ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠮᠤᠵᠢ ᠬᠤᠲᠠ᠎ᠶᠢᠨ ᠮᠡᠳᠡᠭᠡ
ᠳ᠋ᠦᠩᠭᠤᠸᠠᠨ᠎ᠤ ᠮᠠᠶᠦ᠋ᠩ᠎ᠤᠨ 《ᠰᠢᠨᠡᠴᠢᠯᠡᠯᠳᠡ ᠵᠢᠨ ᠳᠡᠮᠳᠡᠭᠯᠡᠯ》᠄ ᠬᠦᠬᠡ ᠠᠭᠤᠯᠠ ᠨᠣᠮᠢᠨ ᠤᠰᠤ ᠵᠢ ᠰᠡᠷᠬᠦᠬᠡᠵᠤ᠂ ᠠᠯᠳᠠ ᠮᠦᠩᠬᠦᠨ ᠠᠭᠤᠯᠠ ᠣᠯᠪᠠ
ᠨᠡᠶ᠋ᠢᠲᠡᠯᠡᠭᠰᠡᠨ ᠴᠠᠭ᠄ 2018-12-07

      ᠬᠤᠸᠠ ᠶᠠᠩ ᠬᠤ᠌ ᠨᠠᠭᠤᠷ᠎ᠤᠨ ᠨᠦᠢ᠍ᠳᠡᠨ ᠭᠠᠵᠠᠷ᠎ᠨᠢ ᠭᠤᠸᠠᠩᠳᠦ᠋ᠩ ᠮᠤᠵᠢ ᠵᠢᠨ ᠳ᠋ᠦᠩᠭᠤᠸᠠᠨ ᠪᠠᠯᠭ᠋ᠠᠰᠤᠨ᠎ᠤ ᠮᠠᠶᠦ᠋ᠩ ᠪᠠᠯᠭ᠋ᠠᠰᠤᠨ᠎ᠳᠤ ᠪᠠᠢ᠍ᠢ᠍ᠷᠢᠯᠠᠵᠤ᠂ ᠠ᠋ᠨᠳᠡᠬᠢ ᠤᠰᠤᠨ ᠰᠢᠰᠲ᠋ᠧᠮ᠎ᠨᠢ ᠬᠥᠭᠵᠢᠩᠭᠦᠢ᠂ ᠭᠤᠤᠯ᠎ᠤᠨ ᠲᠤᠤᠷ ᠬᠦᠨᠳᠡᠯᠡᠨ ᠭᠤᠯᠳᠤ ᠰᠦᠯᠵᠢᠯᠳᠤᠨ᠂ ᠦᠩᠬᠡ ᠦᠵᠡᠮᠵᠢ ᠭᠤᠶᠤ ᠰᠠᠢ᠍ᠢ᠍ᠬᠠᠨ ᠪᠠᠢ᠍ᠢ᠍ᠵᠤ᠂ ᠤᠳᠤᠬᠠᠨ᠎ᠳᠤ ᠬᠦᠮᠤᠰ᠎ᠤᠨ ᠠᠮᠠᠷᠠᠵᠤ ᠰᠡᠯᠡᠬᠦᠴᠡᠬᠦ᠎ᠳᠤ ᠲᠣᠬᠢᠷᠠᠮᠵᠢᠲᠠᠢ ᠭᠠᠵᠠᠷ ᠪᠤᠯᠵᠡᠢ᠃ ᠬᠡᠳᠡᠯ᠎ᠠ ᠦᠩᠬᠡᠷᠡᠭᠰᠡᠨ᠎ᠳᠤ ᠡᠨᠳᠡᠬᠢ᠎ᠨᠢ ᠦᠬᠡᠷ᠎ᠡ ᠨᠢᠭᠡᠨ ᠦᠵᠡᠮᠵᠢ ᠪᠠᠢ᠍ᠢ᠍ᠳᠠᠯ᠎ᠲᠠᠢ ᠪᠠᠢ᠍ᠢ᠍ᠪᠡ᠃ ᠤᠯᠠᠨ ᠵᠢᠯ᠎ᠤᠨ ᠠ᠋ᠮᠤᠨ᠎ᠡ ᠠᠵᠤ ᠠᠬᠤᠢ ᠵᠢᠨ ᠪᠦᠳᠦᠭᠦᠯᠢᠭ ᠬᠦᠭᠵᠢᠯᠳᠡ᠎ᠠᠴᠠ ᠪᠤᠯᠵᠤ᠂ ᠠ᠋ᠨᠳᠡᠬᠢ᠎ᠨᠢ ᠬᠢᠮᠢ ᠵᠢᠨ ᠠᠵᠤ ᠦᠢ᠍ᠯᠡᠳᠪᠤᠷᠢ᠂ ᠴᠠᠭ᠋ᠠᠰᠤ ᠬᠢᠬᠦ᠂ ᠴᠠᠬᠢᠯᠭ᠋ᠠᠨ ᠵᠶ᠋ᠠᠷ ᠦᠩᠭᠡᠯᠡᠬᠦ᠂ ᠪᠤᠳᠤᠬᠯᠠᠬᠤ ᠵᠡᠷᠬᠡ ᠤᠯᠠᠮᠵᠢᠯᠠᠯᠳᠤ ᠠᠵᠤ ᠦᠢ᠍ᠯᠡᠳᠪᠤᠷᠢ ᠵᠢᠨ ᠪᠣᠬᠢᠷᠲᠤᠯ᠎ᠳᠤ ᠬᠦᠨᠳᠤ ᠨᠤᠴᠢᠳᠠᠢ ᠭᠠᠮᠰᠢᠭᠳᠠᠭᠰᠠᠨ ᠤᠷᠤᠨ ᠪᠠᠢ᠍ᠢ᠍ᠵᠡᠢ᠃ ᠭᠤᠤᠯ᠎ᠤᠨ ᠵᠠᠮ᠎ᠨᠢ ᠦᠮᠡᠬᠡᠢ ᠤᠰᠤᠨ ᠭᠤᠤ ᠪᠤᠯᠵᠤ᠂ ᠬᠦᠮᠤᠰ ᠪᠦᠷ ᠬᠣᠯᠠᠭᠤᠷ ᠵᠠᠢ᠍ᠢ᠍ᠯᠠᠵᠤ ᠶᠠᠪᠤᠳᠠᠭ ᠪᠠᠢ᠌ᠯ᠎ᠠ᠃ ᠮᠠᠶᠦ᠋ᠩ᠎ᠳᠤ ᠦᠰᠴᠤ ᠳᠦᠷᠦᠭᠰᠡᠨ ᠶᠤᠸᠠᠨ ᠬᠤᠤ ᠯᠢᠨ ᠨᠠᠰᠤᠳᠠᠨ ᠠ᠋ᠨᠡ ᠵᠢᠯ ᠨᠢᠬᠡᠨᠳᠡ 73 ᠨᠠᠰᠤᠯᠠᠵᠤ᠂ ᠮᠠᠶᠦ᠋ᠩ᠎ᠤᠨ ᠤᠷᠴᠢᠨ ᠲᠤᠭᠤᠷᠢᠨ ᠰᠠᠢ᠍ᠵᠢᠷᠠᠬᠰᠠᠨ᠎ᠠᠴᠠ ᠲᠤᠰᠬᠤᠨ᠎ᠤ ᠠᠷᠠᠳ ᠣᠯᠠᠨ᠎ᠳᠤ ᠰᠠᠢ᠍ᠢ᠍ᠨ ᠰᠠᠢ᠍ᠢ᠍ᠬᠠᠨ ᠠᠮᠢᠳᠤᠷᠠᠯ᠎ᠢ ᠠᠪᠴᠢᠷᠠᠵᠤ ᠦᠭᠬᠦᠭᠰᠡᠨ ᠬᠤᠪᠢᠷᠠᠯᠳᠠ ᠵᠢ ᠭᠡᠷᠡᠴᠢᠯᠡᠵᠦ ᠪᠠᠢ᠌ᠨ᠎ᠠ᠃ ᠶᠤᠸᠠᠨ ᠬᠤᠤ ᠯᠢᠨ ᠨᠠᠰᠤᠲᠠᠨ ᠠ᠋ᠮᠤᠨ᠎ᠠ ᠬᠡᠳᠤᠨ ᠵᠢᠯ᠎ᠤᠨ ᠬᠤᠸᠠ ᠶᠠᠩ ᠬᠤ᠌ ᠨᠠᠭᠤᠷ᠎ᠤᠨ ᠪᠠᠢ᠌ᠳᠠᠯ᠎ᠢ ᠠ᠋ᠷᠬᠢᠴᠡᠬᠦᠯᠬᠦ᠎ᠳᠤ᠎ᠪᠠᠨ᠂ ᠳᠤᠬᠠᠢ ᠵᠢᠨ ᠦᠶ᠎ᠠ᠎ᠳᠤ ᠪᠦᠬᠦᠢ᠍ᠢ᠍ᠯᠡ ᠮᠠᠶᠦ᠋ᠩ ᠦᠮᠡᠭᠡᠢ ᠬᠡᠢ ᠠᠭ᠋ᠠᠷ᠎ᠳᠤ ᠪᠦᠷᠬᠦᠭᠳᠡᠨ᠂ ᠬᠠᠶᠠᠬᠳᠠᠮᠠᠯ ᠡᠳ᠋ ᠭᠠᠵᠠᠷ ᠪᠤᠯᠭ᠋ᠠᠨ᠎ᠳᠤ ᠨᠤᠪᠰᠢᠷᠠᠵᠤ᠂ ᠲᠠᠷᠢᠶᠠᠴᠢᠳ᠎ᠤᠨ ᠳᠠᠷᠢᠬᠰᠠᠨ ᠢᠳᠡᠰᠢᠨ ᠨᠤᠭᠤᠭ᠎ᠠ᠎ᠨᠢ ᠠᠮᠳᠠ ᠦᠬᠡᠢ ᠪᠤᠶᠤ ᠢᠳᠡᠬᠦ ᠵᠢᠨ ᠠᠷᠭ᠎ᠠ ᠦᠬᠡᠢ ᠪᠠᠢ᠌ᠵᠤ᠂ ᠳᠤᠬᠠᠢ ᠵᠢᠨ ᠭᠠᠵᠠᠷ᠎ᠤᠨ ᠬᠦᠮᠤᠰ ᠪᠦᠷ ᠭᠠᠳᠠᠨ᠎ᠠ ᠭᠠᠵᠠᠷ ᠨᠡᠭᠦᠵᠦ ᠶᠠᠪᠤᠬᠤ ᠪᠣᠯᠵᠠᠢ᠃
     《ᠮᠢᠨᠤ ᠬᠤᠪᠢ ᠬᠦᠮᠤᠨ᠎ᠤ ᠣᠢ᠌ᠯᠠᠭ᠋ᠠᠯᠲᠠ᠎ᠪᠠᠷ ᠬᠡᠳᠤᠨ ᠰᠦᠨᠢ ᠵᠢᠨ ᠭᠠᠳᠠᠭᠰᠢᠯᠠᠭᠤᠯᠤᠭᠰᠠᠨ ᠦᠮᠡᠭᠡᠢ ᠬᠡᠢ᠎ᠠᠴᠠ ᠪᠣᠯᠵᠤ᠂ ᠪᠢ ᠨᠦᠢ᠍ᠳᠠᠨ ᠠᠯᠴᠢᠭᠤᠷ ᠵᠶ᠋ᠠᠷ ᠬᠠᠮᠠᠷ ᠵᠶ᠋ᠠᠨ ᠪᠦᠳᠡᠬᠡᠬᠡᠳ ᠰᠠᠶᠢ ᠤᠨᠲᠠᠵᠤ ᠳᠡᠢ᠌ᠯᠪᠡ᠂ ᠠ᠋ᠢ᠍ᠢ᠍ᠮᠤ᠎ᠠᠴᠠ ᠳᠤᠬᠠᠢ ᠵᠢᠨ ᠦᠶ᠎ᠡ᠎ᠳᠤ ᠤᠷᠴᠢᠨ ᠲᠤᠭᠤᠷᠢᠨ ᠲᠤᠩ ᠮᠠᠭᠤ ᠪᠠᠢ᠍ᠢ᠍ᠵᠡᠢ ᠭᠡᠳᠡᠭ᠎ᠢ ᠮᠡᠳᠡᠵᠦ ᠪᠣᠯᠣᠨ᠎ᠠ᠃》 ᠬᠡᠵᠤ ᠡᠷᠭᠢᠴᠡᠭᠦᠯᠦᠨ ᠬᠡᠯᠡᠵᠦ ᠪᠠᠢ᠌ᠪᠠ᠃ 《ᠤᠳᠤ ᠨᠤᠮᠢᠨ ᠤᠰᠤ ᠴᠡᠩᠬᠡᠷ ᠳᠩᠷᠢ ᠰᠡᠷᠭᠦᠭᠡᠭᠳᠡᠨ᠂ ᠰᠡᠳᠬᠢᠯ ᠮᠠᠰᠢ ᠬᠠᠩᠬᠤᠯᠠᠭᠤᠨ ᠪᠠᠢ᠍ᠢ᠍ᠵᠤ᠂ ᠲᠤᠰᠬᠤᠨ᠎ᠤ ᠠᠷᠠᠳ ᠳᠠᠬᠢᠨ ᠪᠤᠴᠠᠵᠤ ᠢᠷᠡᠪᠡ᠂ ᠠ᠋ᠬᠦᠨ᠎ᠤ ᠳᠡᠬᠡᠷ᠎ᠡ ᠵᠢᠭᠤᠯᠴᠢᠯᠠᠯ᠎ᠤᠨ ᠦᠢ᠍ᠯᠡᠰ᠎ᠢ ᠠ᠋ᠷᠬᠢᠯᠡᠭᠰᠡᠨ᠎ᠠᠴᠠ ᠮᠠᠰᠢ ᠤᠯᠠᠨ ᠮᠠᠶᠦ᠋ᠩ᠎ᠤᠨ ᠬᠦᠮᠤᠰ᠎ᠢ ᠳᠠᠢ᠌ᠴᠢᠯᠠᠨ ᠬᠥᠭᠵᠢᠭᠦᠯᠪᠡ》 ᠭᠡᠵᠡᠢ᠃
     2013 ᠤᠨ᠎ᠳᠤ᠂ ᠮᠠᠶᠦ᠋ᠩ ᠪᠠᠯᠭ᠋ᠠᠰᠤ᠎ᠨᠢ ᠬᠤᠸᠠ ᠶᠠᠩ ᠬᠤ᠌ ᠨᠠᠭᠤᠷ᠎ᠤᠨ ᠤᠷᠴᠢᠨ ᠲᠤᠭᠤᠷᠢᠨ᠎ᠢ ᠵᠠᠰᠠᠬᠤ ᠠᠵᠢᠯ᠎ᠢ ᠪᠦᠬᠦ ᠲᠠᠯ᠎ᠠ᠎ᠪᠠᠷ ᠠᠬᠢᠭᠤᠯᠵᠤ᠂ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢᠨ ᠪᠠᠷᠢᠮᠵᠢᠶ᠎ᠠ᠎ᠳᠤ ᠬᠦᠷᠬᠦ ᠦᠬᠡᠢ ᠪᠠᠢ᠌ᠭᠰᠠᠨ 《ᠬᠤᠶᠠᠷ ᠦᠨᠳᠤᠷ ᠨᠢᠭᠡ ᠲᠤᠤᠷ᠎ᠠ》 ᠠᠵᠤ ᠠᠬᠤᠢ᠍ᠢ᠍ᠯᠠᠯ᠎ᠢ ᠵᠤᠬᠰᠤᠭ᠋ᠠᠨ ᠬᠠᠭ᠋ᠠᠵᠤ᠂ ᠬᠠᠤᠯᠢ ᠪᠤᠰᠤ᠎ᠪᠠᠷ ᠵᠢᠬᠦᠷᠳᠡᠨ ᠮᠠᠯ ᠤᠨᠤᠭ᠎ᠠ ᠳᠡᠵᠢᠬᠡᠵᠤ ᠦᠷᠡᠵᠢᠬᠦᠯᠬᠦ ᠳᠠᠯᠠᠪᠤᠷ᠎ᠢ ᠢᠯᠭ᠋ᠠᠨ ᠴᠡᠪᠡᠷᠯᠡᠵᠦ᠂ ᠳᠠᠷᠢᠶᠠᠨ ᠭᠠᠵᠠᠷ᠎ᠲᠠᠬᠢ ᠤᠩᠭᠤᠨ᠎ᠢ ᠨᠡᠭᠦᠯᠬᠡᠨ ᠰᠢᠯᠵᠢᠭᠦᠯᠵᠦ᠂ ᠪᠣᠬᠢᠷᠲᠤᠯ᠎ᠤᠨ ᠠ᠋ᠬᠢ ᠵᠢ ᠳᠠᠰᠤᠯᠵᠤ ᠠᠷᠢᠯᠭ᠋ᠠᠵᠤ᠂ ᠰᠢᠪᠡᠷ ᠱᠠᠯᠴᠢᠭ᠎ᠢ ᠠᠷᠢᠯᠭ᠋ᠠᠨ ᠲᠠᠷᠬᠠᠭ᠋ᠠᠵᠤ᠂ ᠤᠰᠤᠨ ᠴᠤᠬ᠍ᠴᠠ ᠵᠢ ᠵᠡᠰᠠᠨ ᠰᠡᠷᠬᠦᠬᠡᠨ᠂ ᠳᠠᠯᠠᠩ ᠬᠠᠰᠢᠯᠭ᠎ᠠ ᠵᠢ ᠭᠤᠶᠤᠵᠢᠭᠤᠯᠪᠡ᠃ ᠬᠤᠸᠠ ᠶᠠᠩ ᠬᠤ᠌ ᠨᠠᠭᠤᠷ᠎ᠤᠨ ᠤᠰᠤᠨ᠎ᠤ ᠴᠢᠨᠠᠷ᠎ᠢ ᠮᠠᠭᠤ 5 ᠳ᠋ᠤᠭ᠋ᠠᠷ ᠲᠦᠷᠤᠯ᠎ᠠᠴᠠ ᠳᠦᠷᠭᠡᠨ ᠵᠶ᠋ᠠᠷ 3᠎ᠠᠴᠠ 4 ᠳ᠋ᠦ᠍ᠬᠡᠷ ᠲᠦᠷᠤᠯ ᠪᠤᠯᠭ᠋ᠠᠨ ᠰᠡᠷᠬᠦᠬᠡᠪᠡ᠃
      ᠤᠷᠴᠢᠨ ᠲᠤᠭᠤᠷᠢᠨ ᠰᠠᠢ᠍ᠢ᠍ᠵᠢᠷᠠᠬᠰᠠᠨ᠎ᠠᠴᠠ ᠠᠶᠠᠨᠳᠠᠭ᠋ᠠᠨ ᠬᠦᠮᠤᠨ ᠤᠯᠠᠰᠢᠷᠠᠵᠤ᠂ ᠭᠠᠳᠠᠷ ᠭᠠᠵᠠᠷ᠎ᠲᠤ ᠬᠦᠴᠦ ᠶᠠᠪᠤᠵᠤ ᠪᠠᠢ᠌ᠭᠰᠠᠨ ᠮᠠᠰᠢ ᠤᠯᠠᠨ ᠬᠥᠮᠥᠰ ᠨᠤᠳᠤᠬ᠎ᠲᠤ᠎ᠪᠠᠨ ᠪᠤᠴᠠᠵᠤ ᠦᠢ᠍ᠯᠡᠰ ᠪᠦᠳᠤᠬᠡᠵᠤ ᠠ᠋ᠬᠢᠯᠡᠪᠡ᠃ ᠬᠤᠸᠠ ᠶᠠᠩ ᠬᠤ᠌ ᠨᠠᠭᠤᠷ᠎ᠤᠨ ᠠ᠋ᠷᠬᠢᠨ ᠲᠤᠭᠤᠷᠢᠨ᠎ᠳᠤ ᠠᠭ᠋ᠠᠵᠢᠮ ᠵᠶ᠋ᠠᠷ ᠵᠤᠴᠢᠳ᠎ᠤᠨ ᠪᠠᠭᠤᠳᠠᠯ᠂ ᠤᠰᠤᠨ ᠨᠤᠳᠤᠬ᠎ᠤᠨ ᠰᠠᠭᠤᠬᠳᠠᠯ᠂ ᠵᠢᠭ᠋ᠠᠰᠤᠴᠢᠨ᠎ᠤ ᠭᠠᠷᠠᠮ ᠮᠡᠳᠤ ᠰᠢᠨ᠎ᠡ ᠮᠠᠶᠢᠬ᠎ᠤᠨ ᠬᠤᠳᠠᠯᠳᠤᠭ᠋ᠠᠨ᠎ᠤ ᠴᠤᠬ᠍ᠴᠠ ᠪᠤᠢ ᠪᠤᠯᠵᠡᠢ᠃ ᠤᠷᠴᠢᠨ ᠲᠤᠭᠤᠷᠢᠨ᠎ᠤ ᠶᠠᠰᠤ ᠴᠢᠨᠠᠷ᠎ᠤᠨ ᠳᠠᠰᠤᠷᠠᠯᠳᠠ ᠦᠬᠡᠢ ᠰᠠᠢ᠍ᠢ᠍ᠵᠢᠷᠠᠬᠤ ᠵᠢ ᠲᠠᠭ᠋ᠠᠯᠳᠤᠨ᠂ ᠮᠠᠰᠢ ᠤᠯᠠᠨ ᠴᠢᠨᠠᠷᠯᠢᠬ ᠠᠵᠤ ᠠᠬᠤᠢ᠍ᠯᠠᠯ ᠪᠠ ᠥᠵᠥ ᠴᠢᠳᠠᠪᠤᠷᠢᠳᠡᠨ ᠠᠭ᠋ᠠᠵᠢᠮ ᠵᠶ᠋ᠠᠷ ᠴᠤᠬᠯᠠᠷᠠᠵᠤ᠂ ᠤᠷᠢᠳ ᠬᠤᠵᠢᠳ ᠵᠢᠩ ᠳ᠋ᠦᠩ᠂ ᠶᠦᠨᠨᠠᠨ᠎ᠤ ᠴᠧᠩ ᠲᠧᠤ ᠵᠡᠷᠬᠡ ᠶᠠᠷᠤᠩᠬᠡᠢ ᠪᠡᠯᠡ ᠤᠷᠤᠭᠤᠯᠤᠯᠳᠠ᠎ᠨᠢ 538 ᠳ᠋ᠦᠩᠰᠢᠭᠤᠷ ᠳᠦᠬᠦᠷᠢᠭ᠎ᠤᠨ 19 ᠰᠢᠯᠢᠳᠡᠭ ᠲᠥᠷᠥᠯ ᠵᠦᠢ᠍ᠯ ᠮᠠᠶᠦ᠋ᠩ᠎ᠳᠤ ᠢᠷᠡᠵᠦ ᠨᠤᠳᠤᠬᠯᠠᠵᠡᠢ᠃ ᠤᠳᠤᠬᠠᠨ᠎ᠳᠤ᠂ ᠬᠤᠸᠠ ᠶᠠᠩ ᠬᠤ᠌ ᠨᠠᠭᠤᠷ᠎ᠨᠢ ᠳᠠᠬᠢᠨ ᠠ᠋ᠷᠭᠢᠨ ᠲᠤᠭᠤᠷᠢᠨ᠎ᠤ ᠠᠷᠠᠳ ᠤᠯᠠᠨ᠎ᠤ 《ᠵᠡᠬᠦᠳᠤᠨ ᠲᠤᠳᠤᠷᠡᠬᠢ ᠤᠰᠤᠨ ᠨᠤᠳᠤᠬ》 ᠪᠤᠯᠵᠤ᠂ ᠤᠷᠴᠢᠨ ᠲᠤᠭᠤᠷᠢᠨ ᠰᠠᠢ᠍ᠢ᠍ᠵᠢᠷᠠᠬᠰᠠᠨ ᠵᠶ᠋ᠠᠷ ᠪᠠᠷᠠᠬᠤ ᠦᠬᠡᠢ ᠠᠵᠤ ᠠᠬᠤᠢ᠎ᠨᠢ ᠴᠤ᠌ ᠶᠡᠬᠡ᠎ᠪᠠᠷ ᠬᠦᠭᠵᠢᠪᠡ᠃ ᠬᠤᠸᠠ ᠶᠠᠩ ᠬᠤ᠌ ᠨᠠᠭᠤᠷ᠎ᠤᠨ ᠨᠦᠢ᠍ᠳᠡᠨ ᠭᠠᠵᠠᠷ᠎ᠤᠨ ᠤᠯᠠᠷᠢᠯ ᠬᠤᠪᠢᠷᠠᠯ᠎ᠨᠢ ᠠᠮᠢ ᠠᠬᠤᠢ ᠵᠢᠨ ᠤᠷᠴᠢᠨ ᠲᠤᠭᠤᠷᠢᠨ᠎ᠤ ᠠᠵᠤ ᠠᠬᠤᠢ ᠵᠢᠨ ᠪᠦᠳᠤᠴᠡ ᠵᠢᠨ ᠬᠡᠯᠪᠡᠷᠢ᠎ᠪᠠᠨ ᠬᠤᠪᠢᠷᠠᠭᠤᠯᠬᠤ ᠵᠢ ᠠᠬᠢᠭᠤᠯᠤᠬᠰᠠᠨ᠎ᠤ ᠴᠣᠮᠬᠠᠳᠬᠠᠯ ᠲᠦᠷᠢ ᠮᠦᠨ᠃ ᠬᠦᠬᠡ ᠠᠭᠤᠯᠠ ᠬᠦᠬᠡᠮᠳᠦᠭ ᠤᠰᠤ᠎ᠨᠢ ᠳᠠᠷᠤᠢ ᠠᠯᠳᠠ ᠮᠦᠩᠬᠦᠨ ᠠᠭᠤᠯᠠ ᠪᠤᠯᠬᠤ ᠶᠤᠮ᠃









ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠰᠧᠴᠤᠸᠠᠨ ᠬᠠᠤᠯᠢ ᠲᠣᠭᠲᠠᠭ᠋ᠠᠵᠤ ᠲᠦᠸᠧ ᠵᠢᠶᠠᠩ ᠮᠥᠷᠡᠨ᠎ᠤ ᠰᠠᠪᠠ ᠭᠠᠵᠠᠷ᠎ᠤᠨ ᠤᠰᠤᠨ᠎ᠤ ᠣᠷᠴᠢᠨ ᠲᠣᠭᠣᠷᠢᠨ᠎ᠢ ᠬᠠᠮᠠᠭ᠋ᠠᠯᠠᠵᠤ ᠪᠠᠢ᠌ᠨ᠎ᠠ
ᠾᠧᠪᠧᠢ ᠲᠤᠢ᠌ᠯ᠎ᠤᠨ ᠣᠨᠣᠪᠴᠢᠲᠠᠢ᠎ᠪᠠᠷ ᠬᠠᠤᠯᠢ ᠬᠡᠷᠡᠭᠵᠢᠭᠦᠯᠦᠨ ᠴᠢᠭᠯᠡᠯ᠎ᠲᠠᠢ᠎ᠪᠠᠷ ᠬᠠᠤᠯᠢ ᠵᠢ ᠲᠦᠭᠡᠮᠡᠯᠵᠢᠭᠦᠯᠵᠦ ᠨᠠᠮᠤᠷ ᠡᠪᠦᠯ᠎ᠤᠨ ᠤᠯᠠᠷᠢᠯ᠎ᠤᠨ ᠬᠣᠶᠠᠳᠤᠭ᠋ᠠᠷ ᠡᠭᠡᠯᠵᠢ ᠵᠢᠨ ᠠᠭ᠋ᠠᠷ ᠮᠠᠨᠳᠠᠯ᠎ᠤᠨ ᠣᠷᠴᠢᠨ ᠲᠣᠭᠣᠷᠢᠨ᠎ᠤ ᠬᠠᠤᠯᠢ ᠬᠡᠷᠡᠭᠵᠢᠭᠦᠯᠬᠦ ᠲᠤᠰᠬᠠᠢ ᠵᠦᠢ᠍ᠯ᠎ᠤᠨ ᠠᠵᠢᠯᠯᠠᠭ᠎ᠠ᠎ᠳᠠᠬᠢ ᠣᠷᠴᠢᠨ ᠲᠣᠭᠣᠷᠢᠨ᠎ᠤ ᠲᠣᠪᠣᠢ᠌ᠮ᠎ᠠ ᠠᠰᠠᠭᠤᠳᠠᠯ᠎ᠢ ᠪᠦᠲᠦᠮᠵᠢᠲᠡᠢ ᠰᠢᠢ᠍ᠳᠪᠦᠷᠢᠯᠡᠪᠡ
ᠾᠧᠪᠧᠢ ᠵᠢᠨ ᠡᠯ᠎ᠡ ᠭᠠᠵᠠᠷ᠎ᠤᠨ᠎ᠬᠢᠨ ᠬᠣᠯᠪᠣᠭ᠋ᠠᠯᠠᠨ ᠰᠡᠷᠭᠡᠢ᠌ᠯᠡᠵᠦ ᠬᠣᠯᠪᠣᠭ᠋ᠠᠯᠠᠨ ᠡᠵᠡᠮᠳᠡᠵᠦ ᠬᠥᠬᠡ ᠣᠭᠲᠠᠷᠭᠤᠢ ᠵᠢ ᠬᠠᠮᠠᠭ᠋ᠠᠯᠠᠵᠤ ᠪᠠᠢ᠌ᠨ᠎ᠠ
ᠰᠧᠴᠤᠸᠠᠨ ᠮᠤᠵᠢ ᠵᠢᠨ 4 ᠲᠣᠭᠣᠷᠢᠭ (ᠰᠢᠶᠠᠨ)᠎ᠨᠢ ᠬᠣᠶᠠᠳᠤᠭ᠋ᠠᠷ ᠪᠦᠯᠦᠭ 《ᠤᠯᠤᠰ᠎ᠤᠨ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠬᠣᠲᠠ ᠰᠢᠶᠠᠨ》᠎ᠤ ᠴᠣᠯᠠ ᠬᠦᠷᠲᠡᠪᠡ
ᠳᠤᠮᠳᠠᠳᠤ ᠤᠯᠤᠰ᠎ᠤᠨ ᠴᠤᠷ᠎ᠤᠨ ᠭᠠᠭᠴᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠬᠣᠲᠠ ᠪᠣᠯᠬᠤ ᠰᠧᠴᠤᠸᠠᠨ ᠮᠤᠵᠢ ᠵᠢᠨ ᠮᠢᠶᠠᠨᠶᠠᠩ ᠬᠣᠲᠠ᠎ᠳᠤ ᠳᠠᠬᠢᠨ 《ᠪᠣᠬᠢᠷᠲᠤᠯ ᠦᠭᠡᠢ ᠨᠡᠷ᠎ᠡ ᠵᠢᠨ ᠬᠠᠭᠤᠳᠠᠰᠤ》 ᠵᠢ ᠨᠡᠮᠡᠷᠢᠯᠡᠪᠡ
 
             蒙ICP备05000248号