2017 ᠣᠨ᠎ᠤ 11 ᠳ᠋ᠦ᠍ᠭᠡᠷ ᠰᠠᠷ᠎ᠠ ᠵᠢᠨ 21᠎ᠤ ᠡᠳᠤᠷ᠂ ᠶᠡᠷᠤᠩᠬᠡᠢ ᠱᠦᠵᠢ ᠰᠢ ᠵᠢᠨ ᠫᠢᠩ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠰᠦᠨᠢᠳ ᠪᠠᠷᠠᠭᠤᠨ ᠬᠤᠰᠢᠭᠤᠨ᠎ᠤ ᠤᠯᠠᠭ᠋ᠠᠨᠮᠥ᠋ᠴᠢᠷ᠎ᠤᠨ ᠬᠡᠰᠢᠬᠦᠳ᠎ᠲᠤ ᠬᠠᠷᠢᠭᠤ ᠵᠠᠬᠢᠳᠠᠯ ᠢᠯᠡᠬᠡᠵᠥ᠂ 《ᠤᠯᠠᠭ᠋ᠠᠨᠮᠥ᠋ᠴᠢᠷ ᠪᠤᠯ ᠪᠦᠬᠦ ᠤᠯᠤᠰ᠎ᠤᠨ ