ᠬᠤᠨᠠᠨ ᠮᠤᠵᠢ ᠵᠢᠨ ᠨᠠᠭᠤᠷ ᠤᠰᠤᠨ᠎ᠨᠢ ᠤᠯᠠᠨ ᠰᠠᠢ᠌ᠬᠠᠨ ᠠᠯᠳᠠᠷ ᠲᠠᠢ ᠶᠤᠮ᠃ ᠴᠠᠩᠳᠧ ᠬᠣᠲᠠ ᠵᠢᠨ ᠬᠠᠨᠱᠸᠦ ᠰᠢᠶᠠᠨ ᠪᠣᠯ ᠬᠤᠨᠠᠨ᠎ᠤ ᠪᠠᠷᠠᠭᠤᠨ ᠬᠣᠢ᠌ᠲᠤ ᠵᠢᠨ ᠳ᠋ᠦᠩ ᠲᠢᠩ ᠬᠤ᠌ ᠨᠠᠭᠤᠷ᠎ᠤᠨ ᠬᠥᠪᠡᠭᠡᠨ᠎ᠳᠤ ᠪᠠᠢ᠌ᠷᠢᠯᠠᠵᠤ᠂ ᠶᠤᠸᠠᠨ᠂ ᠯᠢ ᠬᠣᠶᠠᠷ ᠤᠰᠤᠨ ᠡᠨᠳᠡ᠎ᠠᠴᠠ ᠳ᠋ᠦᠩ ᠲᠢᠩ ᠬᠤ᠌ ᠨᠠᠭᠤᠷ᠎ᠲᠤ ᠤᠷᠤᠰ᠎ᠤᠨ ᠣᠷᠣᠳᠠᠭ᠃ ᠣᠢ᠌ᠷ᠎ᠠ ᠵᠢᠨ ᠵᠢᠯ᠎ᠤᠳ᠎ᠲᠤ᠂ ᠠᠵᠤ ᠠᠬᠤᠢ ᠨᠡᠢ᠌ᠭᠡᠮ᠎ᠤᠨ ᠲᠦᠷᠬᠡᠨ ᠬᠥᠭᠵᠢᠬᠦ ᠵᠢ ᠳᠠᠭ᠋ᠠᠯᠳᠤᠨ᠂ ᠳ᠋ᠦᠩ ᠲᠢᠩ ᠬᠤ᠌ ᠨᠠᠭᠤᠷ᠎ᠤᠨ ᠬᠥᠪᠡᠭᠡᠨ᠎ᠳᠤ ᠤᠰᠤᠨ ᠭᠠᠷᠤᠯᠲᠠ ᠵᠢᠨ ᠲᠡᠵᠢᠭᠡᠨ ᠦᠷᠡᠵᠢᠭᠦᠯᠦᠯᠲᠡ᠂ ᠮᠠᠯ ᠵᠢᠭᠦᠷᠲᠡᠨ᠎ᠤ ᠲᠡᠵᠢᠭᠡᠨ ᠦᠷᠡᠵᠢᠭᠦᠯᠦᠯᠲᠡ᠂ ᠲᠠᠷᠢᠶᠠᠯᠠᠩ᠎ᠤᠨ ᠲᠠᠷᠢᠮᠠᠯ᠎ᠢ ᠶᠡᠬᠡ᠎ᠪᠠᠷ ᠬᠥᠭᠵᠢᠭᠦᠯᠦᠭᠰᠡᠨ᠎ᠠᠴᠠ ᠥᠷᠭᠡᠨ ᠤᠯᠠᠨ ᠲᠦᠮᠡᠨ᠎ᠤ ᠠᠵᠤ ᠠᠬᠤᠢ ᠵᠢᠨ ᠣᠷᠣᠯᠭ᠎ᠠ ᠦᠷᠭᠦᠯᠵᠢᠯᠡᠨ ᠨᠡᠮᠡᠭᠳᠡᠭᠰᠡᠨ ᠪᠣᠯᠪᠠᠴᠤ ᠡᠭᠦᠨ ᠤ ᠲᠠᠠᠭᠤ ᠠᠮᠢ ᠠᠬᠤᠢ ᠵᠢᠨ ᠣᠷᠴᠢᠨ ᠠᠬᠤᠢ ᠵᠢᠨ ᠪᠣᠬᠢᠷᠳᠤᠯ ᠴᠤ᠌ ᠵᠢᠯ᠎ᠠᠴᠠ ᠵᠢᠯ᠎ᠳᠤ ᠬᠦᠨᠳᠦᠷᠡᠵᠦ ᠪᠠᠢ᠌ᠯ᠎ᠠ᠃ ᠬᠤᠨᠠᠨ᠎ᠤ ᠬᠢᠵᠠᠭ᠋ᠠᠷ᠎ᠲᠠᠬᠢ ᠭᠣᠣᠯ ᠮᠥᠷᠡᠨ ᠨᠠᠭᠤᠷ ᠴᠥᠭᠥᠷᠥᠮ᠎ᠤᠨ ᠤᠰᠤᠨ᠎ᠤ ᠴᠢᠨᠠᠷ ᠮᠠᠭᠤᠳᠠᠭᠰᠠᠨ᠂ ᠤᠯᠤᠰ ᠮᠤᠵᠢ ᠵᠢᠨ ᠡᠵᠡᠮᠳᠡᠯ᠎ᠤᠨ ᠣᠭᠲᠣᠯᠣᠭ᠋ᠠᠰᠤ ᠵᠢᠨ ᠹᠣᠰᠹᠣᠷ᠎ᠤᠨ ᠶᠡᠷᠦᠩᠬᠡᠢ ᠬᠡᠮᠵᠢᠶ᠎ᠡ ᠪᠠᠷᠢᠮᠵᠢᠶ᠎ᠠ᠎ᠠᠴᠠ ᠬᠡᠲᠦᠷᠡᠭᠰᠡᠨ ᠵᠡᠷᠭᠡ ᠠᠰᠠᠭᠤᠳᠠᠯ᠎ᠤᠨ ᠡᠮᠦᠨ᠎ᠡ᠂ ᠬᠠᠨᠱᠸᠦ ᠰᠢᠶᠠᠨ᠎ᠤ ᠨᠠᠮ᠎ᠤᠨ ᠬᠣᠷᠢᠶ᠎ᠠ᠂ ᠰᠢᠶᠠᠨ᠎ᠤ ᠵᠠᠰᠠᠭ᠎ᠤᠨ ᠣᠷᠳᠣᠨ᠎ᠠᠴᠠ᠄ 《ᠬᠤᠯᠠ ᠤᠷᠤᠰᠬᠤ ᠵᠢ ᠬᠦᠰᠡᠪᠡᠰᠦ ᠲᠡᠭᠦᠨ᠎ᠤ ᠡᠬᠢ ᠪᠤᠯᠠᠭ᠎ᠢ ᠵᠠᠪᠠᠯ ᠯᠠᠢ᠌ᠳᠠᠬᠤ ᠬᠡᠷᠡᠭᠲᠡᠢ》 ᠭᠡᠳᠡᠭ᠎ᠢ ᠰᠡᠷᠭᠡᠭ ᠵᠶ᠋ᠡᠷ ᠲᠠᠨᠢᠵᠤ ᠣᠯᠵᠠᠢ᠃ ᠠᠮᠢ ᠠᠬᠤᠢ ᠵᠢᠨ ᠲᠥᠯᠥᠭᠡ ᠪᠣᠳᠣᠯᠬᠢᠯᠠᠵᠤ᠂ ᠬᠠᠷᠢᠭᠤᠴᠠᠯᠭ᠎ᠠ ᠡᠭᠦᠷᠭᠡᠯᠡᠨ᠎ᠡ᠃ ᠬᠠᠨᠱᠸᠦ ᠰᠢᠶᠠᠨ᠎ᠤ᠎ᠬᠢᠨ ᠡᠷᠡᠰ ᠵᠣᠷᠢᠭ ᠰᠢᠭᠤᠳᠴᠤ᠂ ᠬᠦᠨᠳᠦ ᠡᠪᠡᠳᠴᠢᠨ᠎ᠢ ᠦᠨᠳᠦᠰᠦᠨ᠎ᠠᠴᠠ᠎ᠨᠢ ᠵᠠᠰᠠᠵᠤ᠂ ᠤᠰᠤᠨ᠎ᠤ ᠴᠢᠨᠠᠷ᠎ᠢ ᠳᠡᠭᠡᠭᠰᠢᠯᠡᠭᠦᠯᠵᠦ᠂ ᠪᠦᠬᠦ ᠰᠢᠶᠠᠨ᠎ᠤ ᠬᠦᠴᠦᠨ ᠵᠶ᠋ᠡᠷ ᠤᠰᠤᠨ᠎ᠤ ᠣᠷᠴᠢᠨ ᠲᠣᠭᠣᠷᠢᠨ᠎ᠢ ᠴᠡᠭᠴᠡᠯᠡᠨ ᠵᠠᠰᠠᠬᠤ ᠪᠣᠭᠣᠮᠲᠠ ᠰᠢᠪᠲᠤᠯᠬᠤ ᠳᠠᠢ᠌ᠯᠠᠯᠳᠤᠭ᠋ᠠᠨ᠎ᠢ ᠡᠬᠢᠯᠡᠭᠦᠯᠵᠦ᠂ ᠰᠢᠶᠠᠨ᠎ᠤ ᠬᠡᠪᠴᠢᠶᠡᠨ᠎ᠳᠠᠬᠢ ᠭᠣᠣᠯ ᠮᠥᠷᠡᠨ ᠨᠠᠭᠤᠷ ᠴᠥᠭᠥᠷᠥᠮ᠎ᠢ ᠶᠡᠷᠦᠩᠬᠡᠢ᠌ᠯᠡᠨ ᠵᠠᠰᠠᠬᠤ ᠠᠵᠢᠯ᠎ᠢ ᠥᠷᠨᠢᠭᠦᠯᠵᠦ᠂ ᠳ᠋ᠦᠩ ᠲᠢᠩ ᠬᠤ᠌ ᠠᠭᠤᠢ ᠤᠨ ᠤᠰᠤᠨ ᠤ ᠨᠣᠮᠢᠨ ᠨᠣᠭᠣᠭ᠋ᠠᠨ ᠳᠣᠯᠭᠢᠶᠠᠨ᠎ᠢ ᠰᠡᠷᠬᠦᠬᠡᠬᠦ᠎ᠪᠠᠷ ᠲᠠᠩᠭ᠋ᠠᠷᠢᠭᠯᠠᠪᠠ᠃
ᠬᠠᠨᠱᠸᠦ ᠰᠢᠶᠠᠨ᠎ᠤ ᠨᠠᠮ᠎ᠤᠨ ᠬᠣᠷᠢᠶ᠎ᠠ᠂ ᠰᠢᠶᠠᠨ᠎ᠤ ᠵᠠᠰᠠᠭ᠎ᠤᠨ ᠣᠷᠳᠣᠨ ᠬᠥᠬᠡᠮᠳᠦᠭ ᠨᠣᠭᠣᠭ᠋ᠠᠨ ᠠᠭᠤᠯᠠ ᠤᠰᠤ ᠪᠣᠯ ᠠᠯᠲᠠ ᠮᠥᠩᠭᠥᠨ ᠠᠭᠤᠯᠠ ᠮᠥᠨ ᠭᠡᠬᠦ ᠬᠥᠭᠵᠢᠯᠲᠡ ᠵᠢᠨ ᠣᠢ᠌ᠯᠠᠭ᠋ᠠᠭᠳᠠᠬᠤᠨ᠎ᠢ ᠪᠠᠷᠢᠮᠲᠠᠯᠠᠵᠤ᠂ 《ᠬᠠᠢ᠌ᠷ᠎ᠠ ᠰᠡᠳᠬᠢᠯᠭᠡ᠎ᠪᠠᠨ ᠠᠷᠠᠳ ᠲᠦᠮᠡᠨ᠎ᠲᠠᠢ ᠬᠣᠯᠪᠣᠵᠤ᠂ ᠡᠷᠬᠡ᠎ᠪᠠᠨ ᠠᠷᠠᠳ ᠲᠦᠮᠡᠨ᠎ᠤ ᠲᠥᠯᠥᠭᠡ ᠬᠡᠷᠡᠭᠯᠡᠵᠦ᠂ ᠠᠰᠢᠭ ᠲᠤᠰᠠ ᠵᠢ ᠠᠷᠠᠳ ᠲᠦᠮᠡᠨ᠎ᠳᠤ ᠣᠯᠭᠣᠵᠤ᠂ ᠠᠷᠠᠳ ᠣᠯᠠᠨ᠎ᠤ ᠦᠨᠳᠦᠰᠦᠨ ᠠᠰᠢᠭ ᠲᠤᠰᠠ ᠵᠢ ᠰᠡᠳᠬᠢᠯ᠎ᠳᠡᠭᠡᠨ ᠪᠤᠳᠤᠬᠤ》 ᠵᠣᠷᠢᠯᠲᠠ ᠵᠢ ᠪᠠᠷᠢᠮᠲᠠᠯᠠᠨ᠂ ᠮᠤᠵᠢ ᠵᠢᠨ ᠨᠠᠮ᠎ᠤᠨ ᠬᠣᠷᠢᠶ᠎ᠠ᠂ ᠮᠤᠵᠢ ᠵᠢᠨ ᠵᠠᠰᠠᠭ᠎ᠤᠨ ᠣᠷᠳᠣᠨ᠎ᠤ 《ᠳ᠋ᠦᠩ ᠲᠢᠩ ᠬᠤ᠌ ᠨᠠᠭᠤᠷ᠎ᠤᠨ ᠠᠮᠢ ᠠᠬᠤᠢ ᠵᠢᠨ ᠣᠷᠴᠢᠨ ᠲᠣᠭᠣᠷᠢᠨ᠎ᠢ ᠬᠠᠮᠠᠭ᠋ᠠᠯᠠᠬᠤ ᠳᠠᠢ᠌ᠯᠠᠯᠳᠤᠭ᠋ᠠᠨ᠎ᠢ ᠰᠠᠢ᠌ᠲᠤᠷ ᠬᠢᠵᠦ᠂ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠰᠢᠨ᠎ᠡ ᠠᠶᠠᠨ᠎ᠢ ᠡᠬᠢᠯᠡᠭᠦᠯᠬᠦ》 ᠳᠠᠢ᠌ᠴᠢᠯᠠᠯᠲᠠ ᠵᠢᠨ ᠵᠠᠷᠯᠢᠭ᠎ᠢ ᠡᠷᠡᠰ ᠭᠤᠢ᠌ᠪᠢᠰᠢ ᠦᠭᠡᠢ ᠨᠠᠢ᠌ᠳᠠᠪᠤᠷᠢᠵᠢᠭᠤᠯᠵᠤ᠂ ᠪᠦᠬᠦ ᠰᠢᠶᠠᠨ᠎ᠤ ᠬᠡᠪᠴᠢᠶᠡᠨ᠎ᠳᠤ ᠤᠰᠤᠨ᠎ᠤ ᠣᠷᠴᠢᠨ ᠲᠣᠭᠣᠷᠢᠨ᠎ᠢ ᠶᠡᠷᠦᠩᠬᠡᠢ᠌ᠯᠡᠨ ᠴᠡᠭᠴᠡᠯᠡᠨ ᠵᠠᠰᠠᠬᠤ ᠪᠣᠭᠣᠮᠲᠠ ᠰᠢᠪᠲᠤᠯᠬᠤ ᠳᠠᠢ᠌ᠯᠠᠯᠳᠤᠭ᠋ᠠᠨ᠎ᠤ ᠪᠦᠷᠢᠶ᠎ᠡ ᠵᠢ ᠬᠠᠩᠭᠢᠨᠠᠭᠤᠯᠵᠤ᠂ ᠪᠠᠷᠠᠭᠤᠨ ᠳ᠋ᠦᠩ ᠲᠢᠩ ᠬᠤ᠌ ᠨᠠᠭᠤᠷ᠎ᠤᠨ ᠪᠣᠬᠢᠷᠳᠤᠯ᠎ᠤᠨ ᠭᠡᠮ ᠠᠷᠬᠠᠭ᠎ᠲᠤ ᠪᠣᠬᠢᠷᠳᠤᠯ᠎ᠢ ᠠᠷᠢᠯᠭ᠋ᠠᠬᠤ 《ᠬᠤᠷᠴᠠ ᠰᠡᠯᠡᠮ᠎ᠡ》 ᠵᠢ ᠠᠳᠬᠤᠯᠠᠭᠤᠯᠪᠠ᠃
ᠤᠰᠤ ᠵᠢ ᠰᠠᠢ᠍ᠲᠤᠷ ᠵᠠᠰᠠᠶ᠎ᠠ ᠭᠡᠪᠡᠯ ᠰᠢᠯᠲᠠᠭ᠋ᠠᠨ᠎ᠢ᠎ᠨᠢ ᠵᠠᠪᠠᠯ ᠮᠡᠳᠡᠬᠦ ᠬᠡᠷᠡᠭᠲᠡᠢ᠃ ᠬᠠᠨᠱᠸᠦ ᠰᠢᠶᠠᠨ᠎ᠤ᠎ᠬᠢᠨ ᠪᠠᠢ᠌ᠷᠢᠯᠠᠭᠤᠯᠤᠯᠲᠠ ᠬᠢᠵᠦ᠂ ᠮᠤᠵᠢ ᠵᠢᠨ ᠣᠷᠴᠢᠨ ᠲᠣᠭᠣᠷᠢᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ᠎ᠤᠨ ᠲᠤᠰᠬᠠᠢ ᠮᠡᠷᠭᠡᠵᠢᠯᠲᠡᠨ᠎ᠢ ᠤᠷᠢᠵᠤ ᠪᠠᠷᠢᠮᠵᠢᠶ᠎ᠠ᠎ᠠᠴᠠ ᠬᠡᠲᠦᠷᠡᠭᠰᠡᠨ ᠰᠢᠯᠲᠠᠭ᠋ᠠᠨ᠎ᠢ ᠪᠠᠢ᠌ᠴᠠᠭ᠋ᠠᠨ ᠵᠠᠳᠠᠯᠬᠤ ᠵᠢᠨ ᠬᠠᠮᠲᠤ ᠤᠰᠤᠨ᠎ᠤ ᠴᠢᠨᠠᠷ᠎ᠢ ᠳᠡᠭᠡᠭᠰᠢᠯᠡᠭᠦᠯᠬᠦ ᠲᠥᠰᠥᠯ᠎ᠢ ᠨᠠᠢ᠌ᠷᠠᠭᠤᠯᠤᠨ ᠵᠣᠬᠢᠶᠠᠪᠠ᠃ ᠲᠤᠰᠬᠠᠢ ᠮᠡᠷᠭᠡᠵᠢᠯᠲᠡᠨ᠎ᠤ ᠰᠠᠨᠠᠭᠤᠯᠭ᠎ᠠ ᠵᠢ ᠦᠨᠳᠦᠰᠦᠯᠡᠪᠡᠯ᠂ ᠤᠰᠤᠨ᠎ᠳᠤ ᠬᠣᠯᠪᠣᠭᠳᠠᠭᠰᠠᠨ ᠪᠣᠬᠢᠷᠳᠤᠯ᠎ᠤᠨ ᠡᠬᠢ ᠰᠤᠷᠪᠤᠯᠵᠢ᠎ᠳᠤ ᠪᠦᠬᠦ ᠲᠠᠯ᠎ᠠ ᠵᠢᠨ ᠪᠠᠢ᠌ᠴᠠᠭ᠋ᠠᠯᠲᠠ ᠬᠢᠵᠦ ᠪᠠᠢ᠌ᠳᠠᠯ᠎ᠢ ᠣᠢ᠌ᠯᠠᠭ᠋ᠠᠵᠤ᠂ ᠪᠣᠬᠢᠷᠳᠤᠯ᠎ᠤᠨ ᠡᠬᠢ ᠵᠢᠨ ᠡᠬᠡ ᠲᠠᠩᠰᠠ ᠵᠢ ᠪᠠᠢ᠌ᠭᠤᠯᠵᠤ᠂ ᠴᠡᠭᠴᠡᠯᠡᠨ ᠵᠠᠰᠠᠬᠤ ᠨᠠᠷᠢᠯᠢᠭᠵᠢᠭᠤᠯᠬᠤ ᠲᠥᠰᠥᠯ᠎ᠢ ᠲᠣᠭᠲᠠᠭ᠋ᠠᠨ᠂ ᠰᠠᠯᠠᠭ᠎ᠠ ᠮᠥᠴᠢᠷ᠎ᠤᠨ ᠬᠠᠷᠢᠭᠤᠴᠠᠯᠭ᠎ᠠ ᠵᠢᠨ ᠨᠠᠷᠢᠨ ᠲᠠᠩᠰᠠ ᠵᠢ ᠲᠣᠳᠣᠷᠬᠠᠢ᠌ᠯᠠᠵᠤ᠂ ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠠᠮᠢᠳᠤᠷᠠᠯ᠎ᠤᠨ ᠪᠣᠬᠢᠷ ᠤᠰᠤ᠂ ᠤᠰᠤᠨ ᠭᠠᠷᠤᠯᠲᠠ ᠵᠢᠨ ᠲᠡᠵᠢᠭᠡᠨ ᠦᠷᠡᠵᠢᠭᠦᠯᠦᠯᠲᠡ ᠵᠢᠨ ᠪᠣᠬᠢᠷᠳᠤᠯ᠂ ᠲᠠᠷᠢᠶᠠᠯᠠᠩ᠎ᠤᠨ ᠣᠯᠠᠨ ᠡᠬᠢᠲᠦ ᠪᠣᠬᠢᠷᠳᠤᠯ᠂ ᠮᠠᠯ ᠵᠢᠭᠦᠷᠲᠡᠨ᠎ᠤ ᠲᠡᠵᠢᠭᠡᠨ ᠦᠷᠡᠵᠢᠭᠦᠯᠦᠯᠲᠡ ᠵᠢᠨ ᠪᠣᠬᠢᠷᠳᠤᠯ᠂ ᠪᠣᠬᠢᠷ ᠦᠮᠡᠬᠡᠢ ᠤᠰᠤᠨ ᠴᠣᠭᠴᠠ᠂ ᠤᠰᠤᠨ᠎ᠳᠤ ᠬᠣᠯᠪᠣᠭᠳᠠᠭᠰᠠᠨ 《ᠲᠠᠷᠠᠬᠠᠢ ᠪᠤᠲᠠᠷᠬᠠᠢ ᠡᠮᠬᠢ ᠵᠠᠮᠪᠠᠷᠠᠭ᠎ᠠ ᠦᠭᠡᠢ ᠪᠣᠬᠢᠷᠳᠤᠯ》᠎ᠤᠨ ᠠᠵᠤ ᠠᠬᠤᠢ᠌ᠯᠠᠯ᠂ ᠭᠣᠣᠯ ᠨᠠᠭᠤᠷ ᠭᠣᠸ᠋ ᠰᠤᠪᠠᠭ᠎ᠤᠨ ᠲᠤᠨᠤᠮᠠᠯ ᠵᠢᠴᠢ ᠬᠣᠭ ᠨᠣᠪᠰᠢ ᠵᠢᠨ ᠪᠣᠬᠢᠷᠳᠤᠯ ᠵᠡᠷᠭᠡ 8 ᠬᠦᠷᠢᠶᠡᠨ᠎ᠤ 269 ᠲᠥᠷᠥᠯ ᠵᠦᠢ᠍ᠯ᠎ᠤᠨ ᠲᠣᠭᠣᠷᠢᠨ᠎ᠳᠤ ᠭᠣᠣᠯᠳᠠᠯᠭ᠎ᠠ᠎ᠲᠠᠢ᠎ᠪᠠᠷ ᠲᠤᠰᠬᠠᠢ ᠴᠡᠭᠴᠡᠯᠡᠨ ᠵᠠᠰᠠᠬᠤ ᠠᠵᠢᠯ᠎ᠢ ᠦᠷᠨᠢᠬᠦᠯᠪᠡ᠃
