ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠣᠷᠣᠨ᠎ᠤ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠠᠴᠠ ᠲᠢᠩᠬᠢᠮ᠎ᠤᠨ ᠰᠢᠰᠲ᠋ᠧᠮ᠎ᠤᠨ᠎ᠬᠢᠨ᠎ᠤ ᠨᠠᠮ᠎ᠤᠨ ᠶᠡᠷᠦᠩᠬᠡᠢ ᠡᠭᠦᠷ (ᠨᠠᠮ᠎ᠤᠨ ᠡᠭᠦᠷ)᠎ᠤᠨ ᠱᠦᠵᠢ ᠵᠢᠨ ᠨᠠᠮᠴᠢ ᠴᠢᠨᠠᠷ᠎ᠤᠨ ᠬᠥᠮᠥᠵᠢᠯ ᠪᠠ ᠴᠢᠳᠠᠪᠤᠷᠢ ᠵᠢᠨ ᠳᠡᠭᠡᠭᠰᠢᠯᠡᠯᠲᠡ ᠵᠢᠨ ᠪᠣᠯᠪᠠᠰᠤᠷᠠᠯ᠎ᠤᠨ ᠠᠩᠭᠢ ᠵᠢ ᠡᠷᠬᠢᠯᠡᠪᠡ
ᠨᠡᠶ᠋ᠢᠲᠡᠯᠡᠭᠰᠡᠨ ᠴᠠᠭ᠄ 2018-12-11

      ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠪᠠ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ 《ᠬᠣᠶᠠᠷ᠎ᠢ ᠰᠤᠷᠤᠯᠴᠠᠵᠤ ᠬᠢᠷᠢ ᠲᠡᠩᠴᠡᠭᠰᠡᠨ ᠨᠠᠮ᠎ᠤᠨ ᠭᠡᠰᠢᠭᠦᠨ ᠪᠣᠯᠬᠤ》 ᠰᠤᠷᠤᠯᠴᠠᠯᠭ᠎ᠠ ᠬᠥᠮᠥᠵᠢᠯ᠎ᠢ ᠬᠡᠪᠰᠢᠵᠢᠭᠦᠯᠦᠨ ᠳᠦᠷᠢᠮᠵᠢᠭᠦᠯᠵᠦ᠂ ᠨᠠᠮ᠎ᠤᠨ ᠶᠡᠷᠦᠩᠬᠡᠢ ᠡᠭᠦᠷ (ᠨᠠᠮ᠎ᠤᠨ ᠡᠭᠦᠷ)᠎ᠤᠨ ᠱᠦᠵᠢ ᠵᠢᠨ ᠰᠢᠨ᠎ᠡ ᠴᠠᠭ᠎ᠤᠨ ᠪᠠᠢ᠌ᠳᠠᠯ ᠳᠣᠣᠷᠠᠬᠢ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠬᠢᠷᠢ ᠲᠦᠪᠰᠢᠨ᠎ᠢ᠎ᠨᠢ ᠳᠡᠭᠡᠭᠰᠢᠯᠡᠭᠦᠯᠬᠦ ᠵᠢᠨ ᠲᠤᠰᠠᠳᠠ᠂ 12 ᠳ᠋ᠤᠭ᠋ᠠᠷ ᠰᠠᠷ᠎ᠠ ᠵᠢᠨ 4᠎ᠤ ᠡᠳᠦᠷ᠂ 2 ᠡᠳᠦᠷ᠎ᠤᠨ ᠬᠤᠭᠤᠴᠠᠭ᠎ᠠ᠎ᠲᠠᠢ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠰᠢᠰᠲ᠋ᠧᠮ᠎ᠤᠨ᠎ᠬᠢᠨ᠎ᠤ ᠨᠠᠮ᠎ᠤᠨ ᠶᠡᠷᠦᠩᠬᠡᠢ ᠡᠭᠦᠷ (ᠨᠠᠮ᠎ᠤᠨ ᠡᠭᠦᠷ)᠎ᠤᠨ ᠱᠦᠵᠢ ᠵᠢᠨ ᠨᠠᠮᠴᠢ ᠴᠢᠨᠠᠷ᠎ᠤᠨ ᠬᠥᠮᠥᠵᠢᠯ ᠪᠠ ᠴᠢᠳᠠᠪᠤᠷᠢ ᠵᠢᠨ ᠳᠡᠭᠡᠭᠰᠢᠯᠡᠯᠲᠡ ᠵᠢᠨ ᠪᠣᠯᠪᠠᠰᠤᠷᠠᠯ᠎ᠤᠨ ᠠᠩᠭᠢ ᠴᠧᠩ ᠴᠤᠸᠠᠨ ᠦᠨᠳᠦᠰᠦᠲᠡᠨ᠎ᠤ ᠺᠠᠳ᠋ᠷᠴᠤᠳ᠎ᠤᠨ ᠳᠡᠭᠡᠳᠦ ᠰᠤᠷᠭ᠋ᠠᠭᠤᠯᠢ᠎ᠳᠤ ᠡᠬᠢᠯᠡᠵᠡᠢ᠃
      ᠴᠧᠩ ᠴᠤᠸᠠᠨ ᠦᠨᠳᠦᠰᠦᠲᠡᠨ᠎ᠤ ᠺᠠᠳ᠋ᠷᠴᠤᠳ᠎ᠤᠨ ᠳᠡᠭᠡᠳᠦ ᠰᠤᠷᠭ᠋ᠠᠭᠤᠯᠢ᠎ᠨᠢ ᠥᠪᠥᠷ ᠮᠣᠩᠭᠣᠯ᠎ᠤᠨ ᠣᠷᠳᠣᠰ ᠬᠣᠲᠠ ᠵᠢᠨ ᠣᠲᠣᠭ᠎ᠤᠨ ᠡᠮᠦᠨᠡᠲᠦ ᠬᠣᠰᠢᠭᠤᠨ᠎ᠳᠤ ᠪᠠᠢ᠌ᠷᠢᠯᠠᠵᠤ᠂ 2017 ᠣᠨ᠎ᠤ 5 ᠳ᠋ᠤᠭ᠋ᠠᠷ ᠰᠠᠷ᠎ᠠ᠎ᠳᠤ ᠵᠥᠪᠰᠢᠶᠡᠷᠡᠭᠦᠯᠦᠨ ᠪᠠᠢ᠌ᠭᠤᠯᠤᠭᠰᠠᠨ᠎ᠠᠴᠠ ᠨᠠᠭ᠋ᠠᠰᠢ᠂ ᠲᠤᠰ ᠳᠡᠭᠡᠳᠦ ᠰᠤᠷᠭ᠋ᠠᠭᠤᠯᠢ᠎ᠨᠢ ᠬᠤᠪᠢᠰᠬᠠᠯ᠎ᠤᠨ ᠬᠠᠭᠤᠴᠢᠨ ᠣᠷᠣᠨ ᠵᠢᠴᠢ ᠶᠠᠨ ᠠᠨ᠎ᠤ ᠦᠨᠳᠦᠰᠦᠲᠡᠨ᠎ᠤ ᠳᠡᠭᠡᠳᠦ ᠰᠤᠷᠭ᠋ᠠᠭᠤᠯᠢ ᠵᠢᠨ ᠬᠤᠪᠢᠰᠬᠠᠯ᠎ᠤᠨ ᠤᠯᠠᠮᠵᠢᠯᠠᠯ ᠪᠠ ᠵᠣᠷᠢᠯᠲᠠ ᠵᠢ ᠵᠠᠯᠭ᠋ᠠᠮᠵᠢᠯᠠᠵᠤ᠂ 《ᠪᠦᠬᠦ ᠤᠯᠤᠰ᠎ᠲᠤ ᠬᠠᠨᠳᠤᠭᠤᠯᠤᠭᠰᠠᠨ ᠦᠨᠳᠦᠰᠦᠲᠡᠨ᠎ᠤ ᠺᠠᠳ᠋ᠷ᠎ᠤᠨ ᠬᠥᠮᠥᠵᠢᠯ᠎ᠤᠨ ᠰᠠᠭᠤᠷᠢᠨ ᠭᠠᠵᠠᠷ》 ᠪᠠ 《ᠪᠠᠷᠠᠭᠤᠨ ᠬᠡᠰᠡᠭ᠎ᠤᠨ ᠲᠡᠷᠢᠭᠦᠨ᠎ᠤ ᠨᠠᠮᠴᠢ ᠴᠢᠨᠠᠷ᠎ᠤᠨ ᠬᠥᠮᠥᠵᠢᠯ᠎ᠤᠨ ᠰᠠᠭᠤᠷᠢᠨ ᠭᠠᠵᠠᠷ》᠎ᠢ ᠪᠠᠢ᠌ᠭᠤᠯᠬᠤ ᠬᠥᠭᠵᠢᠯᠲᠡ ᠵᠢᠨ ᠪᠠᠢ᠌ᠷᠢ ᠲᠣᠭᠲᠠᠭ᠋ᠠᠯᠲᠠ ᠵᠢ ᠲᠣᠭᠲᠠᠭ᠋ᠠᠵᠤ᠂ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠬᠥᠮᠥᠵᠢᠯ᠂ ᠬᠤᠪᠢᠰᠬᠠᠯ᠎ᠤᠨ ᠤᠯᠠᠮᠵᠢᠯᠠᠯ᠎ᠤᠨ ᠬᠥᠮᠥᠵᠢᠯ᠂ ᠦᠨᠳᠦᠰᠦᠨ ᠤᠯᠤᠰ᠎ᠤᠨ ᠪᠠᠢ᠌ᠳᠠᠯ᠎ᠤᠨ ᠬᠥᠮᠥᠵᠢᠯ᠂ ᠨᠠᠮᠴᠢ ᠴᠢᠨᠠᠷ᠎ᠤᠨ ᠬᠡᠪ ᠪᠣᠯᠪᠠᠰᠤᠷᠠᠯ᠎ᠤᠨ ᠬᠥᠮᠥᠵᠢᠯ ᠵᠡᠷᠭᠡ ᠲᠠᠯ᠎ᠠ᠎ᠪᠠᠷ ᠬᠦᠴᠦᠯᠡᠨ ᠴᠢᠷᠮᠠᠢ᠌ᠵᠤ᠂ ᠨᠡᠢ᠌ᠭᠡᠮ᠎ᠤᠨ ᠡᠯ᠎ᠡ ᠡᠲᠡᠭᠡᠳ᠎ᠤᠨ᠎ᠬᠢᠨ᠎ᠤ ᠥᠷᠭᠡᠨ ᠳᠡᠯᠭᠡᠷ ᠰᠠᠢ᠌ᠰᠢᠶᠠᠯ ᠪᠠ ᠦᠨᠡᠯᠡᠯᠲᠡ ᠵᠢ ᠣᠯᠵᠤ ᠪᠠᠢ᠌ᠨ᠎ᠠ᠃
      ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠳᠡᠳ᠋ ᠳᠠᠷᠤᠭ᠎ᠠ ᠵᠠᠩ ᠬᠤᠢ ᠢᠦᠢ ᠠᠩᠭᠢ ᠡᠬᠢᠯᠡᠬᠦ ᠶᠣᠰᠣᠯᠠᠯ᠎ᠳᠤ ᠣᠷᠣᠯᠴᠠᠭᠰᠠᠨ᠎ᠤ ᠬᠠᠮᠲᠤ ᠳᠠᠢ᠌ᠴᠢᠯᠠᠯᠲᠠ ᠵᠢᠨ ᠶᠠᠷᠢᠶ᠎ᠠ ᠲᠠᠯᠪᠢᠪᠠ᠃ ᠲᠡᠷᠡ ᠵᠢᠭ᠋ᠠᠬᠤ᠎ᠳᠤ᠎ᠪᠠᠨ᠂ ᠲᠤᠰ ᠤᠳᠠᠭ᠋ᠠᠨ᠎ᠤ ᠪᠣᠯᠪᠠᠰᠤᠷᠠᠯ ᠪᠣᠯ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠠᠴᠠ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠪᠠ ᠰᠢ ᠵᠢᠨ ᠫᠢᠩ᠎ᠤᠨ ᠠᠮᠢ ᠠᠬᠤᠢ ᠵᠢᠨ ᠪᠣᠯᠪᠠᠰᠤᠨ᠎ᠤ ᠦᠵᠡᠯ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠤᠨ᠂ ᠪᠦᠬᠦ ᠤᠯᠤᠰ᠂ ᠪᠦᠬᠦ ᠣᠷᠣᠨ᠎ᠤ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠪᠦᠬᠦ ᠲᠠᠯ᠎ᠠ᠎ᠪᠠᠷ ᠰᠠᠢ᠌ᠲᠤᠷ ᠨᠠᠢ᠌ᠳᠠᠪᠤᠷᠢᠵᠢᠭᠤᠯᠤᠭᠰᠠᠨ ᠴᠢᠬᠤᠯᠠ ᠠᠷᠭ᠎ᠠ ᠬᠡᠮᠵᠢᠶ᠎ᠡ ᠪᠠᠢ᠌ᠵᠤ᠂ ᠠᠬᠠᠮᠠᠳ ᠨᠢᠭᠡ ᠦᠶ᠎ᠡ ᠵᠢᠨ ᠦᠭᠡᠢ᠌ᠭᠦᠦ ᠠᠩᠭᠢ ᠵᠢᠨ ᠬᠤᠪᠢᠰᠬᠠᠯᠴᠢᠳ᠎ᠤᠨ ᠬᠤᠪᠢᠰᠬᠠᠯ᠎ᠤᠨ ᠵᠣᠷᠢᠭ ᠰᠠᠨᠠᠭ᠎ᠠ ᠵᠢ ᠵᠠᠯᠭ᠋ᠠᠮᠵᠢᠯᠠᠨ ᠪᠠᠳᠠᠷᠠᠭᠤᠯᠵᠤ᠂ ᠬᠤᠪᠢᠰᠬᠠᠯ᠎ᠤᠨ ᠵᠣᠷᠢᠯᠲᠠ ᠪᠠ ᠰᠢᠯᠢᠳᠡᠭ ᠤᠯᠠᠮᠵᠢᠯᠠᠯ᠎ᠢ ᠵᠠᠯᠭ᠋ᠠᠮᠵᠢᠯᠠᠨ ᠬᠥᠭᠵᠢᠭᠦᠯᠵᠦ᠂ ᠪᠣᠬᠢᠷᠲᠤᠯ ᠦᠭᠡᠢ ᠬᠥᠭᠵᠢᠯᠲᠡ ᠵᠢ ᠬᠥᠲᠥᠯᠥᠨ ᠳᠠᠭ᠋ᠠᠭᠤᠯᠵᠤ᠂ ᠠᠩᠬᠠᠨ᠎ᠤ ᠵᠣᠷᠢᠯᠲᠠ᠎ᠪᠠᠨ ᠥᠯᠥ ᠮᠠᠷᠲᠠᠨ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠂ ᠨᠠᠮᠴᠢ ᠴᠢᠨᠠᠷ᠎ᠤᠨ ᠬᠡᠪ ᠪᠣᠯᠪᠠᠰᠤᠷᠠᠯ ᠵᠶ᠋ᠠᠨ ᠤᠯᠠᠮ ᠨᠢᠭᠡ ᠠᠯᠬᠤᠮ ᠳᠠᠪᠲᠠᠨ ᠪᠣᠯᠪᠠᠰᠤᠷᠠᠭᠤᠯᠵᠤ᠂ ᠵᠣᠷᠢᠯᠲᠠ ᠵᠢᠨ ᠦᠵᠡᠯ ᠤᠬᠠᠮᠰᠠᠷ ᠵᠶ᠋ᠠᠨ ᠴᠢᠩᠭ᠋ᠠᠷᠠᠭᠤᠯᠤᠨ᠂ ᠬᠦᠰᠡᠯᠡᠩ ᠢᠲᠡᠭᠡᠯ ᠵᠣᠷᠢᠭ ᠵᠶ᠋ᠠᠨ ᠪᠠᠲᠤᠳᠬᠠᠵᠤ᠂ ᠨᠠᠮ᠎ᠤᠨ ᠡᠭᠦᠷ᠎ᠤᠨ ᠱᠦᠵᠢ ᠵᠢᠨ ᠠᠵᠢᠯ ᠵᠶ᠋ᠠᠨ ᠭᠦᠢ᠍ᠴᠡᠳᠬᠡᠵᠦ ᠠᠳᠠᠯ ᠦᠢ᠍ᠯᠡᠰ ᠴᠣᠭᠴᠠᠯᠠᠬᠤ ᠬᠠᠷᠢᠭᠤᠴᠠᠯᠭ᠋ᠠᠲᠤ ᠣᠪᠣᠷ᠂ ᠡᠭᠦᠷᠭᠡᠲᠦ ᠰᠡᠳᠬᠢᠯᠭᠡ ᠵᠢ᠎ᠨᠢ ᠴᠢᠩᠭ᠋ᠠᠷᠠᠭᠤᠯᠵᠤ᠂ ᠠᠮᠢ ᠠᠬᠤᠢ ᠣᠷᠴᠢᠨ ᠲᠣᠭᠣᠷᠢᠨ᠎ᠤ ᠰᠢᠰᠲ᠋ᠧᠮ᠎ᠤᠨ᠎ᠬᠢᠨ᠎ᠤ ᠪᠠᠢ᠌ᠭᠤᠯᠭ᠎ᠠ ᠵᠢᠨ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠰᠢᠨ᠎ᠡ ᠵᠢ ᠡᠭᠦᠳᠦᠨ ᠬᠥᠭᠵᠢᠬᠦ ᠵᠢ ᠠᠬᠢᠭᠤᠯᠬᠤ᠎ᠪᠠᠷ ᠵᠣᠷᠢᠯᠲᠠ᠎ᠪᠠᠨ ᠪᠣᠯᠭ᠋ᠠᠪᠠ ᠭᠡᠵᠡᠢ᠃
      ᠵᠠᠩ ᠬᠤᠢ ᠢᠦᠢ ᠱᠠᠭ᠋ᠠᠷᠳᠠᠬᠤ᠎ᠳᠤ᠎ᠪᠠᠨ᠂ ᠦᠨᠳᠦᠰᠦᠨ ᠱᠠᠲᠤᠨ᠎ᠤ ᠨᠠᠮ᠎ᠤᠨ ᠪᠠᠢ᠌ᠭᠤᠯᠤᠯᠲᠠ ᠵᠢᠨ ᠠᠵᠢᠯ᠎ᠢ ᠴᠢᠩᠭ᠋ᠠᠳᠬᠠᠬᠤ᠎ᠳᠤ᠂ ᠴᠠᠭ᠎ᠤᠨ ᠪᠠᠢ᠌ᠳᠠᠯ ᠪᠠ ᠡᠭᠦᠷᠭᠡ ᠵᠢ ᠣᠨᠣᠪᠴᠢᠲᠠᠢ ᠡᠵᠡᠮᠳᠡᠨ᠂ ᠦᠨᠳᠦᠰᠦᠨ ᠱᠠᠲᠤᠨ᠎ᠤ ᠨᠠᠮ᠎ᠤᠨ ᠪᠠᠢ᠌ᠭᠤᠯᠤᠯᠲᠠ ᠵᠢᠨ ᠠᠵᠢᠯ᠎ᠢ ᠰᠠᠢ᠌ᠲᠤᠷ ᠬᠢᠬᠦ ᠬᠠᠷᠢᠭᠤᠴᠠᠯᠭ᠋ᠠᠲᠤ ᠣᠪᠣᠷ ᠪᠠ ᠡᠭᠦᠷᠭᠡᠲᠦ ᠰᠡᠳᠬᠢᠯᠭᠡ᠎ᠪᠠᠨ ᠦᠨᠡᠨ ᠬᠦ᠌ ᠴᠢᠩᠭ᠋ᠠᠷᠠᠭᠤᠯᠬᠤ ᠬᠡᠷᠡᠭᠲᠡᠢ; ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠬᠤ ᠱᠠᠭ᠋ᠠᠷᠳᠠᠯᠭ᠎ᠠ ᠵᠢ ᠨᠠᠢ᠌ᠳᠠᠪᠤᠷᠢᠵᠢᠭᠤᠯᠵᠤ᠂ ᠦᠨᠳᠦᠰᠦᠨ ᠱᠠᠲᠤᠨ᠎ᠤ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠠᠮᠢᠳᠤ ᠬᠦᠴᠦᠨ ᠪᠠ ᠪᠣᠳᠠᠲᠤ ᠦᠷ᠎ᠡ ᠪᠦᠲᠦᠮᠵᠢ ᠵᠢ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ; ᠲᠤᠰ ᠪᠡᠶ᠎ᠡ ᠵᠢᠨ ᠪᠠᠢ᠌ᠭᠤᠯᠤᠯᠲᠠ᠎ᠪᠠᠨ ᠴᠢᠩᠭ᠋ᠠᠳᠬᠠᠵᠤ᠂ ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠬᠤ ᠦᠢ᠍ᠯᠡᠳᠦᠯᠭᠡᠵᠢᠭᠦᠯᠦᠭᠴᠢ ᠪᠠ ᠠᠬᠢᠭᠤᠯᠤᠭᠴᠢ ᠪᠣᠯᠬᠤ᠎ᠪᠠᠷ ᠴᠢᠷᠮᠠᠢ᠌ᠬᠤ ᠬᠡᠷᠡᠭᠲᠡᠢ᠃ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠠᠴᠠ ᠲᠤᠰ ᠤᠳᠠᠭ᠋ᠠᠨ᠎ᠤ ᠪᠣᠯᠪᠠᠰᠤᠷᠠᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ᠂ ᠪᠣᠯᠪᠠᠰᠤᠷᠠᠯ᠎ᠳᠤ ᠣᠷᠣᠯᠴᠠᠭᠰᠠᠨ ᠺᠠᠳ᠋ᠷᠴᠤᠳ ᠡᠨᠡ ᠬᠦ᠌ ᠰᠤᠷᠤᠯᠴᠠᠬᠤ ᠠᠵᠠ ᠲᠣᠬᠢᠶᠠᠯ᠎ᠢ ᠨᠠᠨᠳᠢᠩᠨᠠᠨ᠂ ᠰᠠᠢ᠌ᠨ ᠰᠠᠢ᠌ᠬᠠᠨ ᠦᠷ᠎ᠡ ᠪᠦᠲᠦᠮᠵᠢ ᠣᠯᠬᠤ᠎ᠪᠠᠷ ᠴᠢᠷᠮᠠᠢ᠌ᠵᠤ᠂ ᠰᠤᠷᠤᠯᠴᠠᠪᠠᠯ ᠣᠯᠣᠯᠲᠠ ᠲᠥᠷᠥᠭᠳᠡᠯ᠎ᠲᠠᠢ᠂ ᠰᠤᠷᠤᠯᠴᠠᠬᠤ᠎ᠨᠢ ᠬᠡᠷᠡᠭᠯᠡᠬᠦ ᠵᠢᠨ ᠲᠥᠯᠥᠭᠡ ᠪᠠᠢ᠌ᠬᠤ ᠵᠢ ᠪᠠᠲᠤᠯᠠᠵᠤ᠂ ᠨᠠᠮ᠎ᠤᠨ ᠶᠠᠪᠤᠳᠠᠯ᠎ᠤᠨ ᠬᠢᠷᠢ ᠲᠦᠪᠰᠢᠨ ᠵᠶ᠋ᠡᠨ ᠦᠨᠡᠨ ᠬᠦ᠌ ᠳᠡᠭᠡᠭᠰᠢᠯᠡᠭᠦᠯᠦᠨ᠂ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠳᠠᠬᠢᠨ ᠰᠢᠨ᠎ᠡ ᠳᠡᠭᠲᠡᠷ᠎ᠲᠤ ᠭᠠᠷᠬᠤ ᠵᠢ ᠠᠬᠢᠭᠤᠯᠬᠤ ᠬᠡᠷᠡᠭᠲᠡᠢ ᠭᠡᠵᠡᠢ᠃
      ᠠᠩᠭᠢ ᠡᠬᠢᠯᠡᠬᠦ ᠶᠣᠰᠣᠯᠠᠯ ᠳᠡᠭᠡᠷ᠎ᠡ᠂ ᠪᠦᠬᠦ ᠣᠷᠣᠯᠴᠠᠭᠴᠢ᠎ᠠᠴᠠ 《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠰᠦᠯᠳᠡ ᠳᠠᠭᠤᠤ》 ᠵᠢ ᠳᠠᠭᠤᠯᠠᠭᠰᠠᠨ᠎ᠤ ᠬᠠᠮᠲᠤ ᠰᠤᠷᠭ᠋ᠠᠭᠤᠯᠢ᠎ᠳᠤ ᠣᠷᠣᠬᠤ ᠲᠠᠩᠭ᠋ᠠᠷᠢᠭᠯᠠᠯ ᠬᠢᠵᠦ᠂ ᠴᠧᠩ ᠴᠤᠸᠠᠨ ᠦᠨᠳᠦᠰᠦᠲᠡᠨ᠎ᠤ ᠺᠠᠳ᠋ᠷᠴᠤᠳ᠎ᠤᠨ ᠳᠡᠭᠡᠳᠦ ᠰᠤᠷᠭ᠋ᠠᠭᠤᠯᠢ ᠵᠢᠨ ᠳᠡᠳ᠋ ᠵᠠᠬᠢᠷᠤᠯ ᠲᠠᠩ ᠳᠠᠯᠠᠢ ᠣᠷᠣᠯᠴᠠᠭᠴᠢᠳ᠎ᠤᠨ ᠲᠥᠯᠥᠭᠡᠯᠡᠭᠴᠢ᠎ᠳᠤ ᠠᠩᠭᠢ ᠵᠢᠨ ᠲᠤᠭ ᠭᠠᠷᠳᠠᠭᠤᠯᠵᠠᠢ᠃
      ᠪᠣᠯᠪᠠᠰᠤᠷᠠᠯ᠎ᠤᠨ ᠬᠤᠭᠤᠴᠠᠭ᠋ᠠᠨ᠎ᠳᠤ᠂ ᠪᠦᠬᠦ ᠣᠷᠣᠯᠴᠠᠭᠴᠢ᠎ᠠᠴᠠ ᠤᠷᠢᠳ ᠬᠣᠵᠢᠳ ᠶᠠᠨ ᠠᠨ᠎ᠤ ᠦᠨᠳᠦᠰᠦᠲᠡᠨ᠎ᠤ ᠳᠡᠭᠡᠳᠦ ᠰᠤᠷᠭ᠋ᠠᠭᠤᠯᠢ ᠵᠢᠨ ᠴᠧᠩ ᠴᠤᠸᠠᠨ᠎ᠳᠠᠬᠢ ᠳᠤᠷᠠᠰᠬᠠᠯ᠎ᠤᠨ ᠣᠷᠳᠣᠨ᠂ ᠦᠨᠳᠦᠰᠦᠲᠡᠨ᠎ᠤ ᠪᠦᠯᠬᠦᠮᠳᠡᠯ᠎ᠤᠨ ᠲᠠᠯᠠᠪᠠᠢ᠂ ᠴᠧᠩ ᠴᠤᠸᠠᠨ᠎ᠤ ᠬᠤᠪᠢᠰᠬᠠᠯ᠎ᠤᠨ ᠣᠯᠠᠨ ᠤᠯᠤᠰ᠎ᠤᠨ ᠨᠢᠭᠤᠴᠠ ᠵᠠᠮ ᠬᠠᠷᠢᠯᠴᠠᠭ᠋ᠠᠨ᠎ᠤ ᠥᠷᠲᠡᠭᠡ ᠵᠢᠨ ᠦᠵᠡᠭᠦᠯᠭᠡ ᠵᠢᠨ ᠣᠷᠳᠣᠨ᠂ ᠸᠠᠩ ᠵᠧᠨ ᠵᠢᠩ᠎ᠤᠨ ᠳᠤᠷᠠᠰᠬᠠᠯ᠎ᠤᠨ ᠬᠦᠷᠢᠶᠡᠯᠡᠩ ᠵᠡᠷᠭᠡ ᠭᠠᠵᠠᠷ ᠵᠶ᠋ᠠᠷ ᠲᠣᠭᠣᠷᠢᠨ ᠰᠤᠷᠤᠯᠴᠠᠵᠤ᠂ ᠯᠠ ᠵᠢᠨ ᠭᠡᠷᠡᠯ ᠳᠣᠣᠷ᠎ᠠ 《ᠬᠠᠭᠤᠴᠢᠨ ᠭᠤᠷᠪᠠᠨ ᠵᠣᠬᠢᠶᠠᠯ》᠎ᠢ ᠳᠠᠪᠲᠠᠨ ᠰᠤᠷᠤᠯᠴᠠᠭᠰᠠᠨ᠎ᠤ ᠬᠠᠮᠲᠤ ᠬᠠᠭᠤᠯᠤᠨ ᠪᠢᠴᠢᠵᠦ᠂ ᠠᠬᠠᠮᠠᠳ ᠨᠢᠭᠡ ᠦᠶ᠎ᠡ ᠵᠢᠨ ᠦᠭᠡᠢ᠌ᠭᠦᠦ ᠠᠩᠭᠢ ᠵᠢᠨ ᠬᠤᠪᠢᠰᠬᠠᠯᠴᠢᠳ᠎ᠤᠨ ᠲᠤᠢ᠌ᠯ᠎ᠤᠨ ᠰᠢᠷᠭ᠋ᠠᠭᠤ ᠬᠠᠲᠠᠭᠤᠵᠢᠯᠲᠠᠢ ᠪᠥᠭᠡᠳ ᠭᠡᠷᠡᠯ ᠰᠠᠴᠤᠷᠠᠩᠭᠤᠢ ᠲᠡᠦᠬᠡᠨ ᠥᠩᠭᠡᠷᠡᠯᠲᠡ ᠵᠢ ᠪᠡᠶᠡᠴᠢᠯᠡᠨ ᠣᠢ᠌ᠯᠭ᠋ᠠᠭᠰᠠᠨ ᠪᠠ ᠤᠬᠠᠨ ᠮᠡᠳᠡᠷᠡᠵᠦ᠂ ᠨᠠᠮ᠎ᠤᠨ ᠶᠡᠷᠦᠩᠬᠡᠢ ᠡᠭᠦᠷ (ᠨᠠᠮ᠎ᠤᠨ ᠡᠭᠦᠷ)᠎ᠤᠨ ᠱᠦᠵᠢ ᠵᠢᠨ ᠬᠦᠰᠡᠯᠡᠩ ᠢᠲᠡᠭᠡᠯ ᠵᠣᠷᠢᠭ ᠵᠶ᠋ᠡᠨ ᠤᠯᠠᠨ ᠨᠢᠭᠡ ᠠᠯᠬᠤᠮ ᠪᠠᠲᠤᠳᠬᠠᠵᠠᠢ᠃ ᠣᠯᠠᠨ ᠵᠶ᠋ᠠᠷ ᠵᠶ᠋ᠠᠨ᠂ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠮᠵᠢ ᠪᠣᠯᠭ᠋ᠠᠵᠤ᠂ ᠥᠷᠭᠡᠨ ᠣᠯᠠᠨ ᠨᠠᠮ᠎ᠤᠨ ᠭᠡᠰᠢᠭᠦᠨ ᠺᠠᠳ᠋ᠷ᠎ᠢ ᠬᠥᠲᠥᠯᠥᠨ ᠵᠢᠯᠣᠭᠣᠳᠴᠤ 《ᠳᠥᠷᠪᠡᠨ ᠵᠦᠢ᠍ᠯ᠎ᠤᠨ ᠦᠵᠡᠯ ᠤᠬᠠᠮᠰᠠᠷ》᠎ᠢ ᠯᠠᠪᠳᠠᠭᠤᠨ ᠪᠠᠲᠤᠲᠠᠢ ᠪᠣᠢ ᠪᠣᠯᠭ᠋ᠠᠵᠤ᠂ 《ᠬᠣᠶᠠᠷ᠎ᠢ ᠬᠠᠮᠠᠭ᠋ᠠᠯᠠᠬᠤ》 ᠵᠢ ᠭᠦᠢ᠍ᠴᠡᠳᠬᠡᠨ᠂ 《ᠳᠥᠷᠪᠡᠨ ᠵᠦᠢ᠍ᠯ᠎ᠤᠨ ᠢᠲᠡᠭᠡᠯ》᠎ᠢ ᠪᠠᠲᠤᠳᠬᠠᠵᠤ᠂ ᠬᠤᠪᠢᠰᠬᠠᠯ᠎ᠤᠨ ᠵᠣᠷᠢᠭ ᠰᠠᠨᠠᠭ᠎ᠠ᠎ᠪᠠᠷ ᠲᠡᠮᠡᠴᠡᠯ᠎ᠤᠨ   ᠬᠠᠷᠠᠯᠲᠠ   ᠪᠣᠯᠭ᠋ᠠᠨ᠂ ᠬᠤᠪᠢᠰᠬᠠᠯ᠎ᠤᠨ   ᠦᠷᠡᠭᠳᠡᠭᠰᠡᠨ ᠪᠠᠭ᠋ᠠᠲᠤᠷᠴᠤᠳ ᠵᠶ᠋ᠠᠷ ᠬᠡᠪ ᠳᠠᠭᠤᠷᠢᠶᠠᠯ ᠪᠣᠯᠭ᠋ᠠᠵᠤ᠂ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠂ ᠬᠦᠴᠢᠷ᠎ᠢ ᠳᠠᠪᠠᠨ ᠰᠢᠪᠲᠤᠯᠤᠯᠲᠠ ᠬᠢᠵᠦ᠂ ᠲᠥᠪ ᠪᠠ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠰᠢᠢ᠍ᠳᠪᠦᠷᠢᠲᠦ ᠪᠣᠳᠣᠯᠭ᠎ᠠ ᠵᠢᠨ ᠪᠠᠢ᠌ᠷᠢᠯᠠᠭᠤᠯᠤᠯᠲᠠ ᠵᠢ ᠲᠡᠷᠡ ᠶᠣᠰᠣᠭ᠋ᠠᠷ᠎ᠨᠢ ᠨᠠᠢ᠌ᠳᠠᠪᠤᠷᠢᠵᠢᠭᠤᠯᠵᠤ᠂ ᠪᠣᠬᠢᠷᠲᠤᠯ᠎ᠢ ᠰᠡᠷᠭᠡᠢ᠌ᠯᠡᠨ ᠵᠠᠰᠠᠬᠤ ᠰᠢᠪᠲᠤᠯᠤᠯᠲᠠ ᠵᠢᠨ ᠳᠠᠢ᠌ᠯᠠᠯᠳᠤᠭ᠋ᠠᠨ᠎ᠢ ᠡᠷᠡᠰ ᠰᠢᠭᠤᠷᠬᠠᠢ᠎ᠪᠠᠷ ᠰᠠᠢ᠌ᠲᠤᠷ ᠬᠢᠵᠦ ᠢᠯᠠᠯᠲᠠ ᠣᠯᠣᠨ᠂ ᠪᠣᠳᠠᠲᠤ ᠦᠢ᠍ᠯᠡ ᠠᠵᠢᠯᠯᠠᠭ᠎ᠠ᠎ᠪᠠᠷ ᠵᠶ᠋ᠠᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠡᠮᠦᠷ ᠴᠡᠷᠢᠭ᠎ᠤᠨ ᠰᠠᠢ᠌ᠨ ᠰᠠᠢ᠌ᠬᠠᠨ ᠳᠦᠷᠢ ᠲᠥᠷᠬᠦ ᠵᠢ ᠪᠣᠢ ᠪᠣᠯᠭ᠋ᠠᠵᠤ᠂ ᠦᠨᠳᠦᠰᠦᠨ ᠱᠠᠲᠤᠨ᠎ᠤ ᠨᠠᠮ᠎ᠤᠨ ᠪᠠᠢ᠌ᠭᠤᠯᠤᠯᠲᠠ ᠵᠢᠨ ᠪᠣᠳᠠᠲᠤ ᠦᠷ᠎ᠡ ᠪᠦᠲᠦᠮᠵᠢ᠎ᠪᠠᠷ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠦᠢ᠍ᠯᠡᠰ᠎ᠤᠨ ᠰᠢᠨ᠎ᠡ ᠵᠢ ᠡᠭᠦᠳᠦᠨ ᠬᠥᠭᠵᠢᠬᠦ ᠵᠢ ᠠᠬᠢᠭᠤᠯᠵᠤ᠂ ᠥᠪᠥᠷ ᠮᠣᠩᠭᠣᠯ ᠵᠶ᠋ᠠᠨ ᠡᠬᠡ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠬᠠᠯᠬᠠᠪᠴᠢ ᠪᠣᠯᠭ᠋ᠠᠨ ᠪᠦᠲᠦᠭᠡᠨ ᠪᠠᠢ᠌ᠭᠤᠯᠵᠤ᠂ ᠡᠬᠡ ᠤᠯᠤᠰ᠎ᠤᠨ ᠤᠮᠠᠷᠠᠲᠤ ᠬᠢᠵᠠᠭ᠋ᠠᠷ᠎ᠤᠨ ᠲᠦᠮᠡᠨ ᠭᠠᠵᠠᠷ᠎ᠤᠨ ᠨᠣᠮᠢᠨ ᠨᠣᠭᠣᠭ᠋ᠠᠨ ᠤᠷᠲᠤ ᠴᠠᠭ᠋ᠠᠨ ᠬᠡᠷᠡᠮ᠎ᠢ ᠴᠣᠭᠴᠠᠯᠠᠨ ᠪᠠᠢ᠌ᠭᠤᠯᠬᠤ᠎ᠳᠤ ᠪᠠᠲᠤ ᠴᠢᠩᠭ᠎ᠠ ᠵᠣᠬᠢᠶᠠᠨ ᠪᠠᠢ᠌ᠭᠤᠯᠤᠯᠲᠠ ᠵᠢᠨ ᠪᠠᠲᠤᠯᠠᠭ᠎ᠠ ᠬᠠᠩᠭ᠋ᠠᠬᠤ᠎ᠪᠠᠷ ᠴᠢᠷᠮᠠᠢ᠌ᠨ᠎ᠠ ᠭᠡᠵᠦ ᠵᠠᠯᠭ᠋ᠠᠭ᠎ᠠ ᠵᠠᠯᠭ᠋ᠠᠭ᠎ᠠ᠎ᠪᠠᠷ ᠢᠯᠡᠷᠬᠡᠢ᠌ᠯᠡᠵᠡᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠲᠦᠩᠯᠢᠶᠣᠣ ᠬᠣᠲᠠ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠣᠪᠴᠢᠶ᠎ᠠ ᠪᠣᠬᠢᠷᠲᠤᠯ ᠦᠭᠡᠢ᠎ᠪᠠᠷ ᠬᠥᠭᠵᠢᠭᠦᠯᠬᠦ ᠵᠢ ᠪᠠᠷᠢᠮᠲᠠᠯᠠᠵᠤ ᠲᠦᠩᠯᠢᠶᠣᠣ ᠵᠢᠨ ᠨᠣᠮᠢᠨ ᠤᠰᠤ ᠬᠥᠬᠡ ᠣᠭᠲᠠᠷᠭᠤᠢ ᠵᠢ ᠬᠠᠮᠠᠭ᠋ᠠᠯᠠᠵᠤ ᠪᠠᠢ᠌ᠨ᠎ᠠ
ᠬᠥᠯᠥᠨ ᠪᠣᠢ᠌ᠷ ᠬᠣᠲᠠ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠣᠪᠴᠢᠶ᠎ᠠ 《ᠭᠤᠷᠪᠠᠨ ᠵᠦᠢ᠍ᠯ᠎ᠤᠨ ᠠᠷᠭ᠎ᠠ ᠠᠪᠴᠢᠯ》᠎ᠢ ᠬᠡᠷᠡᠭᠯᠡᠵᠦ ᠪᠠᠢ᠌ᠭᠤᠯᠭ᠎ᠠ ᠵᠢᠨ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠰᠢᠨᠵᠢᠯᠡᠬᠦ ᠤᠬᠠᠭ᠋ᠠᠨᠴᠢ ᠬᠢᠷᠢ ᠲᠦᠪᠰᠢᠨ ᠵᠶ᠋ᠡᠨ ᠪᠦᠬᠦ ᠲᠠᠯ᠎ᠠ᠎ᠪᠠᠷ ᠳᠡᠭᠡᠭᠰᠢᠯᠡᠭᠦᠯᠪᠡ
ᠬᠢᠩᠭ᠋ᠠᠨ ᠠᠢ᠌ᠮᠠᠭ ᠪᠦᠬᠦ ᠠᠢ᠌ᠮᠠᠭ᠎ᠤᠨ ᠬᠣᠶᠠᠷ ᠱᠠᠲᠤᠨ᠎ᠤ ᠰᠢᠭᠦᠬᠦ ᠬᠣᠷᠢᠶ᠎ᠠ ᠵᠢᠨ ᠣᠷᠴᠢᠨ ᠲᠣᠭᠣᠷᠢᠨ᠎ᠤ ᠡᠬᠢ ᠪᠠᠶᠠᠯᠢᠭ᠎ᠲᠤ ᠬᠣᠯᠪᠣᠭᠳᠠᠬᠤ ᠬᠡᠷᠡᠭ᠎ᠤᠨ ᠰᠢᠭᠦᠨ ᠲᠠᠰᠤᠯᠤᠭᠰᠠᠨ ᠠᠵᠢᠯ᠎ᠤᠨ ᠦᠨᠳᠦᠰᠦᠨ ᠪᠠᠢ᠌ᠳᠠᠯ᠎ᠢ ᠵᠠᠷᠯᠠᠨ ᠮᠡᠳᠡᠭᠡᠯᠡᠪᠡ
《ᠰᠠᠴᠤᠷᠠᠭ᠎ᠤᠨ ᠡᠨᠳᠡᠯ᠎ᠤᠨ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠰᠣᠷᠢᠯᠲᠠ ᠵᠢᠨ ᠠᠬᠤᠢ ᠪᠠᠢ᠌ᠳᠠᠯ᠎ᠤᠨ ᠬᠡᠷᠡᠭ᠎ᠤᠨ ᠵᠢᠱ᠌ᠢᠶ᠎ᠡ ᠵᠢᠨ ᠬᠥᠮᠥᠷᠭᠡ》 ᠵᠢ ᠨᠠᠢ᠌ᠷᠠᠭᠤᠯᠤᠨ ᠵᠣᠬᠢᠶᠠᠵᠤ ᠨᠣᠣᠷᠠᠭ ᠲᠣᠭᠲᠠᠭ᠋ᠠᠬᠤ ᠬᠤᠷᠠᠯ ᠪᠤᠭᠤᠲᠤ᠎ᠳᠤ ᠤᠷᠤᠭᠰᠢᠲᠠᠢ ᠶᠠᠪᠤᠭᠳᠠᠪᠠ
ᠤᠯᠠᠭ᠋ᠠᠨᠬᠠᠳᠠ ᠬᠣᠲᠠ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠣᠪᠴᠢᠶ᠎ᠠ ᠵᠢᠨ ᠵᠠᠰᠠᠭ᠎ᠢ ᠴᠣᠮᠬᠠᠳᠬᠠᠨ ᠡᠷᠬᠡ ᠵᠢ ᠲᠠᠯᠪᠢᠬᠤ ᠠᠵᠢᠯ᠎ᠨᠢ ᠢᠯᠡᠳᠲᠡ ᠦᠷ᠎ᠡ ᠪᠦᠲᠦᠮᠵᠢ ᠣᠯᠪᠠ
 
             蒙ICP备05000248号