9 ᠳ᠋ᠦ᠍ᠭᠡᠷ ᠰᠠᠷ᠎ᠠ ᠵᠢᠨ 14 ᠤ ᠦᠳᠡ ᠵᠢᠨ ᠬᠣᠶ᠋ᠢᠨᠠᠬᠢ 6 ᠴᠠᠭ᠎ᠲᠤ᠂ 500 ᠭᠠᠷᠤᠢ ᠢᠯᠡᠭᠦᠦ ᠤᠳᠠᠭ᠋ᠠᠨ᠎ᠤ ᠤᠷᠤᠯᠳᠤᠭ᠋ᠠᠨ ᠵᠶ᠋ᠠᠷ ᠰᠢᠷᠦᠭᠦᠨ ᠥᠷᠢᠰᠦᠯᠳᠦᠬᠦ᠎ᠪᠠᠷ ᠳᠠᠮᠵᠢᠭᠤᠯᠤᠨ᠂ ᠳᠥᠷᠪᠡᠳᠦᠭᠡᠷ ᠬᠤᠭᠤᠴᠠᠭ᠋ᠠᠨ᠎ᠤ ᠪᠥᠬᠥ ᠣᠷᠣᠨ᠎ᠤ ᠣᠷᠴᠢᠨ ᠲᠣᠭᠣᠷᠢᠨ᠎ᠢ ᠬᠠᠮᠠᠭ᠋ᠠᠯᠠᠬᠤ ᠰᠢᠰᠲ᠋ᠧᠮ᠎ᠤᠨ 《ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠬᠤᠨᠳᠠᠭ᠋ᠠᠲᠤ》 ᠫᠢᠩᠫᠠᠩ ᠪᠥᠮᠪᠥᠭᠡ ᠵᠢᠨ ᠤᠷᠤᠯᠳᠤᠭ᠋ᠠᠨ ᠠᠮᠵᠢᠯᠲᠠ᠎ᠲᠠᠢ ᠥᠨᠳᠥᠷᠯᠡᠪᠡ᠃
ᠭᠤᠷᠪᠠᠨ ᠡᠳᠦᠷ᠎ᠤᠨ ᠤᠷᠤᠯᠳᠤᠭ᠋ᠠᠨ ᠳᠤᠮᠳᠠ᠂ ᠪᠥᠬᠥ ᠣᠷᠣᠨ᠎ᠤ ᠣᠷᠴᠢᠨ ᠲᠣᠭᠣᠷᠢᠨ᠎ᠢ ᠬᠠᠮᠠᠭ᠋ᠠᠯᠠᠬᠤ ᠰᠢᠰᠲ᠋ᠧᠮ᠎ᠠᠴᠠ ᠢᠷᠡᠭᠰᠡᠨ 14 ᠲᠥᠯᠥᠭᠡᠯᠡᠭᠴᠢᠳ᠎ᠤᠨ ᠠᠩᠭᠢ ᠵᠢᠨ 130 ᠭᠠᠷᠤᠶ ᠬᠥᠮᠦᠨ ᠤᠷᠤᠯᠳᠤᠭ᠋ᠠᠨ᠎ᠳᠤ ᠣᠷᠣᠯᠴᠠᠵᠤ᠂ ᠮᠠᠩᠯᠠᠶ᠎ᠳᠤᠨᠢ ᠭᠠᠷᠬᠤ᠎ᠪᠠᠷ ᠮᠡᠷᠡᠶ᠋ᠢᠨ ᠴᠢᠷᠮᠠᠶ᠋ᠢᠵᠤ᠂ ᠰᠢᠷᠭ᠋ᠠᠭᠤ ᠬᠠᠲᠠᠭᠤᠵᠢᠯᠲᠠᠶ᠎ᠪᠠᠷ ᠲᠡᠮᠡᠴᠡᠬᠦ ᠪᠡᠶ᠎ᠡ ᠵᠢᠨ ᠲᠠᠮᠢᠷ᠎ᠤᠨ ᠵᠣᠷᠢᠭ ᠰᠠᠨᠠᠭ᠎ᠠ ᠵᠢ ᠪᠠᠳᠠᠷᠠᠭᠤᠯᠤᠨ ᠬᠡᠪ ᠰᠤᠷᠲᠠᠯ ᠬᠢᠷᠢ ᠲᠦᠪᠰᠢᠨ ᠵᠶ᠋ᠠᠨ ᠢᠯᠡᠷᠡᠭᠦᠯᠲᠡᠯᠡ ᠤᠷᠤᠯᠳᠤᠵᠤ᠂ ᠮᠠᠨ᠎ᠤ ᠣᠷᠣᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠰᠢᠰᠲ᠋ᠧᠮ᠎ᠤᠨ ᠺᠠᠳ᠋ᠷ ᠠᠵᠢᠯᠳᠠᠨ ᠠᠵᠢᠯᠴᠢᠨ᠎ᠤ ᠰᠠᠢ᠍ᠢ᠍ᠨ ᠰᠠᠶ᠋ᠢᠬᠠᠨ ᠤᠶᠤᠨ ᠰᠠᠨᠠᠭ᠋ᠠᠨ᠎ᠤ ᠳᠦᠷᠰᠦ ᠪᠠᠶ᠋ᠢᠳᠠᠯ ᠢ ᠢᠯᠡᠷᠡᠭᠦᠯᠪᠡ᠃
ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠢᠩᠬᠢᠮ᠎ᠤᠨ ᠳᠡᠳ᠋ ᠳᠠᠷᠤᠭ᠎ᠠ ᠳ᠋ᠦ᠋ ᠵᠢᠶᠦ᠋ᠨ ᠹᠧᠩ᠂ ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠢ ᠬᠢᠨᠠᠨ ᠪᠠᠶ᠋ᠢᠴᠠᠭ᠋ᠠᠬᠤ ᠲᠣᠪᠴᠢᠶ᠎ᠠ ᠵᠢᠨ ᠳᠠᠷᠤᠭ᠎ᠠ ᠵᠠᠩ ᠱᠠᠨ ᠱ᠌ᠢ᠂ ᠥᠪᠡᠷᠲᠡᠭᠡᠨ ᠵᠠᠰᠠᠬᠤ ᠣᠷᠣᠨ᠎ᠤ ᠪᠠᠷᠠᠭᠤᠨ ᠬᠡᠰᠡᠭ᠎ᠤᠨ ᠭᠠᠵᠠᠷ ᠣᠷᠣᠨ᠎ᠤ ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠰᠢᠪᠠᠳᠠᠨ ᠪᠠᠶ᠋ᠢᠴᠠᠭ᠋ᠠᠬᠤ ᠲᠥᠪ᠎ᠤᠨ ᠡᠷᠬᠢᠯᠡᠭᠴᠢ ᠦ᠋ ᠴᠢᠶᠠᠩ᠂ ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠢᠩᠬᠢᠮ᠎ᠤᠨ ᠪᠠᠶ᠋ᠢᠭᠤᠯᠭ᠎ᠠ ᠵᠢᠨ ᠨᠠᠮ᠎ᠤᠨ ᠬᠣᠷᠢᠶᠠᠨ᠎ᠤ ᠳᠡᠳ᠋ ᠱᠦᠵᠢ ᠾᠧᠦ ᠶᠠᠨ ᠮᠢᠨ᠂ ᠲᠦᠩᠯᠢᠶᠣᠤ ᠬᠣᠲᠠ ᠵᠢᠨ ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠲᠣᠪᠴᠢᠶᠠᠨ᠎ᠤ ᠳᠠᠷᠤᠭ᠎ᠠ ᠰᠢᠦᠢ ᠬᠤᠢ᠂ ᠣᠷᠳᠣᠰ ᠬᠣᠲᠠ ᠵᠢᠨ ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠲᠣᠪᠴᠢᠶᠠᠨ᠎ᠤ ᠳᠠᠷᠤᠭ᠎ᠠ ᠳ᠋ᠦᠩ ᠵᠢᠶᠸ ᠵᠦᠩ ᠲᠡᠭᠦᠰᠬᠦ ᠶᠣᠰᠣᠯᠠᠯ᠎ᠳᠤ ᠣᠷᠣᠯᠴᠠᠵᠤ ᠱᠠᠩᠨᠠᠯ ᠲᠤᠰᠤᠭᠴᠢᠳᠲᠤ ᠱᠠᠩᠨᠠᠯ ᠣᠯᠭᠣᠭᠰᠠᠨ ᠪᠠᠶ᠋ᠢᠨ᠎ᠠ᠃