ᠣᠢ᠌ᠷ᠎ᠠ ᠵᠢᠨ 3 ᠵᠢᠯ᠎ᠳᠤ᠂ ᠬᠠᠨᠱᠸᠦ ᠰᠢᠶᠠᠨ᠎ᠤ᠎ᠬᠢᠨ 《ᠤᠰᠤ ᠵᠢ ᠰᠠᠢ᠌ᠲᠤᠷ ᠬᠠᠮᠢᠶᠠᠷᠴᠤ᠂ ᠤᠰᠤ ᠵᠢ ᠰᠠᠢ᠌ᠲᠤᠷ ᠵᠠᠰᠠᠵᠤ᠂ ᠤᠰᠤ ᠵᠢ ᠴᠡᠪᠡᠷᠰᠢᠭᠦᠯᠬᠦ》 ᠠᠵᠢᠯ᠎ᠤᠨ ᠭᠣᠣᠯᠳᠠᠯᠭ᠎ᠠ ᠪᠠᠷ ᠭᠣᠣᠯ ᠪᠤᠯᠭ᠋ᠠᠵᠤ᠂ ᠤᠰᠤᠨ᠎ᠤ ᠠᠮᠢ ᠠᠬᠤᠢ᠂ ᠤᠰᠤᠨ᠎ᠤ ᠣᠷᠴᠢᠨ ᠲᠣᠭᠣᠷᠢᠨ᠂ ᠤᠰᠤᠨ᠎ᠤ ᠡᠬᠢ ᠪᠠᠶᠠᠯᠢᠭ᠎ᠢ ᠬᠠᠮᠵᠢᠯᠴᠠᠨ ᠵᠠᠰᠠᠬᠤ ᠵᠢ ᠨᠢᠭᠡᠳᠦᠯᠲᠡᠢ ᠲᠥᠯᠥᠪᠯᠡᠨ ᠠᠬᠢᠭᠤᠯᠵᠤ᠂ 7.45 ᠳ᠋ᠦᠩᠰᠢᠭᠤᠷ ᠲᠥᠭᠥᠷᠢᠭ᠎ᠤᠨ ᠪᠡᠯᠡ ᠮᠥᠩᠭᠥ ᠵᠢ ᠨᠡᠢ᠌ᠳᠬᠡᠵᠦ᠂ ᠤᠰᠤᠨ᠎ᠳᠤ ᠬᠣᠯᠪᠣᠭᠳᠠᠭᠰᠠᠨ 《ᠲᠠᠷᠠᠬᠠᠢ ᠪᠤᠲᠠᠷᠬᠠᠢ᠂ ᠡᠮᠬᠢ ᠵᠠᠮᠪᠠᠷᠠᠭ᠎ᠠ ᠦᠭᠡᠢ᠂ ᠪᠣᠬᠢᠷᠳᠤᠯ᠎ᠲᠠᠢ》 ᠠᠵᠤ ᠠᠬᠤᠢ᠌ᠯᠠᠯ᠎ᠢ ᠨᠡᠶ᠋ᠢᠲᠡ 22 ᠴᠡᠭᠴᠡᠯᠡᠨ ᠵᠠᠰᠠᠵᠤ᠂ ᠭᠣᠣᠯ ᠨᠠᠭᠤᠷ ᠭᠣᠸ᠋ ᠰᠤᠪᠠᠭ᠎ᠤᠨ 105949 ᠮᠧᠲᠷ᠎ᠤᠨ ᠪᠣᠬᠢᠷ ᠤᠰᠤ ᠵᠢ ᠴᠡᠪᠡᠷᠯᠡᠨ ᠵᠠᠰᠠᠵᠤ᠂ 46 ᠵᠦᠢ᠍ᠯ᠎ᠤᠨ ᠬᠠᠷ᠎ᠠ ᠦᠮᠡᠬᠡᠢ ᠤᠰᠤᠨ ᠴᠣᠭᠴᠠ ᠵᠢ ᠴᠡᠭᠴᠡᠯᠡᠨ ᠵᠠᠰᠠᠵᠤ᠂ ᠪᠠᠢ᠌ᠭ᠋ᠠᠯᠢ ᠵᠢᠨ ᠤᠰᠤᠨ ᠣᠷᠣᠨ᠎ᠤ ᠳᠠᠭ᠋ᠠᠭ᠋ᠠᠴᠢᠯᠠᠯᠲᠠ ᠵᠢᠨ ᠭᠡᠷ᠎ᠡ ᠵᠢ ᠬᠦᠴᠦᠨ ᠦᠭᠡᠢ ᠪᠣᠯᠭ᠋ᠠᠵᠤ᠂ 27142.6 ᠮᠦ᠍ ᠰᠤᠪᠤᠳ᠎ᠤᠨ ᠠᠷᠠᠴᠢᠯᠠᠯᠲᠠ ᠵᠢ ᠵᠣᠭᠰᠣᠭ᠋ᠠᠵᠤ᠂ 4.42 ᠲᠦᠮᠡᠨ ᠮᠦ᠍ ᠲᠠᠯᠠᠪᠠᠶ ᠵᠢᠨ 324 ᠭᠠᠵᠠᠷ ᠲᠣᠣᠷ ᠢ ᠠᠪᠴᠤ ᠬᠠᠶᠠᠵᠤ᠂ ᠬᠥᠳᠡᠭᠡ ᠲᠣᠰᠬᠣᠨ᠎ᠤ ᠲᠠᠷᠠᠬᠠᠢ ᠪᠤᠲᠠᠷᠬᠠᠢ ᠮᠠᠶᠢᠭ᠎ᠤᠨ ᠪᠣᠬᠢᠷ ᠤᠰᠤ ᠵᠢ ᠰᠢᠢ᠍ᠳᠪᠦᠷᠢᠯᠡᠬᠦ ᠰᠢᠰᠲ᠋ᠧᠮ᠎ᠢ 2040 ᠢᠵᠢ ᠪᠠᠢ᠌ᠭᠤᠯᠵᠤ᠂ 16543 ᠲᠠᠷᠢᠶᠠᠴᠢᠨ ᠡᠷᠦᠬᠡ ᠵᠢᠨ ᠤᠰᠤ ᠪᠠᠷ ᠴᠡᠪᠡᠷᠯᠡᠬᠦ ᠵᠣᠷᠯᠣᠩ ᠪᠤᠯᠠᠭ᠋ᠠᠨ ᠥᠭᠡᠷᠡᠴᠢᠯᠡᠨ ᠰᠠᠢ᠌ᠵᠢᠷᠠᠭᠤᠯᠵᠤ᠂ 59 ᠮᠠᠯ ᠵᠢᠭᠦᠷᠲᠡᠨ᠎ᠢ ᠲᠡᠵᠢᠭᠡᠨ ᠦᠷᠡᠵᠢᠭᠦᠯᠬᠦ ᠲᠠᠯᠠᠪᠠᠶ ᠵᠢᠨ ᠪᠣᠬᠢᠷᠳᠤᠯ᠎ᠢ ᠴᠡᠭᠴᠡᠯᠡᠨ ᠵᠠᠰᠠᠵᠤ᠂ 3000 ᠮᠦ᠍ ᠲᠠᠷᠢᠶᠠᠯᠠᠩ᠎ᠤᠨ ᠣᠯᠠᠨ ᠡᠬᠢᠲᠦ ᠪᠣᠬᠢᠷᠳᠤᠯ᠎ᠢ ᠶᠡᠷᠦᠩᠬᠡᠢ᠌ᠯᠡᠨ ᠵᠠᠰᠠᠪᠠ᠃ ᠡᠨᠡ᠎ᠨᠢ ᠤᠰᠤᠨ ᠴᠣᠭᠴᠠ ᠵᠢᠨ 《ᠪᠤᠵᠠᠷ》 ᠪᠠᠢ᠌ᠭᠰᠠᠨ ᠠᠴᠠ᠎ᠪᠠᠨ 《ᠲᠤᠩᠭ᠋ᠠᠯᠠᠭ》 ᠪᠣᠯᠵᠤ᠂ ᠳᠠᠷᠠᠭ᠎ᠠ ᠨᠢ 《ᠭᠣᠶᠣ》 ᠪᠣᠯᠬᠤ ᠬᠤᠪᠢᠷᠠᠯᠲᠠ ᠵᠢ ᠪᠡᠶᠡᠯᠡᠭᠦᠯᠵᠡᠢ᠃
ᠶᠤᠸᠠᠨ ᠤᠯᠤᠰ᠎ᠤᠨ ᠰᠡᠭᠦᠯᠴᠢ ᠵᠢᠨ ᠦᠶ᠎ᠡ ᠵᠢᠨ ᠰᠢᠯᠦᠭᠴᠢ ᠲᠠᠩ ᠬᠤᠩ ᠤᠨ ᠲᠤᠯᠤᠭ᠋ᠠᠨ ᠦᠭᠡ ᠵᠢᠨ ᠬᠡᠮᠵᠢᠶᠡᠲᠦ ᠰᠢᠯᠦᠭ 《ᠯᠦᠩ ᠶᠠᠩ ᠰᠢᠶᠠᠨ᠎ᠤ ᠬᠥᠬᠡ ᠡᠪᠡᠰᠦᠲᠦ ᠨᠠᠭᠤᠷ》 ᠭᠡᠳᠡᠭ ᠰᠢᠯᠦᠭᠲᠠᠬᠢ 《ᠯᠦᠩ ᠶᠠᠩ ᠰᠢᠶᠠᠨ》 ᠪᠣᠯ ᠳᠠᠷᠤᠢ ᠣᠳᠣ ᠵᠢᠨ ᠬᠠᠨᠱᠸᠦ ᠰᠢᠶᠠᠨ ᠶᠤᠮ᠂ ᠲᠡᠭᠦᠨ᠎ᠤ ᠬᠢᠵᠠᠭ᠋ᠠᠷ ᠲᠤ ᠭᠣᠣᠯ ᠮᠥᠷᠡᠨ ᠨᠠᠭᠤᠷ ᠴᠥᠭᠥᠷᠥᠮ ᠰᠦᠯᠵᠢᠯᠳᠦᠨ᠂ ᠦᠨᠡᠬᠡᠷ ᠨᠡᠢ᠌ᠲᠡᠯᠢᠭ ᠰᠢᠨᠵᠢᠲᠡᠢ ᠨᠠᠭᠤᠷ᠎ᠤᠨ ᠬᠣᠲᠠ ᠪᠤᠯᠬᠤ ᠶᠤᠮ᠃ ᠡᠭᠦᠨ᠎ᠳᠤ᠂ ᠶᠠᠨ ᠸᠠᠩ ᠬᠤ᠌ ᠨᠠᠭᠤᠷ ᠶᠠ ᠾᠧ ᠭᠣᠣᠯ᠎ᠤᠨ ᠪᠥᠬᠥ ᠣᠷᠳᠣᠨ᠎ᠢ 