠᠭ ᠦᠶ᠎ᠡ᠎ᠳᠤ 《 ᠵᠢᠱ᠌ᠢᠶᠡᠴᠢ ᠥᠪᠡᠷᠲᠡᠭᠡᠨ ᠵᠠᠰᠠᠬᠤ ᠣᠷᠣᠨ 》᠎ᠤ ᠡᠷᠬᠢᠮ ᠳᠡᠭᠡᠳᠦ ᠢᠷᠠᠭᠤ ᠠᠯᠳᠠᠷ ᠵᠶ᠋ᠡᠨ ᠦᠷᠭᠦᠯᠵᠢᠯᠡᠨ ᠪᠠᠲᠤᠯᠠᠬᠤ ᠬᠡᠷᠡᠭᠲᠡᠢ ᠭᠡᠵᠦ ᠢᠯᠡᠳᠬᠡᠪᠡ᠃
ᠥᠪᠡᠷᠲᠡᠭᠡᠨ ᠵᠠᠰᠠᠬᠤ ᠣᠷᠣᠨ᠎ᠤ ᠪᠠᠢ᠌ᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠎ᠤᠨ ᠺᠠᠳ᠋ᠷ ᠠᠵᠢᠯᠲᠠᠨ ᠠᠵᠢᠯᠴᠢᠨ᠂ 《 ᠰᠠᠨᠠᠯ 》᠎ᠳᠤ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ ᠲᠤᠬᠠᠢ ᠪᠠᠢ᠌ᠯᠳᠤᠬᠤ ᠪᠣᠳᠣᠯᠭ᠎ᠠ ᠵᠢᠨ ᠪᠠᠢ᠌ᠷᠢ ᠲᠣᠭᠲᠠᠭ᠋ᠠᠯᠲᠠ ᠵᠢ ᠪᠠᠲᠤ ᠡᠵᠡᠮᠳᠡᠵᠦ᠂ ᠰᠢᠨ᠎ᠡ ᠵᠠᠮ ᠨᠡᠭᠡᠭᠡᠵᠦ᠂ ᠳᠤᠮᠳᠠ ᠲᠦᠪᠰᠢᠨ᠎ᠳᠤ ᠣᠷᠣᠬᠤ ᠴᠠᠭ᠎ᠤᠨ ᠬᠦᠰᠦᠨᠦᠭᠲᠦ᠂ ᠱᠤᠭᠤᠮ᠎ᠤᠨ ᠵᠢᠷᠤᠭ᠎ᠢ ᠲᠣᠳᠣᠷᠬᠠᠢ᠌ᠯᠠᠪᠠ᠃ ᠬᠣᠢ᠌ᠰᠢᠳᠠ ᠮᠣᠩᠭᠣᠯ ᠮᠣᠷᠢᠨ᠎ᠤ ᠵᠣᠷᠢᠭ ᠰᠠᠨᠠᠭ᠎ᠠ ᠪᠣᠯᠣᠨ
《 ᠤᠮᠠᠷᠠᠲᠤ ᠵᠢᠨ ᠭᠤᠷᠪᠠᠨ ᠣᠷᠣᠨ᠎ᠤ ᠵᠣᠷᠢᠭ ᠰᠠᠨᠠᠭ᠎ᠠ 》 ᠵᠢ ᠶᠡᠬᠡ᠎ᠪᠠᠷ ᠪᠠᠳᠠᠷᠠᠭᠤᠯᠵᠤ᠂ 《 ᠰᠠᠨᠠᠯ 》᠎ᠢ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢ ᠦᠨᠡᠨ ᠬᠦ᠌ ᠰᠠᠢ᠌ᠲᠤᠷ ᠠᠳᠬᠤᠬᠤ ᠵᠢ ᠣᠳᠣᠬᠠᠨ᠎ᠤ ᠪᠠ ᠬᠣᠢ᠌ᠰᠢᠳᠠ ᠵᠢᠨ ᠬᠡᠰᠡᠭ ᠬᠤᠭᠤᠴᠠᠭ᠋ᠠᠨ᠎ᠤ ᠴᠢᠬᠤᠯᠠ ᠤᠯᠤᠰ ᠲᠥᠷᠥ ᠵᠢᠨ ᠡᠭᠦᠷᠭᠡ ᠪᠤᠯᠭ᠋ᠠᠵᠤ᠂ ᠨᠠᠢ᠌ᠳᠠᠪᠤᠷᠢᠵᠢᠭᠤᠯᠬᠤ ᠠᠷᠭ᠎ᠠ ᠬᠡᠮᠵᠢᠶ᠎ᠡ ᠵᠢ ᠨᠠᠷᠢᠯᠢᠭᠵᠢᠭᠤᠯᠤᠨ᠂ ᠠᠵᠢᠯ᠎ᠤᠨ ᠬᠠᠷᠢᠭᠤᠴᠠᠯᠭ᠎ᠠ ᠵᠢ ᠪᠣᠳᠠᠲᠠᠢ᠌ᠵᠢᠭᠤᠯᠵᠤ ᠂ 《 ᠪᠡᠭᠡᠵᠢᠩ᠎ᠳᠤ ᠣᠴᠢᠵᠤ ᠶᠠᠮᠤᠨ ᠵᠢᠡᠷ ᠬᠦᠷᠬᠦ 》 ᠡᠷᠴᠢᠮ ᠵᠶ᠋ᠡᠨ ᠴᠢᠩᠭ᠋ᠠᠷᠠᠭᠤᠯᠤᠨ᠂ ᠡᠯ᠎ᠡ ᠵᠦᠢ᠍ᠯ᠎ᠤᠨ ᠡᠭᠦᠷᠭᠡ ᠵᠢ ᠲᠦᠷᠭᠡᠬᠡᠨ ᠦᠨᠡᠨ ᠪᠣᠳᠠᠲᠠᠢ ᠠᠬᠢᠴᠠ᠎ᠲᠠᠢ ᠪᠤᠯᠭ᠋ᠠᠬᠤ ᠵᠢ ᠪᠠᠲᠤᠯᠠᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠥᠪᠥᠷ ᠮᠣᠩᠭᠣᠯ᠎ᠤᠨ ᠰᠢᠨ᠎ᠡ ᠬᠠᠭᠤᠳᠠᠰᠤ ᠵᠢ ᠴᠢᠷᠮᠠᠢ᠌ᠨ ᠪᠢᠴᠢᠭᠯᠡᠬᠦ᠎ᠳᠤ ᠪᠠᠢ᠌ᠭ᠋ᠠᠯᠢ ᠵᠢᠨ ᠡᠬᠢ ᠪᠠᠶᠠᠯᠢᠭ᠎ᠤᠨ ᠬᠦᠴᠦᠨ ᠴᠢᠳᠠᠯ ᠵᠶ᠋ᠠᠨ ᠡᠷᠭᠦᠨ᠎ᠡ ᠭᠡᠵᠦ ᠢᠯᠡᠳᠬᠡᠵᠡᠭᠡᠪᠡ᠃
ᠲᠥᠷᠥ ᠵᠢᠨ ᠶᠠᠪᠤᠳᠠᠯ᠎ᠤᠨ ᠬᠣᠷᠢᠶ᠎ᠠ᠎ᠠᠴᠠ ᠮᠠᠨ᠎ᠤ ᠣᠷᠣᠨ᠎ᠤ ᠬᠥᠭᠵᠢᠯᠲᠡ ᠵᠢ ᠳᠡᠮᠵᠢᠬᠦ 《 ᠰᠠᠨᠠᠯ》᠎ᠢ ᠨᠡᠢ᠌ᠲᠡᠯᠡᠭᠰᠡᠨ᠎ᠨᠢ ᠥᠪᠥᠷ ᠮᠣᠩᠭᠣᠯ᠎ᠤᠨ ᠬᠥᠭᠵᠢᠯᠲᠡ ᠵᠢᠨ ᠲᠡᠦᠬᠡᠨ ᠳᠡᠭᠡᠷ᠎ᠡ ᠬᠥᠰᠢᠶ᠎ᠡ ᠳᠤᠷᠠᠰᠬᠠᠯ᠎ᠤᠨ ᠠᠴᠢ ᠬᠣᠯᠪᠣᠭᠳᠠᠯ᠎ᠲᠠᠢ ᠶᠤᠮ᠃ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠣᠨ ᠮᠠᠯᠵᠢᠬᠤ ᠣᠷᠣᠨ᠎ᠤ ᠲᠢᠩᠬᠢᠮ᠎ᠤᠨ ᠨᠠᠮ᠎ᠤᠨ ᠭᠡᠰᠢᠭᠦᠨ ᠺᠠᠳ᠋ᠷᠴᠤᠳ᠂ ᠤᠬᠠᠮᠰᠠᠷᠲᠤ ᠴᠢᠨᠠᠷ᠂ ᠰᠠᠨᠠᠭ᠋ᠠᠴᠢᠯᠠᠭ᠋ᠠᠲᠤ ᠴᠢᠨᠠᠷ᠂ ᠲᠤᠯᠭ᠋ᠠᠮ᠎ᠠ ᠴᠢᠨᠠᠷ᠎ᠢ ᠦᠨᠡᠨ ᠬᠦ᠌ ᠴᠢᠩᠭ᠋ᠠᠳᠬᠠᠨ᠂ ᠲᠥᠷᠥ ᠵᠢᠨ ᠪᠣᠳᠣᠯᠭ᠎ᠠ ᠵᠢ ᠨᠡᠪᠲᠡᠷᠡᠲᠡᠯ᠎ᠡ ᠣᠢ᠌ᠯᠠᠭ᠋ᠠᠵᠤ᠂ ᠲᠥᠷᠥ ᠵᠢᠨ ᠪᠣᠳᠣᠯᠭ᠎ᠠ ᠵᠢ ᠭᠦᠢ᠍ᠴᠡᠳ ᠪᠥᠭᠡᠳ ᠠᠮᠢᠳᠤᠯᠢᠭ ᠬᠡᠷᠡᠭᠯᠡᠨ᠂ ᠡᠯ᠎ᠡ ᠵᠦᠢ᠍ᠯ᠎ᠤᠨ ᠡᠭᠦᠷᠭᠡ ᠵᠢ ᠰᠠᠢ᠌ᠨ ᠪᠥᠭᠡᠳ ᠲᠦᠷᠭᠡᠨ ᠵᠶ᠋ᠡᠷ ᠰᠠᠢ᠌ᠲᠤᠷ ᠠᠳᠬᠤᠵᠤ᠂ ᠨᠠᠮ᠎ᠤᠨ ᠲᠥᠪ ᠬᠣᠷᠢᠶ᠎ᠠ ᠵᠢᠨ ᠴᠢᠩ ᠰᠡᠳᠬᠢᠯ᠎ᠤᠨ ᠬᠦᠰᠡᠯ ᠨᠠᠢ᠌ᠳᠠᠯᠠᠭᠠ ᠵᠢ ᠬᠥᠰᠡᠷᠳᠡᠭᠦᠯᠬᠦ ᠦᠭᠡᠢ᠃ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠣᠨ ᠮᠠᠯᠵᠢᠬᠤ ᠣᠷᠣᠨ᠎ᠤ ᠲᠢᠩᠬᠢᠮ ᠤᠯᠤᠰ᠎ᠤᠨ ᠴᠢᠬᠤᠯᠠ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠤ ᠦᠢ᠍ᠯᠡᠳᠪᠦᠷᠢᠯᠡᠯ᠎ᠤᠨ ᠰᠠᠭᠤᠷᠢᠨ᠎ᠢ ᠪᠦᠲᠦᠭᠡᠨ ᠪᠠᠢ᠌ᠭᠤᠯᠬᠤ᠎ᠪᠠᠷ ᠶᠡᠷᠦᠩᠬᠡᠢ᠌ᠯᠡᠨ ᠵᠢᠯᠣᠭᠣᠳᠤᠭᠤᠯᠵᠤ᠂ 《 ᠲᠣᠭ᠎ᠠ ᠬᠡᠮᠵᠢᠶ᠎ᠡ ᠵᠢ ᠥᠷᠭᠡᠳᠬᠡᠬᠦ᠂ ᠶᠠᠰᠤ ᠴᠢᠨᠠᠷ᠎ᠢ ᠳᠡᠭᠡᠭᠰᠢᠯᠡᠭᠦᠯᠭᠦ᠂ ᠭᠠᠷᠤᠯᠲᠠ ᠵᠢ ᠨᠡᠮᠡᠭᠳᠡᠭᠦᠯᠬᠦ 》 ᠰᠡᠳᠬᠢᠴᠡ ᠶᠣᠰᠣᠭ᠋ᠠᠷ᠂ ᠪᠠᠲᠤ ᠪᠡᠬᠢ ᠬᠡᠯᠬᠢᠶᠡᠲᠦ ᠰᠡᠳᠬᠢᠬᠦᠢ᠂ ᠠᠵᠤ ᠦᠢ᠍ᠯᠡᠳᠪᠦᠷᠢᠵᠢᠯᠲᠡ ᠵᠢᠨ ᠰᠡᠳᠬᠢᠬᠦᠢ ᠵᠢ ᠪᠤᠶ ᠪᠤᠯᠭ᠋ᠠᠵᠤ᠂ ᠬᠥᠳᠡᠭᠡ ᠠᠵᠤ ᠠᠬᠤᠢ ᠵᠢᠨ ᠬᠦᠴᠦᠷᠬᠡᠭ ᠤᠯᠤᠰ᠎ᠢ ᠪᠦᠲᠦᠭᠡᠨ ᠪᠠᠢ᠌ᠭᠤᠯᠬᠤ᠎ᠳᠤ ᠰᠢᠨ᠎ᠡ ᠬᠤᠪᠢ ᠨᠡᠮᠡᠷᠢ ᠦᠵᠡᠭᠦᠯᠦᠨ᠎ᠡ ᠭᠡᠵᠦ ᠢᠯᠡᠳᠬᠡᠵᠡᠭᠡᠪᠡ᠃
《 ᠰᠠᠨᠠᠯ 》᠎ᠢ ᠪᠠᠭᠤᠯᠭ᠋ᠠᠭᠰᠠᠨ᠎ᠤ ᠳᠠᠷᠠᠭ᠎ᠠ᠂ ᠥᠪᠡᠷᠲᠡᠭᠡᠨ ᠵᠠᠰᠠᠬᠤ ᠣᠷᠣᠨ᠎ᠤ ᠣᠯᠠᠨ ᠨᠡᠢ᠌ᠲᠡ ᠵᠢᠨ ᠡᠬᠢ ᠪᠠᠶᠠᠯᠢᠭ᠎ᠢ ᠠᠷᠠᠯᠵᠢᠶᠠᠯᠠᠬᠤ ᠲᠥᠪ ᠦᠳᠲᠡᠷ ᠲᠦᠷᠭᠡᠨ ᠰᠤᠷᠤᠯᠴᠠᠨ ᠲᠤᠭᠤᠰᠢᠯᠠᠭᠤᠯᠬᠤ ᠬᠠᠯᠠᠭᠤᠨ ᠥᠷᠨᠢᠯᠲᠡ ᠭᠠᠷᠭ᠋ᠠᠪᠠ᠃ 《 ᠰᠠᠨᠠᠯ 》 ᠪᠣᠯ ᠮᠠᠨ᠎ᠤ ᠣᠷᠣᠨ᠎ᠤ ᠠᠵᠤ ᠠᠬᠤᠢ ᠨᠡᠢ᠌ᠭᠡᠮ᠎ᠤᠨ ᠬᠥᠭᠵᠢᠯᠲᠡ ᠵᠢ ᠵᠢᠯᠤᠭᠣᠳᠬᠤ ᠬᠥᠲᠥᠯᠪᠦᠷᠢ ᠵᠢᠨ ᠴᠢᠨᠠᠷᠲᠠᠢ ᠪᠢᠴᠢᠭ ᠮᠠᠲ᠋ᠧᠷᠢᠶᠠᠯ ᠮᠥᠨ᠂ ᠬᠣᠢ᠌ᠰᠢᠳᠠ ᠴᠢᠩᠭ᠎ᠠ ᠬᠦᠴᠦᠲᠡᠢ ᠠᠴᠢ ᠬᠠᠷᠢᠭᠤᠯᠬᠤ ᠰᠡᠳᠬᠢᠯᠭᠡ ᠪᠠ ᠡᠷᠡᠯᠬᠡᠭᠯᠡᠨ ᠤᠷᠤᠭᠰᠢᠯᠠᠬᠤ ᠵᠣᠷᠢᠭ ᠵᠶ᠋ᠠᠷ 《 ᠰᠠᠨᠠᠯ 》 ᠢ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢ ᠰᠠᠢ᠌ᠲᠤᠷ ᠠᠳᠬᠤᠵᠤ᠂ ᠦᠵᠡᠯ ᠰᠠᠨᠠᠭ᠎ᠠ ᠪᠠ ᠦᠢᠯᠡ ᠠᠵᠢᠯᠯᠠᠭ᠎ᠠ᠎ᠪᠠᠨ
《 ᠰᠠᠨᠠᠯ 》 ᠤᠨ ᠱᠠᠭ᠋ᠠᠷᠳᠠᠯᠭ᠎ᠠ ᠳᠡᠭᠡᠷ᠎ᠡ ᠨᠢᠭᠡᠳᠬᠡᠵᠦ᠂ ᠬᠣᠶᠠᠷ ᠶᠡᠬᠡ ᠶᠠᠪᠤᠳᠠᠯ᠎ᠢ ᠰᠠᠢ᠌ᠲᠤᠷ ᠬᠢᠬᠦ᠎ᠲᠠᠢ ᠨᠢᠭᠲᠠ ᠤᠶᠠᠯᠳᠤᠭᠤᠯᠤᠨ᠂ ᠣᠯᠠᠨ ᠨᠡᠢ᠌ᠲᠡ ᠵᠢᠨ ᠡᠬᠢ ᠪᠠᠶᠠᠯᠢᠭ᠎ᠤᠨ ᠠᠷᠠᠯᠵᠢᠶᠠᠨ᠎ᠤ ᠦᠢ᠍ᠯᠡᠰ᠎ᠤᠨ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠬᠤ ᠤᠶᠠᠯᠳᠤᠯ᠎ᠤᠨ ᠴᠡᠭ ᠪᠠ ᠭᠠᠷᠳᠠᠬᠤ ᠴᠡᠭ᠎ᠢ ᠣᠨᠣᠪᠴᠢᠲᠠᠶ ᠣᠯᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠥᠪᠥᠷ ᠮᠣᠩᠭᠣᠯ᠎ᠤᠨ ᠰᠢᠨ᠎ᠡ ᠬᠠᠭᠤᠳᠠᠰᠤ ᠵᠢ ᠴᠢᠷᠮᠠᠢ᠌ᠨ ᠪᠢᠴᠢᠭᠯᠡᠬᠦ᠎ᠳᠤ ᠬᠦᠴᠦᠨ ᠴᠢᠳᠠᠯ ᠵᠶ᠋ᠠᠨ ᠡᠷᠭᠦᠨ᠎ᠡ ᠭᠡᠵᠦ ᠨᠠᠮ᠎ᠤᠨ ᠭᠡᠰᠢᠭᠦᠨ ᠺᠠᠳ᠋ᠷᠴᠤᠳ ᠰᠠᠨᠠᠯ ᠨᠢᠭᠡᠲᠡᠢ ᠦᠵᠡᠵᠦ ᠪᠠᠢ᠌ᠨ᠎ᠠ᠃