ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠣᠷᠣᠨ᠎ᠤ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠤᠨ ᠣᠢ ᠵᠢ ᠪᠡᠯᠭᠡᠯᠡᠬᠦ ᠲᠤᠰᠬᠠᠢ ᠰᠡᠳᠦᠪᠲᠦ ᠨᠠᠮ᠎ᠤᠨ ᠬᠢᠴᠢᠶᠡᠯ᠎ᠤᠨ ᠮᠡᠳᠡᠭᠦᠯᠦᠯᠲᠡ ᠵᠢᠨ ᠶᠡᠬᠡ ᠬᠤᠷᠠᠯ᠎ᠢ ᠬᠤᠷᠠᠯᠳᠤᠭᠤᠯᠪᠠ
ᠨᠡᠶ᠋ᠢᠲᠡᠯᠡᠭᠰᠡᠨ ᠴᠠᠭ᠄ 2018-12-25

     12 ᠳ᠋ᠤᠭ᠋ᠠᠷ ᠰᠠᠷ᠎ᠠ ᠵᠢᠨ 17᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠤᠨ ᠣᠢ ᠵᠢ ᠪᠡᠯᠭᠡᠯᠡᠬᠦ ᠲᠤᠰᠬᠠᠢ ᠰᠡᠳᠦᠪᠲᠦ ᠨᠠᠮ᠎ᠤᠨ ᠬᠢᠴᠢᠶᠡᠯ᠎ᠤᠨ ᠮᠡᠳᠡᠭᠦᠯᠦᠯᠲᠡ ᠵᠢᠨ ᠶᠡᠬᠡ ᠬᠤᠷᠠᠯ᠎ᠢ ᠬᠤᠷᠠᠯᠳᠤᠭᠤᠯᠪᠠ᠃ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠰᠢᠶᠠᠩ ᠳ᠋ᠦᠩ 《ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠤᠨ ᠣᠢ ᠵᠢ ᠪᠡᠯᠭᠡᠯᠡᠶ᠎ᠡ》 ᠭᠡᠬᠦ ᠰᠡᠳᠦᠪ᠎ᠤᠨ ᠲᠣᠭᠣᠷᠢᠨ᠎ᠳᠤ ᠲᠤᠰᠬᠠᠢ ᠰᠡᠳᠦᠪᠲᠦ ᠨᠠᠮ᠎ᠤᠨ ᠬᠢᠴᠢᠶᠡᠯ᠎ᠤᠨ ᠮᠡᠳᠡᠭᠦᠯᠦᠯᠲᠡ ᠬᠢᠵᠡᠢ᠃
      ᠰᠢᠶᠠᠩ ᠳ᠋ᠦᠩ 1978 ᠣᠨ᠎ᠠᠴᠠ ᠨᠠᠭ᠋ᠠᠰᠢᠬᠢ ᠴᠢᠬᠤᠯᠠ ᠶᠡᠬᠡ ᠲᠡᠦᠬᠡᠨ ᠬᠡᠷᠡᠭ ᠪᠠ ᠴᠢᠬᠤᠯᠠ ᠲᠡᠦᠬᠡ ᠵᠢᠨ ᠴᠠᠭ ᠪᠠ ᠵᠠᠩᠭᠢᠯᠠᠭ᠎ᠠ ᠵᠢ ᠡᠷᠭᠢᠴᠡᠭᠦᠯᠵᠦ᠂ ᠨᠣᠮ ᠪᠢᠴᠢᠭ᠎ᠠᠴᠠ ᠡᠰᠢ ᠵᠢᠱ᠌ᠢᠶ᠎ᠡ ᠲᠠᠲᠠᠨ᠂ ᠡᠰᠢ ᠪᠠᠷᠢᠮᠲᠠ ᠵᠢ ᠥᠷᠭᠡᠨ ᠵᠶ᠋ᠡᠷ ᠠᠰᠢᠭᠯᠠᠵᠤ᠂ ᠥᠪᠡᠷ᠎ᠤᠨ ᠥᠩᠭᠡᠷᠡᠯᠲᠡ᠎ᠲᠠᠢ᠎ᠪᠠᠨ ᠤᠶᠠᠯᠳᠤᠭᠤᠯᠬᠤ᠎ᠪᠠᠷ ᠳᠠᠮᠵᠢᠭᠤᠯᠵᠤ᠂ ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠤᠨ ᠲᠤᠷᠰᠢᠬᠢ ᠬᠥᠭᠵᠢᠯᠲᠡ ᠵᠢᠨ ᠶᠠᠪᠤᠴᠠ ᠵᠢ ᠲᠠᠨᠢᠯᠴᠠᠭᠤᠯᠵᠤ᠂ ᠮᠠᠨ᠎ᠤ ᠤᠯᠤᠰ᠎ᠤᠨ ᠤᠯᠤᠰ ᠲᠥᠷᠥ᠂ ᠠᠵᠤ ᠠᠬᠤᠢ᠂ ᠨᠡᠢ᠌ᠭᠡᠮ᠂ ᠰᠣᠶᠣᠯ᠂ ᠠᠮᠢ ᠠᠬᠤᠢ ᠵᠡᠷᠭᠡ ᠬᠦᠷᠢᠶ᠎ᠡ ᠴᠠᠷᠠᠭ᠋ᠠᠨ᠎ᠳᠤ ᠡᠭᠦᠰᠦᠭᠰᠡᠨ ᠯᠤᠲᠤ ᠶᠡᠬᠡ ᠬᠤᠪᠢᠷᠠᠯᠲᠠ ᠵᠢ ᠲᠠᠢ᠌ᠯᠪᠤᠷᠢᠯᠠᠨ ᠥᠭᠦᠯᠡᠵᠡᠢ᠃
      ᠰᠢᠶᠠᠩ ᠳ᠋ᠦᠩ ᠵᠢᠭ᠋ᠠᠬᠤ᠎ᠳᠤ᠎ᠪᠠᠨ᠂ ᠪᠢᠳᠡ ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠤᠨ ᠣᠢ ᠵᠢ ᠳᠤᠷᠠᠰᠬᠠᠬᠤ᠎ᠳᠤ᠎ᠪᠠᠨ᠂ ᠲᠡᠦᠬᠡ ᠵᠢᠨ ᠥᠨᠳᠥᠷᠴᠡ᠎ᠳᠤ ᠵᠣᠭᠰᠣᠨ ᠲᠡᠦᠬᠡ ᠵᠢ ᠪᠠᠷᠠᠯᠠᠵᠤ᠂ ᠬᠠᠮᠢᠭ᠎ᠠ᠎ᠠᠴᠠ ᠢᠷᠡᠭᠰᠡᠨ᠎ᠠᠴᠠ ᠥᠯᠥ ᠮᠠᠷᠲᠠᠨ᠂ ᠣᠳᠣ ᠬᠠᠮᠢᠭ᠎ᠠ ᠪᠠᠢ᠌ᠬᠤ᠂ ᠢᠷᠡᠭᠡᠳᠦᠢ᠎ᠳᠤ ᠬᠠᠮᠢᠭ᠎ᠠ ᠣᠴᠢᠬᠤ᠎ᠪᠠᠨ ᠮᠡᠳᠡᠪᠡᠯ ᠰᠠᠶᠢ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠨ᠂ ᠳᠤᠮᠳᠠᠳᠤ ᠤᠯᠤᠰ᠎ᠤᠨ ᠬᠦᠰᠡᠯ ᠵᠡᠭᠦᠳᠦ ᠵᠢ ᠲᠡᠷᠭᠡᠯᠰᠢᠭᠦᠯᠬᠦ᠎ᠪᠠᠷ ᠲᠠᠰᠤᠷᠠᠯᠲᠠ ᠦᠭᠡᠢ ᠲᠡᠮᠡᠴᠡᠬᠦ ᠢᠲᠡᠭᠡᠯ ᠵᠣᠷᠢᠭ ᠵᠶ᠋ᠠᠨ ᠪᠠᠲᠤᠳᠬᠠᠵᠤ ᠴᠢᠳᠠᠨ᠎ᠠ᠃ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ᠎ᠤᠨ ᠵᠠᠮ᠎ᠨᠢ ᠲᠡᠢ᠌ᠮᠦ ᠬᠢᠯᠪᠠᠷ ᠵᠶ᠋ᠠᠷ ᠢᠷᠡᠭᠰᠡᠨ ᠪᠢᠰᠢ᠂ ᠲᠡᠷᠡ᠎ᠨᠢ ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ ᠪᠠᠢ᠌ᠭᠤᠯᠤᠭᠳᠠᠭᠰᠠᠨ 60 ᠭᠠᠷᠤᠢ ᠵᠢᠯ᠎ᠤᠨ ᠲᠤᠷᠰᠢ ᠲᠠᠰᠤᠷᠠᠯᠲᠠ ᠰᠦᠪᠡᠭᠴᠢᠯᠡᠨ ᠵᠠᠮᠨᠠᠬᠤ ᠶᠠᠪᠤᠴᠠ᠎ᠳᠤ ᠳ᠋ᠦᠩᠨᠡᠨ ᠣᠯᠵᠤ᠂ ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠤᠨ ᠠᠭᠤᠤ ᠶᠡᠬᠡ ᠦᠢ᠍ᠯᠡᠳᠦᠯᠭᠡ ᠵᠢᠨ ᠳᠤᠮᠳᠠ ᠰᠦᠪᠡᠭᠴᠢᠯᠡᠨ ᠣᠯᠪᠠ᠃ ᠳᠡᠯᠡᠬᠡᠢ ᠵᠢᠨ ᠳᠣᠷᠣᠨᠠᠳᠠᠬᠢᠨ᠎ᠳᠤ ᠰᠦᠨᠳᠡᠷᠯᠡᠭᠰᠡᠨ ᠡᠷᠲᠡᠨ᠎ᠤ ᠪᠣᠯᠪᠠᠰᠤᠨ ᠤᠯᠤᠰ ᠪᠣᠯᠣᠭᠰᠠᠨ᠎ᠤ ᠬᠤᠪᠢ᠎ᠳᠤ᠂ ᠮᠠᠨ᠎ᠤ ᠤᠯᠤᠰ ᠭᠡᠷᠡᠯ ᠰᠠᠴᠤᠷᠠᠩᠭᠤᠢ ᠲᠡᠦᠬᠡ ᠵᠢ ᠪᠦᠲᠦᠭᠡᠵᠦ ᠥᠩᠭᠡᠷᠡᠭᠰᠡᠨ ᠶᠤᠮ᠃ ᠭᠡᠲᠡᠯ᠎ᠡ 1840 ᠣᠨ᠎ᠤ ᠬᠠᠷ᠎ᠠ ᠲᠠᠮᠠᠬᠢ ᠵᠢᠨ ᠳᠠᠢ᠌ᠨ᠎ᠤ ᠳᠠᠷᠠᠭ᠎ᠠ᠂ ᠬᠠᠷᠢᠨ 《ᠭᠤᠷᠪᠠᠨ ᠶᠡᠬᠡ ᠠᠭᠤᠯᠠ》 ᠵᠢᠨ ᠬᠠᠪᠴᠢᠯ ᠳᠠᠷᠤᠯᠠᠯ᠎ᠢ ᠬᠠᠨᠲᠠᠯ᠎ᠠ ᠠᠮᠰᠠᠭᠰᠠᠨ ᠬᠦᠨᠳᠦ ᠬᠡᠴᠡᠭᠦᠦ ᠬᠦᠴᠢᠷ ᠵᠣᠪᠠᠭᠤᠷᠢ ᠵᠢᠨ ᠳᠤᠮᠳᠠ ᠲᠡᠯᠴᠢᠯᠡᠵᠦ ᠡᠬᠢᠯᠡᠪᠡ᠃ ᠦᠨᠳᠦᠰᠦᠲᠡᠨ᠎ᠤ ᠰᠡᠷᠭᠦᠯᠲᠡ ᠵᠢᠨ ᠲᠥᠯᠥᠭᠡ᠂ ᠲᠣᠭ᠎ᠠ ᠲᠣᠮᠰᠢ ᠦᠭᠡᠢ ᠠᠷᠤᠤᠬᠠᠨ ᠪᠠᠭ᠋ᠠᠲᠤᠷᠴᠤᠳ ᠨᠤᠭᠤᠷᠠᠰᠢ ᠦᠭᠡᠢ ᠪᠠᠢ᠌ᠯᠳᠤᠨ ᠲᠡᠮᠡᠴᠡᠵᠦ᠂ ᠡᠮᠦᠨᠡᠬᠢ᠎ᠨᠢ ᠣᠢ᠌ᠴᠢᠪᠠᠯ ᠬᠣᠢ᠌ᠨᠠᠬᠢ᠎ᠨᠢ ᠵᠠᠯᠭ᠋ᠠᠮᠵᠢᠯᠠᠨ ᠲᠡᠮᠡᠴᠡᠵᠦ ᠪᠠᠢ᠌ᠭ᠋ᠠᠳ ᠮᠠᠨ᠎ᠤ ᠭᠠᠷᠬᠤ ᠵᠠᠮ ᠵᠶ᠋ᠠᠨ ᠰᠦᠪᠡᠭᠴᠢᠯᠡᠨ ᠣᠯᠣᠭᠰᠠᠨ ᠶᠤᠮ᠃ ᠠᠷᠪᠠᠨ ᠰᠠᠷ᠎ᠠ ᠵᠢᠨ ᠬᠤᠪᠢᠰᠬᠠᠯ᠎ᠤᠨ ᠫᠤᠤ ᠵᠢᠨ ᠳᠠᠭᠤᠨ᠎ᠨᠢ᠂ ᠳᠤᠮᠳᠠᠳᠤ ᠤᠯᠤᠰ᠎ᠲᠤ ᠮᠠᠷᠺᠰ᠎ᠤᠨ ᠦᠵᠡᠯ᠎ᠢ ᠠᠪᠴᠢᠷᠠᠵᠤ ᠥᠭᠪᠡ᠃ ᠳᠤᠮᠳᠠᠳᠤ ᠤᠯᠤᠰ᠎ᠤᠨ ᠡᠪ ᠬᠠᠮᠲᠤ ᠨᠠᠮ᠎ᠨᠢ ᠮᠠᠷᠺᠰ᠎ᠤᠨ ᠦᠵᠡᠯ ᠬᠢᠭᠡᠳ ᠳᠤᠮᠳᠠᠳᠤ ᠤᠯᠤᠰ᠎ᠤᠨ ᠠᠵᠢᠯᠴᠢᠨ᠎ᠤ ᠬᠥᠳᠡᠯᠭᠡᠭᠡᠨ᠎ᠤ ᠤᠶᠠᠯᠳᠤᠯ᠎ᠤᠨ ᠳᠤᠮᠳᠠ ᠡᠭᠦᠰᠦᠨ ᠪᠦᠷᠢᠯᠳᠦᠭᠰᠡᠨ ᠶᠤᠮ᠃ ᠡᠨᠡ᠎ᠨᠢ ᠮᠠᠤ ᠽᠧ ᠳ᠋ᠦᠩ ᠲᠡᠷᠢᠭᠦᠯᠡᠭᠴᠢ ᠵᠢᠨ ᠵᠢᠭ᠋ᠠᠵᠤ ᠭᠠᠷᠭ᠋ᠠᠭᠰᠠᠨ ᠮᠡᠲᠦ᠎ᠪᠠᠷ᠂ ᠳᠤᠮᠳᠠᠳᠤ ᠤᠯᠤᠰ᠎ᠤᠨ ᠡᠪ ᠬᠠᠮᠲᠤ ᠨᠠᠮ ᠪᠠᠢ᠌ᠭᠤᠯᠤᠭᠳᠠᠭᠰᠠᠨ᠎ᠠᠴᠠ ᠡᠬᠢᠯᠡᠨ᠂ ᠳᠤᠮᠳᠠᠳᠤ ᠤᠯᠤᠰ᠎ᠤᠨ ᠬᠤᠪᠢᠰᠬᠠᠯ᠎ᠤᠨ ᠪᠠᠢ᠌ᠳᠠᠯ ᠴᠣ᠋ ᠰᠢᠨ᠎ᠡ᠎ᠪᠠᠷ ᠰᠣᠯᠢᠭᠳᠠᠪᠠ᠃ ᠮᠠᠨ᠎ᠤ ᠨᠠᠮ ᠠᠷᠠᠳ ᠲᠦᠮᠡᠨ᠎ᠢ ᠪᠦᠯᠬᠦᠮᠳᠡᠭᠦᠯᠦᠨ ᠳᠠᠢ᠌ᠴᠢᠯᠠᠵᠤ ᠴᠢᠰᠤᠲᠤ ᠲᠡᠮᠡᠴᠡᠯ ᠥᠷᠨᠢᠭᠦᠯᠦᠨ᠂ 28 ᠵᠢᠯ᠎ᠤᠨ ᠬᠠᠲᠠᠭᠤᠵᠢᠯᠲᠠᠢ ᠲᠡᠮᠡᠴᠡᠯ ᠵᠶ᠋ᠡᠷ ᠳᠠᠮᠵᠢᠭᠤᠯᠤᠨ ᠡᠵᠡᠷᠬᠡᠭ ᠲᠦᠷᠢᠮᠡᠬᠡᠢ ᠶᠣᠰᠣ᠂ ᠹᠧᠣᠳᠠᠯ ᠶᠣᠰᠣ᠂ ᠨᠣᠶᠠᠨᠴᠢ ᠬᠥᠷᠥᠩᠭᠡᠲᠦ ᠶᠣᠰᠣᠨ᠎ᠤ ᠭᠤᠷᠪᠠᠨ ᠶᠡᠬᠡ ᠠᠭᠤᠯᠠ ᠵᠢ ᠲᠦᠯᠬᠢᠨ ᠤᠨᠠᠭ᠋ᠠᠵᠤ᠂ ᠰᠢᠨ᠎ᠡ ᠠᠷᠠᠳᠴᠢᠯᠠᠭᠰᠠᠨ ᠬᠤᠪᠢᠰᠬᠠᠯ᠎ᠤᠨ ᠢᠯᠠᠯᠲᠠ ᠵᠢ ᠣᠯᠵᠤ᠂ ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠢ ᠪᠠᠢ᠌ᠭᠤᠯᠤᠨ᠂ ᠡᠭᠦᠨ᠎ᠠᠴᠠ ᠡᠬᠢᠯᠡᠨ ᠠᠷᠠᠳ ᠲᠦᠮᠡᠨ ᠪᠣᠰᠴᠤ ᠵᠣᠭᠰᠣᠭᠰᠠᠨ ᠠᠭᠤᠤ ᠶᠡᠬᠡ ᠦᠰᠦᠷᠦᠯᠲᠡ ᠵᠢ ᠪᠡᠶᠡᠯᠡᠭᠦᠯᠵᠦ᠂ ᠳᠤᠮᠳᠠᠳᠤ ᠵᠢᠨ ᠦᠨᠳᠦᠰᠦᠲᠡᠨ᠎ᠢ ᠺᠣᠯᠣᠨᠢ ᠬᠠᠭ᠋ᠠᠰ ᠺᠣᠯᠣᠨᠢ ᠵᠢᠨ ᠨᠡᠢ᠌ᠭᠡᠮ᠎ᠠᠴᠠ ᠨᠡᠢ᠌ᠭᠡᠮ ᠵᠢᠷᠤᠮᠲᠤ ᠨᠡᠢ᠌ᠭᠡᠮ᠎ᠳᠤ ᠣᠷᠣᠭᠤᠯᠤᠭᠰᠠᠨ ᠲᠡᠦᠬᠡ ᠵᠢᠨ ᠬᠠᠭᠤᠳᠠᠰᠤ ᠵᠢ ᠨᠡᠭᠡᠭᠡᠭᠰᠡᠨ ᠶᠤᠮ ᠭᠡᠵᠡᠢ᠃
      ᠰᠢᠶᠠᠩ ᠳ᠋ᠦᠩ ᠴᠢᠬᠤᠯᠠᠴᠢᠯᠠᠬᠤ᠎ᠳᠤ᠎ᠪᠠᠨ᠂ 40 ᠵᠢᠯ᠎ᠤᠨ ᠲᠤᠷᠰᠢ᠂ ᠨᠠᠮ ᠪᠠ ᠤᠯᠤᠰ᠎ᠠᠴᠠ ᠬᠥᠭᠵᠢᠯᠲᠡ᠎ᠪᠠᠷ ᠬᠠᠲᠠᠭᠤ ᠶᠣᠰᠣ ᠪᠣᠯᠭ᠋ᠠᠨ᠂ ᠣᠶᠣᠨ ᠬᠦᠴᠦᠨ ᠵᠶ᠋ᠡᠨ ᠲᠥᠪᠯᠡᠷᠡᠭᠦᠯᠦᠨ ᠪᠦᠲᠦᠭᠡᠨ ᠪᠠᠢ᠌ᠭᠤᠯᠤᠯᠲᠠ ᠬᠢᠵᠦ᠂ ᠨᠢᠭᠡ ᠰᠡᠳᠬᠢᠯ ᠨᠢᠭᠡ ᠵᠣᠷᠢᠭ ᠵᠶ᠋ᠠᠷ ᠬᠥᠭᠵᠢᠯᠲᠡ ᠵᠢ ᠰᠦᠪᠡᠭᠴᠢᠯᠡᠵᠦ ᠪᠠᠢ᠌ᠭ᠋ᠠᠳ᠂ ᠳᠤᠮᠳᠠᠳᠤ ᠤᠯᠤᠰ᠎ᠤᠨ ᠠᠵᠤ ᠠᠬᠤᠢ ᠨᠡᠢ᠌ᠭᠡᠮ᠎ᠳᠤ ᠲᠡᠭᠷᠢ ᠭᠠᠵᠠᠷ᠎ᠢ ᠳᠣᠩᠰᠣᠯᠭ᠋ᠠᠭᠰᠠᠨ ᠯᠤᠲᠤ ᠶᠡᠬᠡ ᠬᠤᠪᠢᠷᠠᠯᠲᠠ ᠭᠠᠷᠭ᠋ᠠᠵᠤ᠂ ᠥᠭᠡᠷᠡᠴᠢᠯᠡᠯᠲᠡ ᠨᠡᠭᠡᠭᠡᠯᠲᠡ ᠪᠠ ᠨᠡᠢ᠌ᠭᠡᠮ ᠵᠢᠷᠤᠮᠲᠤ ᠪᠦᠲᠦᠭᠡᠨ ᠪᠠᠢ᠌ᠭᠤᠯᠤᠯᠲᠠ ᠵᠢᠨ ᠲᠡᠦᠬᠡᠲᠦ ᠴᠢᠨᠠᠷᠲᠠᠢ ᠠᠮᠵᠢᠯᠲᠠ ᠵᠢ ᠣᠯᠪᠠ᠃ ᠬᠥᠭᠵᠢᠯᠲᠡ ᠬᠤᠪᠢᠷᠠᠯᠲᠠ ᠵᠢᠨ ᠲᠤᠬᠠᠢ᠂ ᠪᠢᠳᠡ ᠪᠦᠬᠦ ᠤᠯᠤᠰ ᠪᠠ ᠪᠦᠬᠦ ᠣᠷᠣᠨ ᠬᠣᠶᠠᠷ ᠶᠡᠬᠡ ᠲᠠᠯ᠎ᠠ᠎ᠠᠴᠠ ᠠᠪᠴᠤ ᠦᠵᠡᠪᠡᠯ᠂ ᠥᠭᠡᠷᠡᠴᠢᠯᠡᠯᠲᠡ ᠨᠡᠭᠡᠭᠡᠯᠲᠡ ᠬᠢᠭᠰᠡᠨ᠎ᠠᠴᠠ ᠨᠠᠭ᠋ᠠᠰᠢᠬᠢ 40 ᠵᠢᠯ ᠪᠣᠯ᠂ ᠮᠠᠨ᠎ᠤ ᠤᠯᠤᠰ᠎ᠤᠨ ᠤᠯᠤᠰ ᠠᠷᠠᠳ᠎ᠤᠨ ᠠᠵᠤ ᠠᠬᠤᠢ ᠶᠡᠬᠡ ᠠᠯᠬᠤᠮ ᠵᠶ᠋ᠠᠷ ᠤᠷᠤᠭᠰᠢᠯᠠᠨ᠂ ᠠᠵᠤ ᠠᠬᠤᠢ ᠵᠢᠨ ᠶᠡᠷᠦᠩᠬᠡᠢ ᠬᠡᠮᠵᠢᠶ᠎ᠡ ᠳᠠᠷᠠᠭ᠋ᠠᠯᠠᠨ ᠰᠢᠨ᠎ᠡ ᠳᠡᠭᠲᠡᠷ᠎ᠲᠤ ᠭᠠᠷᠤᠭᠰᠠᠨ 40 ᠵᠢᠯ᠂ ᠳᠣᠣᠷ᠎ᠠ ᠣᠷᠣᠯᠭ᠎ᠠ᠎ᠲᠠᠢ ᠤᠯᠤᠰ᠎ᠠᠴᠠ ᠳᠤᠮᠳᠠ᠎ᠠᠴᠠ ᠳᠡᠭᠡᠭᠰᠢ ᠣᠷᠣᠯᠭ᠎ᠠ᠎ᠲᠠᠢ ᠤᠯᠤᠰ᠎ᠤᠨ ᠡᠩᠨᠡᠭᠡᠨ᠎ᠳᠤ ᠠᠮᠵᠢᠯᠲᠠ᠎ᠲᠠᠢ᠎ᠪᠠᠷ ᠳᠡᠪᠰᠢᠨ ᠣᠷᠣᠭᠰᠠᠨ 40 ᠵᠢᠯ᠂ ᠮᠥᠨ ᠴᠤ᠌ ᠶᠡᠷᠦᠩᠬᠡᠢ᠌ᠯᠡᠭᠰᠡᠨ ᠤᠯᠤᠰ᠎ᠤᠨ ᠬᠦᠴᠦᠨ ᠪᠠ ᠣᠯᠠᠨ ᠤᠯᠤᠰ᠎ᠤᠨ ᠨᠥᠯᠥᠭᠡᠯᠡᠬᠦ ᠬᠦᠴᠦᠨ᠎ᠨᠢ ᠢᠯᠡᠳᠲᠡ ᠳᠡᠭᠡᠭᠰᠢᠯᠡᠨ᠂ ᠲᠡᠦᠬᠡᠲᠦ ᠴᠢᠨᠠᠷᠲᠠᠢ ᠦᠰᠦᠷᠦᠯᠲᠡ ᠵᠢ ᠪᠡᠶᠡᠯᠡᠭᠦᠯᠦᠭᠰᠡᠨ 40 ᠵᠢᠯ ᠪᠣᠯᠣᠨ᠎ᠠ᠃ ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠤᠨ ᠲᠤᠷᠰᠢ᠂ ᠨᠠᠮ ᠪᠠ ᠤᠯᠤᠰ᠎ᠤᠨ ᠴᠢᠭᠯᠡᠯᠲᠡ ᠲᠥᠷᠥ ᠵᠢᠨ ᠪᠣᠳᠣᠯᠭ᠎ᠠ ᠵᠢᠨ ᠵᠢᠯᠣᠭᠣᠳᠤᠯᠭ᠎ᠠ ᠳᠣᠣᠷ᠎ᠠ᠂ ᠥᠪᠡᠷᠲᠡᠭᠡᠨ ᠵᠠᠰᠠᠬᠤ ᠣᠷᠣᠨ᠎ᠤ ᠥᠩᠭᠡᠷᠡᠭᠰᠡᠨ ᠬᠤᠭᠤᠴᠠᠭ᠋ᠠᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠠᠴᠠ ᠬᠥᠭᠵᠢᠯᠲᠡ᠎ᠪᠠᠷ ᠲᠡᠷᠢᠭᠦᠨ ᠴᠢᠬᠤᠯᠠ ᠡᠭᠦᠷᠭᠡ ᠪᠣᠯᠭ᠋ᠠᠬᠤ ᠵᠢ ᠢᠮᠠᠭᠲᠠ ᠴᠢᠩᠭ᠎ᠠ ᠪᠠᠷᠢᠮᠲᠠᠯᠠᠨ᠂ ᠥᠪᠡᠷᠲᠡᠭᠡᠨ ᠵᠠᠰᠠᠬᠤ ᠣᠷᠣᠨ᠎ᠤ ᠪᠣᠳᠠᠲᠤ ᠪᠠᠢ᠌ᠳᠠᠯ᠎ᠲᠠᠢ ᠤᠶᠠᠯᠳᠤᠭᠤᠯᠵᠤ᠂ ᠪᠦᠬᠦ ᠤᠯᠤᠰ᠎ᠲᠤ ᠬᠠᠮᠤᠭ᠎ᠤᠨ ᠲᠡᠷᠢᠭᠦᠨ᠎ᠳᠤ 《ᠪᠡᠯᠴᠢᠭᠡᠷ ᠮᠠᠯ᠎ᠢ ᠬᠣᠣᠰ ᠵᠶ᠋ᠠᠷ ᠳᠠᠭ᠋ᠠᠭ᠋ᠠᠴᠢᠯᠠᠭᠤᠯᠬᠤ》 ᠮᠠᠯ ᠠᠵᠤ ᠠᠬᠤᠢ ᠵᠢᠨ ᠦᠢ᠍ᠯᠡᠳᠪᠦᠷᠢᠯᠡᠯ᠎ᠤᠨ ᠬᠠᠷᠢᠭᠤᠴᠠᠯᠭ᠎ᠠ ᠵᠢᠨ ᠳᠦᠷᠢᠮ᠎ᠢ ᠬᠡᠷᠡᠭᠵᠢᠭᠦᠯᠦᠭᠰᠡᠨ᠎ᠤ ᠬᠠᠮᠲᠤ᠂ 《ᠲᠡᠵᠢᠭᠡᠯ ᠡᠪᠡᠰᠦ᠎ᠪᠠᠷ ᠭᠣᠣᠯ ᠪᠣᠯᠭ᠋ᠠᠵᠤ᠂ ᠤᠯᠠᠨ ᠵᠦᠢ᠍ᠯ᠎ᠤᠨ ᠬᠡᠯᠪᠡᠷᠢ᠎ᠪᠠᠷ ᠡᠵᠡᠩᠨᠡᠬᠦ》᠂ 《ᠡᠪᠡᠰᠦ ᠮᠣᠳᠣ ᠵᠢ ᠡᠷᠬᠢᠮᠯᠡᠨ᠂ ᠮᠠᠯ ᠠᠵᠤ ᠠᠬᠤᠢ ᠵᠢ ᠬᠥᠭᠵᠢᠭᠦᠯᠬᠦ》᠂ 《ᠭᠤᠷᠪᠠᠨ ᠵᠦᠢ᠍ᠯ᠎ᠤᠨ ᠲᠡᠮᠡᠴᠡᠯ᠎ᠤᠨ ᠬᠠᠷᠠᠯᠲᠠ》᠂ 《ᠬᠣᠶᠠᠷ ᠲᠠᠯ᠎ᠠ ᠵᠢᠨ ᠬᠢᠷᠢ ᠲᠦᠪᠰᠢᠨ᠎ᠢ ᠳᠡᠭᠡᠭᠰᠢᠯᠡᠭᠦᠯᠦᠨ᠂ ᠬᠣᠶᠠᠷ᠎ᠢ ᠲᠡᠷᠢᠭᠦᠨ᠎ᠳᠤ ᠲᠠᠯᠪᠢᠬᠤ ᠵᠢ ᠪᠠᠲᠤᠯᠠᠵᠤ᠂ ᠬᠣᠶᠠᠷ᠎ᠢ ᠪᠡᠶᠡᠯᠡᠭᠦᠯᠬᠦ ᠵᠢ ᠪᠠᠲᠤᠯᠠᠬᠤ》᠂ 《ᠠᠷᠠᠳ᠎ᠢ ᠴᠢᠨᠡᠭᠡᠯᠢᠭᠵᠢᠭᠦᠯᠵᠦ ᠣᠷᠣᠨ ᠵᠶ᠋ᠡᠨ ᠬᠦᠴᠦᠷᠬᠡᠭᠵᠢᠭᠦᠯᠬᠦ》 ᠬᠢᠭᠡᠳ 《8337》 ᠵᠢᠴᠢ 《ᠬᠥᠭᠵᠢᠯᠲᠡ᠂ ᠠᠮᠢ ᠠᠬᠤᠢ᠂ ᠠᠷᠠᠳ᠎ᠤᠨ ᠠᠮᠢᠳᠤᠷᠠᠯ᠎ᠤᠨ ᠬᠣᠷᠢᠭ᠎ᠠ ᠱᠤᠭᠤᠮ᠎ᠢ ᠪᠠᠲᠤ ᠰᠠᠬᠢᠵᠤ᠂ ᠡᠬᠡ ᠤᠯᠤᠰ᠎ᠤᠨ ᠤᠮᠠᠷᠠᠲᠤ ᠵᠢᠨ ᠬᠢᠯᠢ ᠬᠢᠵᠠᠭ᠋ᠠᠷ᠎ᠤᠨ ᠦᠵᠡᠰᠬᠦᠯᠡᠩᠲᠦ ᠰᠠᠢ᠌ᠬᠠᠨ ᠦᠵᠡᠮᠵᠢ ᠵᠢᠨ ᠣᠷᠣᠨ᠎ᠢ ᠪᠠᠢ᠌ᠭᠤᠯᠬᠤ》 ᠵᠡᠷᠭᠡ ᠬᠥᠭᠵᠢᠯᠲᠡ ᠵᠢᠨ ᠰᠡᠳᠬᠢᠮᠵᠢ ᠵᠢ ᠵᠠᠯᠭ᠋ᠠᠭ᠎ᠠ᠎ᠪᠠᠷ ᠳᠤᠷᠠᠳᠤᠨ ᠭᠠᠷᠭ᠋ᠠᠵᠤ᠂ ᠡᠨᠡ ᠬᠦ᠌ ᠰᠢᠷᠢᠰ ᠬᠥᠭᠵᠢᠯᠲᠡ ᠵᠢᠨ ᠰᠡᠳᠬᠢᠮᠵᠢ᠎ᠨᠢ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠨᠡᠢ᠌ᠭᠡᠮ᠎ᠤᠨ ᠬᠥᠭᠵᠢᠯᠲᠡ ᠵᠢᠨ ᠵᠢᠮ᠎ᠡ ᠶᠣᠰᠣ ᠵᠢ ᠡᠵᠡᠮᠳᠡᠨ᠂ ᠥᠭᠡᠷᠡᠴᠢᠯᠡᠯᠲᠡ ᠬᠥᠭᠵᠢᠯᠲᠡ ᠵᠢᠨ ᠣᠨᠣᠯ ᠪᠠ ᠦᠢ᠍ᠯᠡᠳᠦᠯᠭᠡ ᠵᠢᠨ ᠲᠤᠬᠠᠢ ᠠᠰᠠᠭᠤᠯᠲᠠ᠎ᠳᠤ ᠨᠡᠩ ᠰᠠᠢ᠌ᠲᠤᠷ ᠬᠠᠷᠢᠭᠤᠯᠲᠠ ᠥᠭᠴᠦ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠨᠡᠢ᠌ᠭᠡᠮ᠎ᠤᠨ ᠬᠥᠭᠵᠢᠯᠲᠡ ᠵᠢ ᠠᠬᠢᠭᠤᠯᠤᠨ ᠲᠡᠭᠷᠢ ᠭᠠᠵᠠᠷ᠎ᠢ ᠳᠣᠩᠰᠣᠯᠭ᠋ᠠᠭᠰᠠᠨ ᠬᠤᠪᠢᠷᠠᠯᠲᠠ ᠭᠠᠷᠭ᠋ᠠᠪᠠ ᠭᠡᠵᠡᠢ᠃
      ᠰᠢᠶᠠᠩ ᠳ᠋ᠦᠩ ᠱᠠᠭ᠋ᠠᠷᠳᠠᠬᠤ᠎ᠳᠤ᠎ᠪᠠᠨ᠂ ᠪᠢᠳᠡ ᠥᠭᠡᠷᠡᠴᠢᠯᠡᠯᠲᠡ ᠨᠡᠭᠡᠭᠡᠯᠲᠡ ᠬᠢᠭᠰᠡᠨ 40 ᠵᠢᠯ᠎ᠢ ᠳᠤᠷᠠᠰᠬᠠᠨ ᠪᠡᠯᠭᠡᠯᠡᠵᠦ ᠪᠠᠢ᠌ᠬᠤ᠎ᠨᠢ᠂ ᠥᠭᠡᠷᠡᠴᠢᠯᠡᠯᠲᠡ ᠨᠡᠭᠡᠭᠡᠯᠲᠡ ᠬᠢᠬᠦ᠎ᠨᠢ ᠨᠢᠭᠡᠨᠲᠡ ᠥᠩᠭᠡᠷᠡᠭᠰᠡᠨ ᠴᠠᠭ ᠪᠣᠯᠣᠭᠰᠠᠨ ᠶᠠᠪᠤᠳᠠᠯ ᠪᠢᠰᠢ᠂ ᠬᠠᠷᠢᠨ ᠰᠢᠨ᠎ᠡ ᠡᠬᠢᠯᠡᠯᠲᠡ ᠵᠢᠨ ᠴᠡᠭ᠎ᠠᠴᠠ᠂ ᠴᠢᠨᠠᠷᠯᠢᠭ ᠬᠥᠭᠵᠢᠯᠲᠡ᠂ ᠥᠨᠳᠥᠷ ᠬᠢᠷᠢ ᠲᠦᠪᠰᠢᠨ᠎ᠤ ᠥᠭᠡᠷᠡᠴᠢᠯᠡᠯᠲᠡ᠂ ᠨᠡᠩ ᠥᠷᠭᠡᠨ ᠳᠡᠯᠭᠡᠷ ᠨᠡᠭᠡᠭᠡᠯᠲᠡ ᠵᠢ ᠪᠡᠶᠡᠯᠡᠭᠦᠯᠬᠦ ᠶᠠᠪᠤᠳᠠᠯ ᠪᠣᠯᠣᠨ᠎ᠠ᠃ ᠪᠤᠰᠤᠳᠴᠢ᠎ᠪᠠᠷ ᠠᠪᠴᠤ ᠬᠡᠯᠡᠪᠡᠯ᠂ ᠮᠠᠨ᠎ᠤ ᠤᠯᠤᠰ᠎ᠤᠨ ᠥᠭᠡᠷᠡᠴᠢᠯᠡᠯᠲᠡ ᠨᠡᠭᠡᠭᠡᠯᠲᠡ᠎ᠨᠢ ᠮᠥᠨ ᠴᠤ᠌ ᠶᠠᠭ ᠶᠠᠪᠤᠭᠳᠠᠵᠤ ᠪᠠᠢ᠌ᠭ᠎ᠠ ᠱᠠᠲᠤᠨ᠎ᠳᠤ᠎ᠪᠠᠨ ᠪᠠᠢ᠌ᠨ᠎ᠠ᠃ ᠰᠢᠨ᠎ᠡ ᠴᠠᠭ ᠦᠶ᠎ᠡ ᠵᠢᠨ ᠡᠪ ᠬᠠᠮᠲᠤ ᠨᠠᠮ᠎ᠤᠨ ᠭᠡᠰᠢᠭᠦᠨ ᠪᠣᠯᠣᠭᠰᠠᠨ᠎ᠤ ᠬᠤᠪᠢ᠎ᠳᠤ᠂ ᠰᠢᠨ᠎ᠡ ᠴᠠᠭ ᠦᠶ᠎ᠡ ᠵᠢᠨ ᠠᠮᠢ ᠠᠬᠤᠢ ᠵᠢᠨ ᠣᠷᠴᠢᠨ ᠲᠣᠭᠣᠷᠢᠨ᠎ᠤ ᠹᠷᠣᠨᠲ ᠳᠡᠭᠡᠷᠡᠬᠢ ᠠᠵᠢᠯᠯᠠᠭᠴᠢ ᠪᠣᠯᠣᠭᠰᠠᠨ᠎ᠤ ᠬᠤᠪᠢ᠎ᠳᠤ᠂ ᠪᠢᠳᠡ ᠡᠷᠬᠡᠪᠰᠢ ᠠᠮᠢ ᠠᠬᠤᠢ ᠵᠢᠨ ᠣᠷᠴᠢᠨ ᠲᠣᠭᠣᠷᠢᠨ᠎ᠤ ᠠᠰᠠᠭᠤᠳᠠᠯ ᠪᠣᠯ ᠨᠡᠢ᠌ᠭᠡᠮ᠎ᠤᠨ ᠠᠩᠬᠠᠷᠤᠯ ᠲᠠᠯᠪᠢᠵᠤ ᠪᠠᠢ᠌ᠭ᠎ᠠ ᠲᠥᠪᠯᠡᠷᠡᠯ᠎ᠤᠨ ᠴᠡᠭ᠂ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠠᠢ᠌ᠭᠤᠯᠤᠨ ᠪᠦᠲᠦᠭᠡᠬᠦ᠎ᠨᠢ ᠠᠷᠠᠳ ᠲᠦᠮᠡᠨ᠎ᠤ ᠨᠤᠲᠠᠯᠠᠯᠲᠠ ᠵᠢ ᠣᠯᠵᠤ ᠴᠢᠳᠠᠬᠤ ᠡᠰᠡᠬᠦ ᠵᠢᠨ ᠵᠠᠩᠭᠢᠯᠠᠭ᠎ᠠ ᠮᠥᠨ ᠭᠡᠳᠡᠭ᠎ᠢ ᠰᠡᠷᠭᠡᠭ ᠵᠶ᠋ᠡᠷ ᠲᠠᠨᠢᠬᠤ ᠬᠡᠷᠡᠭᠲᠡᠢ᠃ ᠪᠢᠳᠡ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠵᠢᠴᠢ ᠠᠮᠢ ᠠᠬᠤᠢ ᠵᠢᠨ ᠪᠣᠯᠪᠠᠰᠤᠨ᠎ᠤ ᠦᠵᠡᠯ ᠰᠠᠨᠠᠭ᠎ᠠ ᠵᠢ ᠡᠷᠡᠰ ᠭᠤᠢ᠌ᠪᠢᠰᠢ ᠦᠭᠡᠢ ᠪᠠᠷᠢᠮᠲᠠᠯᠠᠵᠤ᠂ 《ᠳᠥᠷᠪᠡᠨ ᠵᠦᠢ᠍ᠯ᠎ᠤᠨ ᠦᠵᠡᠯ ᠤᠬᠠᠮᠰᠠᠷ》 ᠪᠠ 《ᠳᠥᠷᠪᠡᠨ ᠲᠠᠯ᠎ᠠ ᠵᠢᠨ ᠢᠲᠡᠭᠡᠯ》 ᠵᠶ᠋ᠡᠨ ᠤᠯᠠᠮ ᠨᠢᠭᠡ ᠠᠯᠬᠤᠮ ᠴᠢᠩᠭ᠋ᠠᠷᠠᠭᠤᠯᠵᠤ᠂ 《ᠬᠣᠶᠠᠷ᠎ᠢ ᠬᠠᠮᠠᠭ᠋ᠠᠯᠠᠬᠤ》 ᠦᠵᠡᠯ ᠰᠠᠨᠠᠭ᠎ᠠ᠎ᠪᠠᠨ ᠪᠠᠲᠤᠳᠬᠠᠨ᠂ ᠲᠥᠪ ᠪᠠ ᠥᠪᠡᠷᠲᠡᠭᠡᠨ ᠵᠠᠰᠠᠬᠤ ᠣᠷᠣᠨ᠎ᠤ ᠡᠯ᠎ᠡ ᠵᠦᠢ᠍ᠯ᠎ᠤᠨ ᠰᠢᠢ᠍ᠳᠪᠦᠷᠢᠲᠦ ᠪᠣᠳᠣᠯᠭ᠎ᠠ ᠵᠢᠨ ᠪᠠᠢ᠌ᠷᠢᠯᠠᠭᠤᠯᠤᠯᠲᠠ ᠵᠢ ᠲᠡᠷᠡ ᠶᠣᠰᠣᠭ᠋ᠠᠷ᠎ᠨᠢ ᠨᠠᠢ᠌ᠳᠠᠪᠤᠷᠢᠵᠢᠭᠤᠯᠵᠤ᠂ ᠶᠡᠷᠦᠩᠬᠡᠢ ᠱᠦᠵᠢ ᠰᠢ ᠵᠢᠨ ᠫᠢᠩ᠎ᠤᠨ ᠮᠠᠨ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠠᠢ᠌ᠭᠤᠯᠤᠨ᠂ ᠡᠬᠡ ᠤᠯᠤᠰ᠎ᠤᠨ ᠤᠮᠠᠷᠠᠲᠤ ᠬᠢᠵᠠᠭ᠋ᠠᠷ᠎ᠤᠨ ᠲᠦᠮᠡᠨ ᠭᠠᠵᠠᠷ᠎ᠤᠨ ᠨᠣᠭᠣᠭ᠋ᠠᠨ ᠥᠩᠭᠡᠲᠦ ᠤᠷᠲᠤ ᠴᠠᠭ᠋ᠠᠨ ᠬᠡᠷᠡᠮ᠎ᠢ ᠴᠣᠭᠴᠠᠯᠠᠨ ᠪᠠᠢ᠌ᠭᠤᠯᠬᠤ ᠬᠡᠷᠡᠭᠲᠡᠢ ᠭᠡᠬᠦ ᠬᠦᠰᠡᠯ ᠨᠠᠢ᠌ᠳᠠᠯᠭ᠎ᠠ ᠵᠢ ᠪᠠᠲᠤ ᠴᠡᠭᠡᠵᠢᠯᠡᠵᠦ᠂ 《ᠦᠷᠡᠭᠳᠡᠯ ᠰᠦᠢ᠍ᠳᠦᠯ᠎ᠠᠴᠠ ᠬᠠᠢ᠌ᠬᠤᠷᠤᠯ ᠦᠭᠡᠢ ᠡᠷᠴᠢ ᠵᠣᠷᠢᠭ ᠪᠠᠢ᠌ᠪᠠᠯ᠂ ᠠᠵᠤ ᠠᠬᠤᠢ ᠨᠡᠢ᠌ᠭᠡᠮ᠎ᠳᠤ ᠰᠢᠨ᠎ᠡ ᠬᠤᠪᠢᠷᠠᠯᠲᠠ ᠵᠢ ᠠᠪᠴᠢᠷᠠᠵᠤ ᠴᠢᠳᠠᠨ᠎ᠠ》 ᠭᠡᠬᠦ ᠣᠮᠣᠭᠰᠢᠯᠲᠤ ᠰᠡᠳᠬᠢᠯᠭᠡ᠎ᠪᠠᠷ᠂ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠤᠯᠤᠰ ᠲᠥᠷᠥ ᠵᠢᠨ ᠬᠠᠷᠢᠭᠤᠴᠠᠯᠭ᠎ᠠ ᠵᠢ ᠡᠷᠡᠰ ᠰᠢᠭᠤᠷᠬᠠᠢ᠎ᠪᠠᠷ ᠡᠭᠦᠷᠭᠡᠯᠡᠵᠦ᠂ ᠠᠩᠬᠠᠨ᠎ᠤ ᠵᠣᠷᠢᠯᠲᠠ᠎ᠪᠠᠨ ᠥᠯᠥ ᠮᠠᠷᠲᠠᠨ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠂ ᠡᠭᠦᠷᠭᠡ ᠲᠤᠰᠢᠶᠠᠯ ᠵᠶ᠋ᠠᠨ ᠦᠨᠡᠨᠴᠢ᠎ᠪᠠᠷ ᠭᠦᠢ᠍ᠴᠡᠳᠬᠡᠨ᠂ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠨ ᠰᠠᠨᠠᠭ᠋ᠠᠴᠢᠯᠠᠭ᠎ᠠ᠎ᠠᠴᠠ᠎ᠪᠠᠨ ᠦᠢ᠍ᠯᠡᠰ ᠪᠦᠲᠦᠭᠡᠵᠦ᠂ ᠪᠣᠬᠢᠷᠲᠤᠯ᠎ᠢ ᠰᠡᠷᠭᠡᠢ᠌ᠯᠡᠨ ᠵᠠᠰᠠᠬᠤ ᠰᠢᠪᠲᠤᠯᠤᠯᠲᠠ ᠵᠢᠨ ᠳᠠᠢ᠌ᠯᠠᠯᠳᠤᠭ᠋ᠠᠨ ᠪᠠ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠤᠳᠠᠭ᠋ᠠᠨ ᠳᠠᠭ᠋ᠠᠭ᠋ᠠᠮᠠᠭ᠋ᠠᠢ ᠳᠠᠢ᠌ᠯᠠᠯᠳᠤᠭ᠋ᠠᠨ᠎ᠢ ᠪᠦᠬᠦ ᠬᠦᠴᠦᠨ ᠵᠶ᠋ᠡᠷ ᠵᠶ᠋ᠡᠨ ᠰᠠᠢ᠌ᠲᠤᠷ ᠬᠢᠵᠦ ᠢᠯᠠᠯᠲᠠ ᠣᠯᠣᠨ᠂ ᠴᠢᠨᠠᠷᠯᠢᠭ ᠬᠥᠭᠵᠢᠯᠲᠡ ᠵᠢ ᠠᠬᠢᠭᠤᠯᠵᠤ᠂ ᠰᠢᠨ᠎ᠡ ᠴᠠᠭ ᠦᠶ᠎ᠡ ᠵᠢᠨ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠲᠦᠭᠡᠨ ᠪᠠᠢ᠌ᠭᠤᠯᠬᠤ ᠵᠢᠨ ᠲᠥᠯᠥᠭᠡ ᠵᠣᠷᠢᠭ ᠵᠶ᠋ᠠᠨ ᠬᠥᠪᠴᠢᠯᠡᠨ ᠡᠷᠡᠯᠬᠡᠭᠯᠡᠨ ᠤᠷᠤᠭᠰᠢᠯᠠᠵᠤ᠂ ᠪᠠᠶᠠᠨ ᠬᠦᠴᠦᠷᠬᠡᠭ᠂ ᠠᠷᠠᠳᠴᠢᠯᠠᠭᠰᠠᠨ᠂ ᠪᠣᠯᠪᠠᠰᠤᠨ᠂ ᠡᠶ᠎ᠡ ᠵᠣᠬᠢᠴᠠᠩᠭᠤᠢ᠂ ᠦᠵᠡᠰᠬᠦᠯᠡᠩᠲᠦ ᠰᠠᠢ᠌ᠬᠠᠨ ᠨᠡᠢ᠌ᠭᠡᠮ ᠵᠢᠷᠤᠮ᠎ᠤᠨ ᠣᠳᠣᠬᠢᠴᠢᠯᠠᠭᠰᠠᠨ ᠬᠦᠴᠦᠷᠬᠡᠭ ᠤᠯᠤᠰ᠎ᠢ ᠪᠠᠢ᠌ᠭᠤᠯᠬᠤ ᠵᠢᠨ ᠲᠥᠯᠥᠭᠡ ᠡᠷᠡᠯᠬᠡᠭᠯᠡᠨ ᠲᠡᠮᠡᠴᠡᠵᠦ᠂ 《ᠬᠣᠣᠰ ᠵᠠᠭᠤᠨ ᠵᠢᠯ》᠎ᠤᠨ ᠲᠡᠮᠡᠴᠡᠯ᠎ᠤᠨ ᠬᠠᠷᠠᠯᠲᠠ ᠵᠢ ᠪᠡᠶᠡᠯᠡᠭᠦᠯᠦᠨ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠯᠲᠡ ᠵᠢ ᠪᠡᠶᠡᠯᠡᠭᠦᠯᠬᠦ ᠳᠤᠮᠳᠠᠳᠤ ᠤᠯᠤᠰ᠎ᠤᠨ ᠬᠦᠰᠡᠯ ᠵᠡᠭᠦᠳᠦ ᠵᠢ ᠪᠡᠶᠡᠯᠡᠭᠦᠯᠬᠦ ᠵᠢᠨ ᠲᠥᠯᠥᠭᠡ ᠴᠢᠷᠮᠠᠢ᠌ᠨ ᠲᠡᠮᠡᠴᠡᠵᠦ᠂ ᠮᠠᠨ᠎ᠤ ᠲᠡᠮᠡᠴᠡᠯ ᠬᠢᠭᠡᠳ ᠦᠷᠡᠭᠳᠡᠯ ᠵᠶ᠋ᠡᠷ ᠵᠶ᠋ᠡᠨ ᠠᠭᠤᠯᠠ ᠤᠰᠤᠨ᠎ᠤ ᠰᠦᠷᠯᠢᠭ ᠦᠵᠡᠮᠵᠢ᠂ ᠤᠯᠤᠰ ᠭᠡᠷ᠎ᠤᠨ ᠥᠩᠭᠡ ᠦᠵᠡᠮᠵᠢ ᠵᠢ ᠰᠣᠯᠢᠨ ᠠᠪᠴᠢᠷᠠᠵᠤ᠂ ᠬᠡᠦᠬᠡᠳ ᠬᠣᠢ᠌ᠴᠢᠰ᠎ᠤᠨ ᠵᠶ᠋ᠠᠨ ᠠᠮᠢᠳᠤᠷᠠᠯ᠎ᠤᠨ ᠵᠣᠯ ᠵᠢᠷᠭ᠋ᠠᠯ ᠰᠠᠢ᠌ᠨ ᠰᠠᠢ᠌ᠬᠠᠨ᠎ᠢ ᠰᠣᠯᠢᠵᠤ ᠠᠪᠴᠢᠷᠠᠬᠤ ᠬᠡᠷᠡᠭᠲᠡᠢ ᠭᠡᠵᠡᠢ᠃
      ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠤᠳᠤᠷᠢᠳᠤᠯᠭ᠎ᠠ᠂ ᠲᠢᠩᠬᠢᠮ᠎ᠳᠤ ᠰᠠᠭᠤᠭ᠎ᠠ ᠰᠠᠬᠢᠯᠭ᠎ᠠ ᠪᠠᠲᠤ ᠪᠠᠢ᠌ᠴᠠᠭ᠋ᠠᠨ ᠬᠢᠨᠠᠨ ᠪᠠᠢ᠌ᠴᠠᠭ᠋ᠠᠬᠤ ᠳᠤᠭᠤᠢ᠌ᠯᠠᠩ᠂ ᠲᠢᠩᠬᠢᠮ᠎ᠤᠨ ᠪᠠᠢ᠌ᠭᠤᠯᠭ᠎ᠠ ᠵᠢᠨ ᠡᠯ᠎ᠡ ᠰᠠᠯᠠᠭ᠎ᠠ ᠲᠠᠰᠤᠭ᠂ ᠬᠠᠷᠢᠶᠠᠯᠠᠭᠳᠠᠬᠤ ᠠᠵᠢᠯ ᠦᠢ᠍ᠯᠡᠰ᠎ᠤᠨ ᠨᠢᠭᠡᠴᠢ ᠵᠢᠨ ᠪᠦᠬᠦ ᠨᠠᠮ ᠭᠡᠰᠢᠭᠦᠨ ᠬᠤᠷᠠᠯ᠎ᠠ᠎ᠳᠤ ᠣᠷᠣᠯᠴᠠᠵᠠᠢ᠃
     

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠠᠮᠢ ᠠᠬᠤᠢ ᠣᠷᠴᠢᠨ ᠲᠣᠭᠣᠷᠢᠨ᠎ᠤ ᠶᠠᠮᠤᠨ ᠭᠣᠣᠯᠳᠠᠯᠭ᠎ᠠ᠎ᠲᠠᠢ ᠭᠠᠵᠠᠷ ᠣᠷᠣᠨ᠎ᠤ 2018 — 2019 ᠣᠨ᠎ᠤ ᠨᠠᠮᠤᠷ ᠡᠪᠦᠯ᠎ᠤᠨ ᠤᠯᠠᠷᠢᠯ᠎ᠤᠨ ᠠᠭ᠋ᠠᠷ ᠮᠠᠨᠳᠠᠯ᠎ᠤᠨ ᠪᠣᠬᠢᠷᠲᠤᠯ᠎ᠢ ᠶᠡᠷᠦᠩᠬᠡᠢ᠌ᠯᠡᠨ ᠵᠠᠰᠠᠬᠤ ᠰᠢᠪᠲᠤᠯᠤᠯᠲᠠ ᠵᠢᠨ ᠠᠵᠢᠯᠯᠠᠭ᠎ᠠ ᠵᠢᠨ ᠤᠬᠠᠭᠤᠯᠭ᠎ᠠ ᠵᠢᠨ ᠠᠵᠢᠯ᠎ᠤᠨ ᠳᠠᠢ᠌ᠴᠢᠯᠠᠯᠲᠠ ᠵᠢᠨ ᠬᠤᠷᠠᠯ᠎ᠢ ᠬᠤᠷᠠᠯᠳᠤᠭᠤᠯᠪᠠ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ 《ᠣᠨ ᠵᠢᠯ᠎ᠤᠨ ᠮᠠᠭᠲᠠᠭ᠋ᠠᠯ》 ᠰᠢᠷᠢᠰ ᠦᠵᠡᠭᠦᠯᠭᠡ ᠵᠢᠨ ᠲᠣᠭᠯᠠᠯᠲᠠ᠎ᠳᠤ ᠰᠢᠨ᠎ᠡ ᠳᠦᠷᠢ ᠲᠥᠷᠬᠦ ᠵᠢ ᠢᠯᠡᠷᠡᠭᠦᠯᠪᠡ
ᠥᠪᠡᠷᠲᠡᠭᠡᠨ ᠵᠠᠰᠠᠬᠤ ᠣᠷᠣᠨ᠎ᠤ ᠬᠣᠶᠠᠳᠤᠭ᠋ᠠᠷ ᠤᠳᠠᠭ᠋ᠠᠨ᠎ᠤ ᠪᠦᠬᠦ ᠤᠯᠤᠰ᠎ᠤᠨ ᠪᠣᠬᠢᠷᠲᠤᠯ᠎ᠤᠨ ᠡᠬᠢ ᠰᠤᠷᠪᠤᠯᠵᠢ᠎ᠳᠤ ᠨᠡᠢ᠌ᠳᠡᠮ᠎ᠳᠤ᠎ᠨᠢ ᠪᠠᠢ᠌ᠴᠠᠭ᠋ᠠᠯᠲᠠ ᠬᠢᠬᠦ ᠠᠯᠪᠠᠨ ᠭᠡᠷ᠎ᠠᠴᠠ ᠪᠦᠬᠦ ᠣᠷᠣᠨ᠎ᠤ ᠨᠡᠢ᠌ᠳᠡᠮ᠎ᠳᠤ᠎ᠨᠢ ᠪᠠᠢ᠌ᠴᠠᠭ᠋ᠠᠵᠤ ᠡᠷᠦᠬᠡ᠎ᠳᠤ ᠣᠷᠣᠵᠤ ᠪᠠᠢ᠌ᠴᠠᠭ᠋ᠠᠭᠰᠠᠨ ᠲᠣᠭ᠎ᠠ ᠪᠠᠷᠢᠮᠲᠠ ᠵᠢ ᠲᠥᠪᠯᠡᠷᠡᠭᠦᠯᠵᠦ ᠬᠢᠨᠠᠨ ᠬᠠᠷᠭᠤᠭᠤᠯᠬᠤ ᠪᠣᠯᠪᠠᠰᠤᠷᠠᠯ᠎ᠤᠨ ᠠᠩᠭᠢ ᠵᠢ ᠡᠷᠬᠢᠯᠡᠪᠡ
ᠥᠪᠥᠷ ᠮᠣᠩᠭᠣᠯ᠎ᠤᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠪᠡᠯᠡᠳᠬᠡᠮᠵᠢ ᠵᠢᠨ ᠣᠯᠠᠨ ᠨᠡᠢ᠌ᠲᠡ᠎ᠳᠤ ᠨᠡᠭᠡᠭᠡᠯᠲᠡ ᠬᠢᠬᠦ ᠠᠵᠢᠯᠯᠠᠭ᠎ᠠ᠎ᠨᠢ ᠠᠩᠬᠠᠳᠠᠭᠴᠢ ᠰᠠᠯᠠᠭ᠎ᠠ ᠠᠵᠤ ᠠᠬᠤᠢ᠌ᠯᠠᠯ᠎ᠤᠨ ᠪᠦᠯᠬᠦᠮ ᠨᠡᠢ᠌ᠲᠡ ᠵᠢ ᠤᠭᠲᠤᠨ ᠠᠪᠴᠤ ᠲᠣᠭᠣᠷᠢᠨ ᠦᠵᠡᠭᠦᠯᠪᠡ
ᠦᠬᠠᠢ ᠬᠣᠲᠠ ᠵᠢᠴᠢ ᠡᠷᠭᠢᠨ ᠲᠣᠭᠣᠷᠢᠨ᠎ᠤ ᠭᠠᠵᠠᠷ ᠣᠷᠣᠨ᠎ᠤ ᠠᠭ᠋ᠠᠷ ᠮᠠᠨᠳᠠᠯ᠎ᠤᠨ ᠪᠣᠬᠢᠷᠲᠤᠯ᠎ᠢ ᠬᠣᠯᠪᠣᠭ᠋ᠠᠯᠠᠨ ᠰᠡᠷᠭᠡᠢ᠌ᠯᠡᠨ ᠬᠣᠯᠪᠣᠭ᠋ᠠᠯᠠᠨ ᠡᠵᠡᠮᠳᠡᠵᠦ ᠬᠣᠯᠪᠣᠭ᠋ᠠᠯᠠᠨ ᠵᠠᠰᠠᠬᠤ ᠠᠵᠢᠯ᠎ᠤᠨ ᠠᠬᠢᠭᠤᠯᠬᠤ ᠬᠤᠷᠠᠯ᠎ᠢ ᠬᠤᠷᠠᠯᠳᠤᠭᠤᠯᠪᠠ
 
             蒙ICP备05000248号