15 ᠺᠢᠯᠣᠮᠧᠲᠷ᠂ ᠭᠣᠣᠯ ᠰᠤᠪᠠᠭ᠎ᠤᠨ ᠰᠠᠯᠪᠤᠷᠢ ᠤᠷᠤᠰᠬᠠᠯ 18 ᠵᠤᠷᠪᠤᠰ᠂ ᠰᠠᠪᠠ ᠭᠠᠵᠠᠷ᠎ᠤᠨ ᠶᠡᠷᠦᠩᠬᠡᠢ ᠲᠠᠯᠠᠪᠠᠶ᠎ᠨᠢ 351.87 km2᠂ ᠰᠠᠪᠠ ᠭᠠᠵᠠᠷ᠎ᠤᠨ ᠳᠠᠭ᠋ᠠᠤ ᠪᠥᠬᠥ ᠬᠥᠮᠥᠨ ᠠᠮᠠ᠎ᠨᠢ 23.34 ᠲᠦᠮᠡ ᠪᠠᠢ᠌ᠵᠤ᠂ 6 ᠰᠢᠶᠠᠩ ᠪᠠᠯᠭ᠋ᠠᠰᠤ (ᠵᠡᠭᠡᠯᠢ ᠭᠤᠳᠤᠮᠵᠢ) ᠵᠢ ᠬᠠᠷᠢᠶᠠᠯᠠᠵᠤ᠂ ᠦᠵᠦᠭᠦᠷ ᠤᠷᠤᠰᠬᠠᠯ᠎ᠨᠢ ᠶᠠᠨ ᠸᠠᠩ ᠬᠤ᠌ ᠪᠠᠯᠭ᠋ᠠᠰᠤ ᠪᠠᠷ ᠳᠡᠮᠵᠢᠨ ᠪᠠᠷᠠᠭᠤᠨ ᠳ᠋ᠦᠩ ᠲᠢᠩ ᠬᠤ᠌ ᠨᠠᠭᠤᠷ᠎ᠲᠤ ᠴᠢᠳᠬᠤᠳᠠᠭ᠃ ᠬᠠᠨᠱᠸᠦ ᠰᠢᠶᠠᠨ᠎ᠤ ᠨᠠᠮ᠎ᠤᠨ ᠬᠣᠷᠢᠶ᠎ᠠ᠂ ᠰᠢᠶᠠᠨ᠎ᠤ ᠵᠠᠰᠠᠭ᠎ᠤᠨ ᠣᠷᠳᠣᠨ ᠲᠠᠷᠢᠶᠠᠯᠠᠩ᠎ᠤᠨ ᠣᠯᠠᠨ ᠡᠬᠢᠲᠦ ᠪᠣᠬᠢᠷᠳᠤᠯ᠎ᠢ ᠴᠡᠭᠴᠡᠯᠡᠨ ᠵᠠᠰᠠᠬᠤ᠎ᠪᠠᠷ ᠰᠢᠪᠲᠤᠯᠤᠯᠲᠠ ᠵᠢᠨ ᠴᠡᠭ ᠪᠣᠯᠭ᠋ᠠᠵᠤ᠂ 4.96 ᠳ᠋ᠦᠩᠰᠢᠭᠤᠷ ᠲᠥᠭᠥᠷᠢᠭ᠎ᠤᠨ ᠪᠡᠯᠡ ᠣᠷᠣᠭᠤᠯᠵᠤ᠂ 《ᠪᠣᠬᠢᠷᠳᠤᠯ᠎ᠢ ᠲᠠᠰᠤᠯᠬᠤ᠂ ᠬᠤᠷᠠᠭᠰᠠᠨᠢ ᠠᠷᠢᠯᠭ᠋ᠠᠬᠤ᠂ ᠤᠰᠤ ᠵᠢ ᠡᠷᠬᠢᠯᠳᠦᠬᠦᠯᠦᠨ ᠠᠮᠢᠯᠠᠭᠤᠯᠬᠤ᠂ ᠠᠮᠢ ᠠᠬᠤᠢ ᠵᠢ ᠰᠡᠷᠭᠦᠭᠡᠬᠦ》 ᠠᠷᠭ᠎ᠠ ᠬᠡᠮᠵᠢᠶ᠎ᠡ ᠠᠪᠴᠤ ᠪᠠᠢ᠌ᠭ᠋ᠠᠳ ᠤᠰᠤᠨ᠎ᠤ ᠣᠷᠴᠢᠨ ᠲᠣᠭᠣᠷᠢᠨ᠎ᠤ ᠠᠮᠢ ᠠᠬᠤᠢ ᠵᠢ ᠰᠡᠷᠭᠦᠭᠡᠬᠦ ᠢᠨᠵᠧᠨᠧᠷᠢᠩ᠎ᠢ ᠬᠡᠷᠡᠭᠵᠢᠭᠦᠯᠵᠦ᠂ ᠬᠥᠮᠥᠨ᠎ᠤ ᠬᠦᠴᠦ᠎ᠪᠠᠷ ᠬᠢᠭᠰᠡᠨ 4 ᠨᠤᠭᠤ ᠭᠠᠵᠠᠷ ᠢ ᠪᠠᠷᠤᠭ 125 ᠮᠦ᠍ ᠣᠷᠴᠢᠮ ᠪᠠᠢ᠌ᠭᠤᠯᠵᠤ᠂ 8.5 km ᠭᠣᠣᠯ᠎ᠤᠨ ᠬᠥᠪᠡᠭᠡᠨ᠎ᠤ ᠠᠮᠢ ᠠᠬᠤᠢ ᠵᠢᠨ ᠨᠠᠮᠳᠠᠭᠤᠯᠬᠤ ᠪᠦᠰᠡ ᠵᠢ ᠪᠦᠲᠦᠭᠡᠨ ᠪᠠᠢ᠌ᠭᠤᠯᠵᠤ᠂ 45000 ᠭᠠᠷᠤᠢ ᠤᠰᠤᠨ ᠣᠷᠣᠨ᠎ᠤ ᠠᠮᠢ ᠠᠬᠤᠢ ᠵᠢ ᠰᠡᠷᠭᠦᠭᠡᠬᠦ ᠢᠨᠵᠧᠨᠧᠷᠢᠩ᠎ᠢ ᠪᠦᠲᠦᠭᠡᠨ ᠪᠠᠢ᠌ᠭᠤᠯᠵᠤ᠂ ᠹᠣᠰᠹᠣᠷ᠎ᠤᠨ ᠪᠣᠬᠢᠷᠳᠤᠯ ᠤᠨ ᠶᠡᠷᠦᠩᠬᠡᠢ ᠬᠡᠮᠵᠢᠶ᠎ᠠ ᠵᠢ ᠬᠢᠵᠠᠭ᠋ᠠᠷᠯᠠᠬᠤ ᠪᠠ ᠪᠠᠭ᠋ᠠᠰᠬᠠᠬᠤ ᠢᠨᠵᠧᠨᠧᠷᠢᠩ᠎ᠢ ᠪᠥᠬᠥ ᠲᠠᠯ᠎ᠠ᠎ᠪᠠᠷ ᠬᠡᠷᠡᠭᠵᠢᠭᠦᠯᠪᠡ᠃ ᠡᠭᠦᠨ᠎ᠤ ᠬᠠᠮᠲᠤ᠂ ᠼᠠᠩ ᠯᠠᠩ ᠾᠧ ᠭᠣᠣᠯ᠎ᠤᠨ ᠰᠠᠪᠠ ᠭᠠᠵᠠᠷ ᠪᠣᠯᠣᠨ ᠶᠠᠨ ᠬᠣᠩ ᠾᠧ ᠭᠣᠣᠯ᠎ᠤᠨ ᠰᠠᠪᠠ ᠭᠠᠵᠠᠷ᠎ᠤᠨ ᠤᠰᠤᠨ᠎ᠤ ᠠᠮᠢ ᠠᠬᠤᠢ ᠵᠢᠨ ᠣᠷᠴᠢᠨ ᠲᠣᠭᠣᠷᠢᠨ᠎ᠤ ᠠᠰᠠᠭᠤᠳᠠᠯ᠎ᠢ ᠦᠨᠡᠨᠬᠦ ᠰᠢᠢ᠍ᠳᠪᠦᠷᠢᠯᠡᠬᠦ ᠵᠢᠨ ᠲᠥᠯᠥᠭᠡ᠂ ᠲᠤᠰ ᠰᠢᠶᠠᠨ᠎ᠤ᠎ᠬᠢᠨ 2020 ᠣᠨ᠎ᠳᠤ ᠭᠣᠣᠯ ᠮᠥᠷᠡᠨ ᠨᠠᠭᠤᠷ ᠴᠥᠭᠥᠷᠥᠮ᠎ᠢ ᠬᠣᠯᠪᠣᠭᠰᠠᠨ ᠤᠰᠤᠨ ᠠᠰᠢᠭᠯᠠᠯᠲᠠ ᠵᠢᠨ ᠬᠦᠢ᠍ᠰᠦ ᠢᠨᠵᠧᠨᠧᠷᠢᠩ᠎ᠤᠨ ᠪᠦᠲᠦᠭᠡᠨ ᠪᠠᠢ᠌ᠭᠤᠯᠤᠯᠲᠠ ᠵᠢ ᠡᠬᠢᠯᠡᠭᠦᠯᠵᠦ᠂ ᠼᠠᠩ ᠯᠠᠩ ᠾᠧ ᠭᠣᠣᠯ ᠪᠣᠯᠣᠨ ᠫᠢᠶᠧ ᠬᠣᠩ ᠾᠧ ᠭᠣᠣᠯ᠎ᠢ ᠪᠦᠲᠦᠮᠵᠢᠲᠡᠢ ᠬᠣᠯᠪᠣᠵᠤ᠂ ᠶᠤᠸᠠᠨ ᠱᠦᠢ ᠭᠣᠣᠯ᠎ᠤᠨ ᠬᠠᠨᠱ᠌ᠧᠦ ᠵᠢᠨ ᠬᠡᠰᠡᠭ᠎ᠤᠨ ᠳᠡᠭᠡᠳᠦ ᠤᠷᠤᠰᠬᠠᠯ᠎ᠤᠨ ᠭᠣᠣᠯ᠎ᠤᠨ ᠤᠰᠤ ᠵᠢ ᠳ᠋ᠧᠦ ᠺᠧᠦ ᠾᠧ ᠭᠣᠣᠯ ᠵᠶ᠋ᠠᠷ ᠳᠠᠮᠵᠢᠨ ᠣᠷᠣᠭᠤᠯᠵᠤ᠂ ᠤᠰᠤ ᠣᠷᠣᠭᠤᠯᠵᠤ ᠭᠠᠷᠭ᠋ᠠᠬᠤ ᠠᠮᠠᠰᠠᠷ᠎ᠤᠨ ᠭᠣᠣᠯ ᠮᠥᠷᠡᠨ ᠨᠠᠭᠤᠷ ᠴᠥᠭᠥᠷᠥᠮ᠎ᠢ ᠬᠣᠯᠪᠣᠭᠰᠠᠨ ᠢᠨᠵᠧᠨᠧᠷᠢᠩ ᠵᠶ᠋ᠡᠷ ᠳᠠᠮᠵᠢᠨ ᠤᠰᠤ ᠵᠢ ᠫᠢᠶᠧ ᠬᠣᠩ ᠾᠧ ᠭᠣᠣᠯ ᠵᠶ᠋ᠠᠷ ᠲᠠᠮᠵᠢᠭᠤᠯᠤᠨ᠂ ᠪᠠᠷᠠᠭᠤᠨ ᠳ᠋ᠦᠩ ᠲᠢᠩ ᠬᠤ᠌ ᠨᠠᠭᠤᠷ᠎ᠲᠤ ᠴᠢᠳᠬᠤᠭᠤᠯᠵᠤ᠂ ᠠᠮᠢ ᠠᠬᠤᠢ ᠵᠢᠨ ᠤᠰᠤ ᠵᠢ ᠢᠳᠡᠪᠬᠢᠵᠢᠭᠦᠯᠬᠦ᠂ ᠠᠮᠢ ᠠᠬᠤᠢ ᠵᠢᠨ ᠤᠰᠤ ᠵᠢ ᠨᠥᠬᠥᠪᠦᠷᠢᠯᠡᠬᠦ᠂ ᠭᠣᠣᠯ ᠨᠠᠭᠤᠷ᠎ᠤᠨ ᠤᠰᠤᠨ᠎ᠤ ᠴᠣᠭᠴᠠ ᠵᠢᠨ ᠶᠡᠬᠡ ᠡᠷᠭᠢᠯᠲᠡ ᠵᠢ ᠪᠡᠶᠡᠯᠡᠭᠦᠯᠵᠡᠢ᠃ ᠶᠡᠬᠡ᠎ᠪᠠᠷ ᠴᠡᠭᠴᠡᠯᠡᠨ ᠵᠠᠰᠠᠬᠤ᠎ᠪᠠᠷ ᠳᠡᠮᠵᠢᠨ᠂ ᠤᠰᠤᠨ᠎ᠤ ᠣᠷᠴᠢᠨ ᠲᠣᠭᠣᠷᠢᠨ᠎ᠤ ᠴᠢᠨᠠᠷ ᠴᠢᠨᠰᠠᠭ᠎ᠠ ᠢᠯᠡᠳᠲᠡ ᠰᠠᠢ᠌ᠵᠢᠷᠠᠪᠠ᠂ ᠢᠯᠠᠩᠭᠤᠶ᠎ᠠ ᠳ᠋ᠦᠩ ᠲᠢᠩ ᠬᠤ᠌ ᠨᠠᠭᠤᠷ᠎ᠤᠨ ᠵᠢᠶᠠᠩ ᠵᠢᠶᠠ ᠽᠦᠢ ᠵᠢᠨ ᠤᠯᠤᠰ᠎ᠤᠨ ᠡᠵᠡᠮᠰᠢᠯ᠎ᠤᠨ ᠣᠭᠲᠣᠯᠣᠭ᠋ᠠᠰᠤ ᠵᠢᠨ ᠤᠰᠤᠨ᠎ᠤ ᠴᠢᠨᠠᠷ ᠢᠯᠡᠳᠲᠡ ᠰᠠᠢ᠌ᠵᠢᠷᠠᠵᠤ᠂ ᠳ᠋ᠦᠩ ᠲᠢᠩ ᠬᠤ᠌ ᠨᠠᠭᠤᠷ᠎ᠤᠨ ᠰᠠᠪᠠ ᠭᠠᠵᠠᠷ᠎ᠤᠨ 11 ᠤᠯᠤᠰ᠎ᠤᠨ ᠡᠵᠡᠮᠰᠢᠯ᠎ᠤᠨ ᠣᠭᠲᠣᠯᠣᠭ᠋ᠠᠰᠤ ᠵᠢᠨ ᠳᠣᠲᠣᠷ᠎ᠠ ᠤᠷᠢᠳᠠᠪᠠᠷ Ⅲ ᠲᠥᠷᠥᠯ᠎ᠤᠨ ᠤᠰᠤᠨ᠎ᠤ ᠴᠢᠨᠠᠷ᠎ᠤᠨ ᠪᠠᠷᠢᠮᠵᠢᠶ᠎ᠠ᠎ᠳᠤ ᠭᠦᠷᠦᠭᠰᠡᠨ ᠪᠠᠢ᠌ᠨ᠎ᠠ᠃ 2022 ᠣᠨ᠎ᠤ ᠪᠥᠬᠥ ᠵᠢᠯ᠎ᠳᠤ ᠵᠢᠶᠠᠩ ᠵᠢᠶᠠ ᠽᠦᠢ ᠵᠢᠨ ᠤᠯᠤᠰ᠎ᠤᠨ ᠡᠵᠡᠮᠰᠢᠯ᠎ᠤᠨ ᠣᠭᠲᠣᠯᠣᠭ᠋ᠠᠰᠤ ᠵᠢᠨ ᠹᠣᠰᠹᠣᠷ᠎ᠤᠨ ᠶᠡᠷᠦᠩᠬᠡᠢ ᠳᠤᠮᠳᠠᠴᠢ ᠥᠳᠬᠡᠴᠡ᠎ᠨᠢ 0.049 mg/L ᠪᠠᠢ᠌ᠵᠤ᠂ 2023 ᠣᠨ᠎ᠤ 1 — 2 ᠳ᠋ᠤᠭ᠋ᠠᠷ ᠰᠠᠷ᠎ᠠ᠎ᠳᠤ᠂ ᠹᠣᠰᠹᠣᠷ᠎ᠤᠨ ᠶᠡᠷᠦᠩᠬᠡᠢ ᠳᠤᠮᠳᠠᠴᠢ ᠥᠳᠬᠡᠴᠡ᠎ᠨᠢ 0.044 mg/L ᠪᠠᠢ᠌ᠵᠤ᠂ Ⅲ ᠲᠥᠷᠥᠯ᠎ᠤᠨ ᠤᠰᠤᠨ᠎ᠤ ᠴᠢᠨᠠᠷ᠎ᠲᠤ ᠲᠣᠭᠲᠠᠭᠤᠨ ᠵᠶ᠋ᠠᠷ ᠭᠦᠷᠦᠭᠰᠡᠨ ᠪᠠᠢ᠌ᠨ᠎ᠠ; ᠫᠢᠶᠧ ᠬᠣᠩ ᠾᠧ ᠭᠣᠣᠯ᠎ᠤᠨ ᠨᠠᠨ ᠶᠠᠩ ᠽᠦᠢ ᠵᠢᠨ ᠤᠰᠤᠨ ᠴᠣᠭᠴᠠ ᠵᠢ ᠦᠨᠳᠦᠰᠦᠨ᠎ᠳᠡᠭᠡᠨ Ⅱ ᠲᠥᠷᠥᠯ᠎ᠤᠨ ᠤᠰᠤᠨ᠎ᠤ ᠴᠢᠨᠠᠷ᠎ᠤᠨ ᠪᠠᠷᠢᠮᠵᠢᠶ᠎ᠠ᠎ᠳᠤ ᠲᠣᠭᠲᠠᠪᠤᠷᠢᠵᠢᠭᠤᠯᠪᠠ; ᠠᠨ ᠯᠧ ᠬᠤ᠌ ᠨᠠᠭᠤᠷ᠎ᠤᠨ ᠪᠥᠬᠥ ᠵᠢᠯ᠎ᠤᠨ ᠤᠰᠤᠨ᠎ᠤ ᠴᠢᠨᠠᠷ᠎ᠨᠢ ᠤᠯᠤᠰ᠎ᠤᠨ ᠬᠢᠨᠠᠨ ᠰᠢᠯᠭ᠋ᠠᠬᠤ ᠪᠠᠷᠢᠮᠵᠢᠶ᠎ᠠ᠎ᠳᠤ ᠲᠣᠭᠲᠠᠭᠤᠨ ᠵᠶ᠋ᠠᠷ ᠬᠦᠷᠴᠦ᠂ ᠤᠰᠤᠨ᠎ᠤ ᠴᠢᠨᠠᠷ᠎ᠢ ᠰᠠᠢ᠌ᠵᠢᠷᠠᠭᠤᠯᠤᠨ ᠳᠡᠭᠡᠭᠰᠢᠯᠡᠭᠦᠯᠬᠦ᠂ ᠠᠮᠢ ᠠᠬᠤᠢ ᠵᠢᠨ ᠤᠰᠤᠨ ᠰᠢᠰᠲ᠋ᠧᠮ᠎ᠢ ᠡᠭᠦᠳᠦᠨ ᠪᠠᠶ᠋ᠢᠭᠤᠯᠬᠤ ᠦᠨᠳᠦᠰᠦᠨ ᠬᠠᠷᠠᠯᠲᠠ᠎ᠳᠤ ᠭᠦᠷᠦᠭᠰᠡᠨ ᠪᠠᠢ᠌ᠨ᠎ᠠ᠃ ᠣᠳᠣ ᠬᠠᠨᠱᠸᠦ ᠰᠢᠶᠠᠨ᠎ᠤ ᠬᠢᠯᠢ᠎ᠳᠤ ᠪᠠᠢ᠌ᠭ᠎ᠠ ᠪᠠᠷᠠᠭᠤᠨ ᠳ᠋ᠦᠩ ᠲᠢᠩ ᠬᠤ᠌ ᠨᠠᠭᠤᠷ᠎ᠤᠨ ᠤᠯᠤᠰ᠎ᠤᠨ ᠳᠡᠰ᠎ᠤᠨ ᠪᠠᠢ᠌ᠭ᠋ᠠᠯᠢ ᠵᠢᠨ ᠬᠠᠮᠠᠭ᠋ᠠᠯᠠᠯᠲᠠ ᠵᠢᠨ ᠣᠷᠣᠨ᠎ᠳᠤ ᠵᠥᠪᠬᠡᠨ ᠳ᠋ᠦᠩ ᠲᠢᠩ ᠬᠤ᠌ ᠨᠠᠭᠤᠷ᠎ᠤᠨ ᠪᠠᠷᠠᠭᠤᠨ ᠬᠡᠰᠡᠭ᠎ᠤᠨ ᠪᠠᠭ᠋ᠠᠯᠵᠠᠭᠤᠷ ᠲᠡᠳᠦᠢ ᠪᠢᠰᠢ᠂ ᠬᠥᠬᠡᠮᠥ᠋ᠷᠡᠨ᠎ᠤ ᠰᠦᠩ ᠽᠢ ᠣᠷᠣᠭᠤᠯᠵᠤ᠂ ᠶᠤᠸᠠᠨ ᠯᠢ ᠵᠢᠨ ᠬᠣᠶᠠᠷ ᠤᠰᠤᠨ ᠢ ᠵᠠᠯᠭ᠋ᠠᠵᠤ ᠠᠪᠤᠭᠰᠠᠨ ᠶᠠᠪᠤᠳᠠᠯ ᠪᠣᠯ ᠬᠥᠬᠡᠮᠥ᠋ᠷᠡᠨ᠎ᠤ ᠳᠤᠮᠳᠠᠳᠤ ᠳᠣᠣᠷᠠᠳᠤ ᠤᠷᠤᠰᠬᠠᠯ᠎ᠤᠨ ᠦᠶᠡᠷ᠎ᠤᠨ ᠤᠷᠤᠰᠬᠠᠯ᠎ᠤᠨ ᠠᠩᠬᠠᠳᠠᠭᠴᠢ 《ᠵᠠᠯᠭ᠋ᠠᠭᠤᠷ》 ᠪᠠ ᠦᠶᠡᠷ᠎ᠢ ᠰᠡᠷᠭᠡᠢ᠌ᠯᠡᠬᠦ 《ᠡᠮᠦᠨ᠎ᠡ ᠬᠠᠷᠠᠭᠤᠯ᠎ᠤᠨ ᠦᠷᠳᠡᠭᠡ》 ᠮᠥᠨ᠂ ᠪᠠᠰᠠ ᠴᠤ᠌ ᠬᠦᠬᠡᠮᠦᠷᠡᠨ (ᠳ᠋ᠦᠩ ᠲᠢᠩ ᠬᠤ᠌) ᠨᠠᠭᠤᠷ᠎ᠤᠨ ᠠᠮᠢ ᠠᠬᠤᠢ ᠵᠢᠨ ᠰᠢᠰᠲ᠋ᠧᠮ᠎ᠤᠨ ᠲᠣᠬᠢᠷᠠᠭᠤᠯᠤᠭᠴᠢ ᠮᠥᠨ᠂ ᠲᠡᠷᠡ᠎ᠨᠢ ᠦᠶᠡᠷ᠎ᠢ ᠠᠶᠠᠨᠳᠠᠭ᠋ᠠᠨ ᠲᠣᠬᠢᠷᠠᠭᠤᠯᠤᠨ ᠬᠠᠳᠠᠭ᠋ᠠᠯᠠᠬᠤ ᠬᠦᠴᠦᠷᠬᠡᠭ ᠶᠡᠬᠡ ᠴᠢᠳᠠᠮᠵᠢ ᠵᠢ ᠪᠠᠳᠠᠷᠠᠭᠤᠯᠵᠤ᠂ ᠳ᠋ᠦᠩ ᠲᠢᠩ ᠬᠤ᠌ ᠨᠠᠭᠤᠷ᠎ᠤᠨ ᠨᠤᠭᠤ ᠭᠠᠵᠠᠷ ᠴᠢᠨᠠᠭᠰᠢᠯᠠᠪᠠᠯ ᠬᠥᠬᠡᠮᠥ᠋ᠷᠡᠨ᠎ᠤ ᠳᠤᠮᠳᠠᠳᠤ ᠳᠣᠣᠷᠠᠳᠤ ᠤᠷᠤᠰᠬᠠᠯ᠎ᠤᠨ ᠴᠢᠭᠢᠭᠯᠢᠭ ᠭᠠᠵᠠᠷ᠎ᠤᠨ ᠠᠮᠢ ᠠᠬᠤᠢ ᠵᠢᠨ ᠠᠶᠤᠯᠭᠦᠢ ᠵᠢᠨ ᠰᠢᠰᠲ᠋ᠧᠮ᠎ᠢ ᠪᠠᠶ᠋ᠢᠭᠤᠯᠬᠤ ᠴᠢᠬᠤᠯᠠ ᠪᠠᠢ᠌ᠯᠳᠤᠬᠤ ᠪᠣᠳᠣᠯᠭ᠎ᠠ ᠵᠢᠨ ᠴᠢᠬᠤᠯᠠ ᠭᠠᠵᠠᠷ ᠪᠣᠯᠤᠭᠰᠠᠨ ᠪᠠᠢ᠌ᠨ᠎ᠠ᠃
ᠬᠠᠨᠱᠸᠦ ᠰᠢᠶᠠᠨ᠎ᠤ ᠨᠠᠮ᠎ᠤᠨ ᠬᠣᠷᠢᠶ᠎ᠠ᠂ ᠰᠢᠶᠠᠨ᠎ᠤ ᠵᠠᠰᠠᠭ᠎ᠤᠨ ᠣᠷᠳᠣᠨ ᠪᠠᠰᠠ ᠪᠣᠳᠠᠲᠠᠢ ᠡᠭᠦᠷᠭᠡ ᠵᠢᠨ ᠲᠣᠳᠣᠷᠬᠠᠢ ᠲᠠᠩᠰᠠ ᠪᠠ ᠬᠠᠷᠢᠭᠤᠴᠠᠯᠭ᠎ᠠ ᠵᠢᠨ ᠲᠣᠳᠣᠷᠬᠠᠢ ᠲᠠᠩᠰᠠ ᠵᠢ ᠲᠣᠭᠲᠠᠭ᠋ᠠᠵᠤ᠂ ᠪᠥᠬᠥ ᠰᠢᠶᠠᠨ᠎ᠤ ᠭᠣᠣᠯ (ᠨᠠᠭᠤᠷ)᠎ᠳᠤ ᠪᠣᠬᠢᠷᠳᠤᠯ ᠭᠠᠳᠠᠭᠰᠢᠯᠠᠭᠤᠯᠬᠤ ᠠᠮᠠᠰᠠᠷ᠎ᠲᠤ 《ᠮᠡᠰᠡ ᠵᠠᠰᠠᠯ》 ᠬᠢᠵᠡᠢ᠃ ᠰᠢᠶᠠᠨ᠎ᠤ ᠵᠠᠰᠠᠭ᠎ᠤᠨ ᠣᠷᠳᠣᠨ᠎ᠤ ᠭᠣᠣᠯ ᠤᠳᠤᠷᠢᠳᠤᠯᠭ᠎ᠠ ᠤᠷᠢᠳ ᠬᠣᠵᠢᠳ ᠤᠯᠠᠨ ᠤᠳᠠᠭ᠎ᠠ ᠪᠦᠯᠬᠦᠮ ᠳᠠᠭ᠋ᠠᠭᠤᠯᠤᠨ ᠪᠣᠬᠢᠷᠳᠤᠯ ᠭᠠᠳᠠᠭᠰᠢᠯᠠᠭᠤᠯᠬᠤ ᠠᠮᠠ ᠵᠢ ᠵᠢᠭᠰᠠᠭ᠋ᠠᠨ ᠪᠠᠢ᠌ᠴᠠᠭ᠋ᠠᠬᠤ ᠲᠤᠬᠠᠢ ᠵᠢᠨ ᠲᠠᠯᠠᠪᠠᠢ᠎ᠳᠤ ᠬᠦᠷᠴᠦ ᠪᠠᠢ᠌ᠴᠠᠭ᠋ᠠᠨ ᠰᠤᠳᠤᠯᠤᠯᠲᠠ ᠬᠢᠵᠦ᠂ ᠬᠢᠨᠠᠨ ᠵᠢᠯᠤᠭᠣᠳᠴᠤ᠂ ᠪᠣᠬᠢᠷᠳᠤᠯ ᠭᠠᠳᠠᠭᠰᠢᠯᠠᠭᠤᠯᠬᠤ ᠠᠮᠠ ᠵᠢ ᠵᠢᠭᠰᠠᠭ᠋ᠠᠨ ᠪᠠᠢ᠌ᠴᠠᠭ᠋ᠠᠬᠤ ᠠᠵᠢᠯ᠎ᠳᠤ ᠣᠷᠣᠯᠴᠠᠨ ᠵᠢᠭ᠋ᠠᠨ ᠵᠢᠯᠣᠭᠣᠳᠪᠠ᠃ ᠡᠯ᠎ᠡ ᠬᠤᠪᠢᠳᠠᠨ ᠬᠠᠮᠢᠶᠠᠷᠴᠤ ᠪᠠᠢ᠌ᠭ᠎ᠠ ᠰᠢᠶᠠᠨ᠎ᠤ ᠱᠠᠲᠤᠨ᠎ᠤ ᠤᠳᠤᠷᠢᠳᠤᠯᠭ᠎ᠠ ᠳᠣᠷᠣᠭᠰᠢ ᠪᠠᠭᠤᠵᠤ ᠲᠤᠬᠠᠢ ᠵᠢᠨ ᠲᠠᠯᠠᠪᠠᠢ᠎ᠳᠤ ᠲᠣᠬᠢᠷᠠᠭᠤᠯᠤᠯᠲᠠ ᠬᠢᠵᠦ᠂ ᠪᠣᠬᠢᠷᠳᠤᠯ ᠭᠠᠳᠠᠭᠰᠢᠯᠠᠭᠤᠯᠬᠤ ᠠᠮᠠᠰᠠᠷ᠎ᠤᠨ ᠨᠡᠢ᠌ᠳᠡᠮ ᠪᠠᠢ᠌ᠴᠠᠭ᠋ᠠᠯᠲᠠ ᠵᠢᠨ ᠡᠬᠡ ᠲᠠᠩᠰᠠ ᠵᠢ ᠪᠠᠢ᠌ᠭᠤᠯᠵᠤ᠂ ᠪᠦᠬᠦ ᠰᠢᠶᠠᠨ᠎ᠤ ᠪᠣᠬᠢᠷᠳᠤᠯ ᠭᠠᠳᠠᠭᠰᠢᠯᠠᠭᠤᠯᠬᠤ ᠠᠮᠠᠰᠠᠷ᠎ᠤᠨ ᠲᠠᠷᠬᠠᠯᠲᠠ ᠵᠢᠨ ᠪᠠᠢ᠌ᠳᠠᠯ᠎ᠤᠨ ᠵᠢᠷᠤᠭ᠎ᠢ ᠲᠣᠭᠲᠠᠭ᠋ᠠᠵᠤ᠂ ᠡᠪᠡᠳᠴᠢᠨ᠎ᠳᠤ᠎ᠨᠢ ᠲᠠᠭ᠋ᠠᠷᠠᠭᠤᠯᠵᠤ ᠡᠮ ᠥᠭᠬᠦ ᠠᠷᠭ᠎ᠠ᠎ᠪᠠᠷ ᠪᠣᠬᠢᠷᠳᠤᠯ ᠭᠠᠳᠠᠭᠰᠢᠯᠠᠭᠤᠯᠬᠤ ᠠᠮᠠᠰᠠᠷ᠎ᠢ ᠶᠡᠷᠦᠩᠬᠡᠢ᠌ᠯᠡᠨ ᠴᠡᠭᠴᠡᠯᠡᠨ ᠵᠠᠰᠠᠪᠠ; 《ᠤᠰᠤᠨ᠎ᠤ ᠣᠷᠴᠢᠨ ᠲᠣᠭᠣᠷᠢᠨ᠎ᠢ ᠶᠡᠷᠦᠩᠬᠡᠢ᠌ᠯᠡᠨ ᠵᠠᠰᠠᠬᠤ ᠠᠵᠢᠯ᠎ᠤᠨ ᠲᠥᠰᠥᠯ》᠂ 《ᠪᠠᠷᠢᠮᠵᠢᠶ᠎ᠠ᠎ᠳᠤ ᠬᠦᠷᠬᠦ ᠦᠭᠡᠢ ᠤᠰᠤᠨ ᠴᠣᠭᠴᠠ ᠵᠢ ᠵᠠᠰᠠᠬᠤ ᠠᠵᠢᠯ᠎ᠤᠨ ᠲᠥᠰᠥᠯ》 ᠵᠡᠷᠭᠡ ᠬᠠᠮᠢᠶ᠎ᠠ ᠪᠦᠬᠦᠢ ᠲᠥᠷᠥ ᠵᠢᠨ ᠪᠣᠳᠣᠯᠭ᠎ᠠ ᠵᠢ ᠵᠠᠯᠭ᠋ᠠᠭ᠎ᠠ ᠪᠠᠷ ᠨᠡᠢ᠌ᠲᠡᠯᠡᠵᠦ᠂ ᠤᠰᠤᠨ ᠭᠠᠷᠤᠯᠲᠠ ᠵᠢᠨ ᠲᠡᠵᠢᠭᠡᠨ ᠦᠷᠡᠵᠢᠭᠦᠯᠬᠦ ᠦᠯᠡᠳᠡᠭᠳᠡᠯ ᠤᠰᠤ ᠵᠢ ᠵᠠᠰᠠᠬᠤ ᠠᠵᠢᠯ᠎ᠢ ᠲᠤᠰᠬᠠᠢ᠌ᠯᠠᠨ ᠤᠰᠤᠨ᠎ᠤ ᠣᠷᠴᠢᠨ ᠲᠣᠭᠣᠷᠢᠨ᠎ᠤ ᠪᠣᠬᠢᠷᠳᠤᠯ ᠦᠭᠡᠢ ᠬᠥᠭᠵᠢᠯᠲᠡ ᠵᠢᠨ ᠰᠢᠰᠲ᠋ᠧᠮ᠎ᠳᠤ ᠣᠷᠣᠭᠤᠯᠬᠤ ᠵᠢᠨ ᠬᠠᠮᠲᠤ 《ᠬᠤᠨᠠᠨ ᠮᠤᠵᠢ ᠵᠢᠨ ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠥᠬᠡᠮᠥ᠋ᠷᠡᠨ᠎ᠤ ᠬᠠᠮᠠᠭ᠋ᠠᠯᠠᠯᠲᠠ ᠵᠢᠨ ᠬᠠᠤᠯᠢ ᠵᠢ ᠲᠤᠭᠤᠱ᠌ᠢᠯᠠᠭᠤᠯᠤᠨ ᠨᠠᠢ᠌ᠳᠠᠪᠤᠷᠢᠵᠢᠭᠤᠯᠬᠤ ᠲᠤᠬᠠᠢ ᠬᠡᠷᠡᠭᠵᠢᠭᠦᠯᠬᠦ ᠲᠥᠰᠥᠯ》》᠎ᠤᠨ ᠬᠠᠷᠢᠭᠤᠴᠠᠯᠭ᠎ᠠ ᠵᠢ ᠵᠠᠳᠠᠯᠤᠨ ᠨᠠᠢ᠌ᠳᠠᠪᠤᠷᠢᠵᠢᠭᠤᠯᠵᠤ᠂ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠥᠬᠡᠮᠥ᠋ᠷᠡᠨ᠎ᠤ ᠬᠠᠮᠠᠭ᠋ᠠᠯᠠᠯᠲᠠ ᠵᠢᠨ ᠬᠠᠤᠯᠢ》 ᠵᠢ ᠴᠢᠩᠭ᠎ᠠ ᠵᠢᠷᠤᠮᠯᠠᠪᠠ᠃ ᠭᠤᠷᠪᠠᠨ ᠲᠠᠲᠠᠭ᠋ᠠᠯ ᠬᠣᠶᠠᠷ ᠬᠠᠰᠢᠯᠭ᠎ᠠ (ᠲᠤᠩᠭ᠋ᠠᠬᠤ ᠲᠠᠲᠠᠭ᠋ᠠᠯ᠂ ᠳᠡᠯᠪᠡᠷᠡᠬᠦ ᠬᠡᠢ ᠵᠢᠨ ᠲᠠᠲᠠᠭ᠋ᠠᠯ᠂ ᠴᠡᠪᠡᠷᠰᠢᠭᠦᠯᠬᠦ ᠲᠠᠲᠠᠭ᠋ᠠᠯ᠂ ᠬᠣᠶᠠᠷ ᠱᠦᠭᠦᠬᠦ ᠬᠠᠰᠢᠯᠭ᠎ᠠ)᠂ ᠤᠰᠤ ᠵᠠᠯᠠᠬᠤ ᠤᠰᠤᠨ ᠬᠠᠭ᠋ᠠᠯᠲᠠ᠂ ᠦᠢ᠍ᠯᠡᠳᠪᠦᠷᠢᠯᠡᠯ᠎ᠤᠨ ᠵᠠᠮ᠂ ᠠᠮᠢ ᠠᠬᠤᠢ ᠵᠢᠨ ᠬᠥᠪᠥᠮᠡᠯ ᠰᠠᠪᠠ᠂ ᠤᠰᠤᠨ᠎ᠤ ᠤᠷᠭᠤᠮᠠᠯ᠂ ᠬᠢᠯᠭ᠋ᠠᠰᠤᠨ ᠱᠤᠸᠠᠰᠠ ᠵᠡᠷᠭᠡ ᠵᠢ ᠪᠠᠢ᠌ᠭᠤᠯᠵᠤ᠂ 《ᠤᠰᠤ ᠴᠤᠭᠯᠠᠭᠤᠯᠬᠤ᠂ ᠲᠤᠨᠤᠳᠠᠰᠤ᠂ ᠱᠦᠭᠦᠬᠦ ᠬᠠᠰᠢᠯᠭ᠎ᠠ ᠪᠤᠶᠤ ᠵᠣᠬᠢᠶᠠᠮᠠᠯ ᠨᠤᠭᠤ ᠭᠠᠵᠠᠷ᠂ ᠢᠯᠴᠢ᠎ᠪᠠᠷ ᠢᠰᠦᠯᠳᠦᠭᠦᠯᠬᠦ᠂ ᠮᠢᠺᠷᠣᠪ ᠵᠶ᠋ᠠᠷ ᠴᠡᠪᠡᠷᠱ᠌ᠢᠬᠦᠯᠬᠦ᠂ ᠠᠮᠢ ᠠᠬᠤᠢ᠎ᠪᠠᠷ ᠰᠢᠢ᠍ᠳᠪᠦᠷᠢᠯᠡᠬᠦ 《ᠦᠵᠦᠭᠦᠷ ᠤᠰᠤ ᠵᠢ ᠵᠠᠰᠠᠬᠤ ᠤᠷ᠎ᠠ ᠮᠡᠷᠭᠡᠰᠢᠯ᠎ᠨᠢ ᠪᠥᠬᠥ ᠰᠢᠶᠠᠨ᠎ᠤ ᠤᠰᠤᠨ ᠭᠠᠷᠤᠯᠲᠠ ᠵᠢᠨ ᠲᠡᠵᠢᠭᠡᠨ ᠦᠷᠡᠵᠢᠭᠦᠯᠬᠦ ᠪᠠᠷᠢᠮᠵᠢᠶᠠᠵᠢᠭᠤᠯᠤᠭᠰᠠᠨ ᠦᠢ᠍ᠯᠡᠳᠪᠦᠷᠢᠯᠡᠯ᠎ᠢ ᠠᠬᠢᠭᠤᠯᠵᠤ᠂ ᠲᠡᠵᠢᠭᠡᠨ ᠦᠷᠡᠵᠢᠭᠦᠯᠬᠦ ᠬᠠᠮᠤᠭ ᠰᠡᠬᠦᠯ ᠤᠨ ᠦᠯᠡᠳᠡᠭᠳᠡᠯ ᠤᠰᠤ ᠵᠢ ᠪᠠᠷᠢᠮᠵᠢᠶ᠎ᠠ᠎ᠳᠤ ᠬᠦᠷᠦᠭᠦᠯᠦᠨ ᠭᠠᠳᠠᠭᠰᠢᠯᠠᠭᠤᠯᠬᠤ ᠵᠢ ᠦᠨᠡᠨ ᠬᠦ᠌ ᠪᠠᠲᠤᠯᠠᠵᠤ᠂ ᠤᠰᠤᠨ ᠣᠷᠣᠨ᠎ᠤ ᠠᠮᠢ ᠠᠬᠤᠢ ᠵᠢᠨ ᠣᠷᠴᠢᠨ ᠲᠣᠭᠣᠷᠢᠨ᠎ᠢ ᠦᠨᠡᠨ ᠬᠦ᠌ ᠪᠠᠲᠤᠯᠠᠪᠠ᠃ ᠲᠡᠭᠦᠨ᠎ᠤ ᠬᠢᠵᠠᠭ᠋ᠠᠷ ᠲᠠᠬᠢ ᠬᠦᠷᠢᠶᠡᠯᠡᠭᠰᠡᠨ ᠬᠠᠰᠢᠯᠭ᠎ᠠ ᠨᠠᠭᠤᠷ᠎ᠤᠨ ᠬᠠᠰᠢᠯᠭ᠎ᠠ ᠳᠣᠲᠣᠷᠠᠬᠢ ᠨᠠᠷᠢᠯᠢᠭ ᠵᠢᠭ᠋ᠠᠰᠤ ᠲᠡᠵᠢᠭᠡᠬᠦ ᠴᠥᠭᠥᠷᠥᠮ᠎ᠤᠨ ᠦᠯᠡᠳᠡᠭᠳᠡᠯ ᠤᠰᠤ ᠵᠢ ᠵᠠᠰᠠᠬᠤ ᠲᠤᠷᠰᠢᠯᠲᠠ ᠵᠢᠨ ᠴᠡᠭ ᠲ᠊ᠤ᠂ 4000 ᠮᠦ᠍ ᠲᠡᠵᠢᠭᠡᠨ ᠦᠷᠡᠵᠢᠭᠦᠯᠬᠦ ᠲᠠᠯᠠᠪᠠᠢ᠎ᠳᠤ ᠲᠡᠵᠢᠭᠡᠨ ᠦᠷᠡᠵᠢᠭᠦᠯᠬᠦ ᠦᠯᠡᠳᠡᠭᠳᠡᠯ ᠤᠰᠤ ᠵᠢ ᠰᠢᠢ᠍ᠳᠪᠦᠷᠢᠯᠡᠬᠦ ᠰᠢᠰᠲ᠋ᠧᠮ᠎ᠢ ᠰᠢᠨ᠎ᠡ᠎ᠪᠠᠷ ᠪᠠᠢ᠌ᠭᠤᠯᠵᠤ᠂ ᠠᠮᠢ ᠠᠬᠤᠢ ᠵᠢᠨ ᠨᠤᠭᠤ ᠭᠠᠵᠠᠷ ᠪᠠᠢ᠌ᠭᠤᠯᠵᠤ᠂ ᠤᠰᠤ ᠲᠠᠲᠠᠷᠠᠭᠤᠯᠬᠤ ᠭᠤᠤ ᠰᠤᠪᠠᠭ᠎ᠢ ᠨᠠᠪᠲᠠᠷᠡᠭᠦᠯᠵᠦ᠂ ᠲᠤᠨᠳᠠᠰᠤᠵᠢᠭᠤᠯᠬᠤ ᠴᠥᠭᠥᠷᠥᠮ᠂ ᠳᠡᠯᠪᠡᠷᠡᠬᠦ ᠬᠡᠢ ᠵᠢᠨ ᠴᠥᠭᠥᠷᠥᠮ᠂ ᠴᠡᠪᠡᠷᠰᠢᠭᠦᠯᠬᠦ ᠴᠥᠭᠥᠷᠥᠮ ᠪᠠ ᠱᠦᠭᠦᠬᠦ ᠬᠠᠰᠢᠯᠭ᠎ᠠ ᠪᠠᠢ᠌ᠭᠤᠯᠵᠤ᠂ ᠲᠦᠷᠦᠯ ᠵᠦᠢ᠍ᠯ᠎ᠢ ᠪᠡᠶᠡᠯᠡᠭᠦᠯᠦᠭᠰᠡᠨ᠎ᠤ ᠳᠠᠷᠠᠭ᠎ᠠ᠂ ᠮᠤᠵᠢ ᠵᠢᠨ ᠵᠠᠭᠤᠴᠢᠯᠠᠭᠤᠷ᠎ᠤᠨ ᠬᠢᠨ᠎ᠤ ᠠᠩᠬᠠᠷᠠᠤᠯᠢ ᠲᠠᠲᠠᠵᠤ᠂ ᠰᠢᠶᠠᠩ ᠶᠢᠨ᠂ ᠨᠠᠨ ᠰᠢᠶᠠᠨ᠂ ᠯᠢ ᠰᠢᠶᠠᠨ ᠵᠡᠷᠭᠡ ᠭᠠᠵᠠᠷ᠎ᠤᠨ᠎ᠬᠢᠨ ᠤᠷᠢᠳ ᠬᠣᠵᠢᠳ ᠬᠦᠷᠦᠯᠴᠡᠨ ᠢᠷᠡᠵᠦ ᠲᠣᠭᠣᠷᠢᠨ ᠦᠵᠡᠵᠦ ᠰᠢᠨᠵᠢᠯᠡᠨ ᠪᠠᠢ᠌ᠴᠠᠭ᠋ᠠᠪᠠ᠃
ᠬᠠᠨᠱ᠌ᠧᠦ ᠰᠢᠶᠠᠨ 《ᠤᠰᠤᠨ᠎ᠤ ᠴᠢᠨᠠᠷ᠎ᠢ ᠰᠠᠢ᠌ᠵᠢᠷᠠᠭᠤᠯᠬᠤ᠂ ᠠᠮᠢ ᠠᠬᠤᠢ ᠵᠢ ᠰᠡᠷᠭᠦᠭᠡᠬᠦ᠂ ᠬᠥᠮᠥᠨ ᠤᠰᠤ ᠡᠶ᠎ᠡ ᠵᠣᠬᠢᠴᠠᠩᠭᠤᠢ ᠪᠠᠢ᠌ᠬᠤ》᠎ᠪᠠᠷ ᠬᠠᠷᠠᠯᠲᠠ ᠪᠣᠯᠭ᠋ᠠᠵᠤ᠂ ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠳᠠᠢ᠌ᠯᠠᠯᠳᠤᠭ᠋ᠠᠨ᠎ᠢ ᠰᠠᠢ᠌ᠲᠤᠷ ᠬᠢᠬᠦ᠎ᠪᠠᠷ ᠶᠡᠷᠦᠩᠬᠡᠢ᠌ᠯᠡᠨ ᠠᠳᠬᠤᠵᠤ᠂ 《ᠬᠤᠷᠴᠠ ᠰᠡᠯᠡᠮ᠎ᠡ》 ᠵᠢᠨ ᠠᠵᠢᠯᠯᠠᠭ᠎ᠠ᠎ᠪᠠᠷ ᠠᠵᠠ ᠲᠣᠬᠢᠶᠠᠯ ᠪᠣᠯᠭ᠋ᠠᠵᠤ᠂ ᠥᠨᠳᠥᠷ ᠵᠣᠭᠰᠣᠴᠠ᠎ᠠᠴᠠ ᠠᠷᠭ᠎ᠠ ᠤᠬᠠᠭ᠋ᠠᠨ ᠰᠦᠪᠡᠭᠴᠢᠯᠡᠵᠦ᠂ ᠡᠷᠴᠢᠮ ᠵᠶ᠋ᠡᠨ ᠴᠢᠩᠭ᠋ᠠᠷᠠᠭᠤᠯᠤᠨ ᠠᠬᠢᠭᠤᠯᠵᠤ᠂ ᠴᠡᠭ ᠵᠶ᠋ᠡᠷ ᠨᠡᠢ᠌ᠳᠡᠮ᠎ᠢ ᠲᠠᠢ᠍ᠢ᠍ᠴᠢᠯᠠᠵᠤ᠂ ᠭᠣᠣᠯ ᠤᠷᠤᠭᠤ ᠪᠣᠬᠢᠷᠳᠤᠯ ᠭᠠᠳᠠᠭᠰᠢᠯᠠᠭᠤᠯᠬᠤ ᠠᠮᠠ ᠵᠢᠨ ᠪᠣᠬᠢᠷᠳᠤᠯ᠎ᠢ ᠬᠢᠵᠠᠭ᠋ᠠᠷᠯᠠᠨ ᠬᠡᠮᠵᠢᠶ᠎ᠡ ᠵᠢ ᠪᠠᠭ᠋ᠠᠰᠬᠠᠬᠤ᠂ ᠭᠣᠣᠯ ᠮᠥᠷᠡᠨ᠎ᠤ ᠦᠮᠡᠬᠡᠢ ᠦᠨᠦᠷ ᠮᠠᠭᠤᠬᠠᠢ ᠵᠢ ᠠᠷᠢᠯᠭ᠋ᠠᠬᠤ᠂ ᠠᠮᠢ ᠠᠬᠤᠢ᠎ᠪᠠᠷ ᠤᠰᠤ ᠨᠥᠬᠥᠪᠦᠷᠢᠯᠡᠬᠦ ᠵᠡᠷᠭᠡ ᠠᠷᠭ᠎ᠠ ᠬᠡᠮᠵᠢᠶ᠎ᠡ ᠵᠢ ᠠᠪᠴᠤ᠂ ᠪᠦᠬᠦ ᠣᠷᠣᠨ ᠪᠦᠰᠡ ᠵᠢᠨ ᠭᠣᠣᠯ ᠮᠥᠷᠡᠨ ᠨᠠᠭᠤᠷ ᠴᠥᠭᠥᠷᠥᠮ᠎ᠤᠨ ᠠᠮᠢ ᠠᠬᠤᠢ ᠵᠢᠨ ᠣᠷᠴᠢᠨ ᠲᠣᠭᠣᠷᠢᠨ᠎ᠢ ᠶᠡᠷᠦᠩᠬᠡᠢ᠌ᠯᠡᠨ ᠵᠠᠰᠠᠬᠤ ᠵᠢ ᠠᠬᠢᠭᠤᠯᠵᠤ᠂ ᠤᠳᠠᠲᠠᠯ᠎ᠠ ᠰᠢᠢ᠍ᠳᠪᠦᠷᠢᠯᠡᠬᠦ ᠦᠭᠡᠢ ᠪᠠᠢ᠌ᠭᠰᠠᠨ ᠤᠰᠤ ᠵᠠᠰᠠᠬᠤ ᠬᠦᠴᠢᠷ ᠠᠰᠠᠭᠤᠳᠠᠯ᠎ᠢ ᠰᠢᠢ᠍ᠳᠪᠦᠷᠢᠯᠡᠵᠦ᠂ ᠤᠳᠤᠷᠢᠳᠬᠤ ᠺᠠᠳ᠋ᠷᠴᠤᠳ᠎ᠤᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢ ᠠᠳᠬᠤᠬᠤ᠂ ᠬᠥᠭᠵᠢᠯᠲᠡ ᠵᠢ ᠠᠬᠢᠭᠤᠯᠬᠤ ᠵᠣᠷᠢᠭ᠎ᠢ ᠪᠠᠲᠤᠳᠬᠠᠵᠤ᠂ ᠤᠰᠤ ᠵᠢ ᠴᠡᠪᠡᠷᠰᠢᠭᠦᠯᠵᠦ ᠡᠷᠭᠢ ᠵᠢ ᠰᠠᠢ᠌ᠵᠢᠷᠠᠭᠤᠯᠬᠤ ᠦᠷ᠎ᠡ ᠪᠦᠲᠦᠮᠵᠢ ᠵᠢ ᠣᠯᠵᠤ᠂ ᠠᠷᠠᠳ ᠤᠯᠠᠨ᠎ᠤ ᠴᠢᠩ ᠰᠡᠳᠬᠢᠯ᠎ᠤᠨ ᠮᠠᠭᠲᠠᠭ᠋ᠠᠯ ᠰᠠᠢ᠌ᠰᠢᠶᠠᠯ᠎ᠢ ᠣᠯᠵᠠᠢ᠃
ᠦᠳᠡᠰᠢ ᠵᠢᠨ ᠪᠦᠷᠦᠢ ᠪᠣᠯᠵᠤ᠂ ᠥᠩᠭᠡᠲᠦ ᠳ᠋ᠧᠩ ᠭᠡᠷᠡᠯᠲᠦᠨ᠎ᠡ᠃ ᠨᠠᠭᠤᠷ ᠬᠦᠪᠡᠬᠡᠳᠡᠭᠰᠡᠨ ᠥᠩᠭᠡ ᠦᠵᠡᠮᠵᠢ ᠵᠢᠨ ᠭᠠᠵᠠᠷ ᠵᠢᠡᠷ ᠳᠤᠰᠬᠤᠨ᠎ᠤ ᠠᠷᠠᠳ ᠲᠠᠪᠤ ᠭᠤᠷᠪᠠ᠎ᠪᠠᠷ ᠴᠢᠮᠡᠭᠡ ᠦᠭᠡᠢ ᠠᠯᠬᠤᠯᠠᠬᠤ ᠪᠤᠶᠤ ᠪᠥᠵᠢᠭᠯᠡᠨ᠎ᠡ ᠁ ᠨᠠᠭᠤᠷ᠎ᠤᠨ ᠬᠥᠪᠡᠭᠡᠨ᠎ᠳᠤ ᠵᠡᠭᠡᠰᠦ ᠬᠤᠯᠤᠰᠤ ᠨᠠᠢ᠌ᠭᠤᠵᠤ᠂ ᠨᠣᠮᠢᠨ ᠴᠡᠩᠬᠡᠷ ᠤᠰᠤᠨ᠎ᠳᠤ ᠵᠢᠭ᠋ᠠᠰᠤ ᠵᠢᠷᠠᠭ᠋ᠠᠬᠠᠢ ᠬᠠᠯᠢᠨ ᠨᠢᠰᠴᠦ᠂ ᠡᠯ᠎ᠡ ᠵᠦᠢ᠍ᠯ᠎ᠤᠨ ᠰᠢᠪᠠᠭᠤᠳ ᠤᠰᠤᠨ᠎ᠳᠤ ᠳᠡᠭᠦᠯᠢᠨ ᠪᠥᠵᠢᠭᠯᠡᠨ᠎ᠡ》᠃ ᠠᠯᠤᠰ ᠢ ᠪᠠᠷᠠᠯᠠᠬᠤᠶ᠎ᠠ ᠨᠠᠭᠤᠷ᠎ᠤᠨ ᠤᠰᠤᠨ ᠲᠡᠭᠷᠢ ᠵᠢᠨ ᠬᠠᠶᠠᠭ᠎ᠠ᠎ᠲᠠᠢ ᠵᠠᠯᠭ᠋ᠠᠯᠳᠤᠨ᠂ ᠠᠭᠤᠳᠠᠮ ᠨᠡᠯᠦᠭᠡᠷ ᠲᠤᠨᠢ ᠬᠥᠮᠥᠰ᠎ᠤᠨ ᠰᠡᠳᠬᠢᠯ ᠲᠡᠨᠡᠢ᠌ᠨᠡ᠃ ᠨᠠᠭᠤᠷ᠎ᠤᠨ ᠳᠤᠮᠳᠠᠬᠢ ᠨᠣᠮᠢᠨ ᠨᠣᠭᠣᠭ᠋ᠠᠨ ᠵᠢᠵᠢᠭ ᠠᠷᠠᠯ᠂ ᠨᠠᠭᠤᠷ ᠤᠨ ᠡᠷᠭᠢ ᠪᠠ ᠪᠠᠷᠠᠭᠤᠨ ᠳ᠋ᠦᠩ ᠲᠢᠩ ᠬᠤ᠌ ᠨᠠᠭᠤᠷ᠎ᠤᠨ ᠨᠤᠭᠤ ᠭᠠᠵᠠᠷ᠎ᠤᠨ ᠬᠠᠮᠠᠭ᠋ᠠᠯᠠᠯᠲᠠ ᠵᠢᠨ ᠣᠷᠣᠨ ᠳᠠᠬᠢ 《ᠵᠢᠷ ᠵᠢᠷ》 ᠰᠢᠪᠠᠭᠤᠳ᠎ᠤᠨ ᠵᠢᠷᠭᠢᠯᠲᠡ ᠭᠣᠢ᠌ᠳᠠ ᠰᠠᠢ᠌ᠬᠠᠨ ᠨᠠᠢ᠌ᠷᠠᠯ ᠠᠶᠠᠰ ᠢ ᠬᠥᠭᠵᠢᠮᠳᠡᠵᠦ᠂ ᠬᠥᠮᠥᠨ ᠤᠰᠤᠨ᠎ᠤ ᠡᠶ᠎ᠡ ᠵᠣᠬᠢᠴᠠᠩᠭᠤᠢ ᠠᠮᠢ ᠠᠬᠤᠢ ᠵᠢᠨ ᠦᠵᠡᠰᠬᠦᠯᠡᠩᠲᠦ ᠰᠠᠢ᠌ᠬᠠᠨ ᠬᠠᠭᠤᠳᠠᠰᠤ ᠵᠢ ᠬᠠᠨᠱ᠌ᠧᠤ ᠵᠢᠨ ᠡᠬᠡ ᠭᠠᠵᠠᠷ᠎ᠲᠤ ᠠᠯᠭᠤᠷᠬᠠᠨ ᠳᠡᠯᠭᠡᠨ᠎ᠡ᠃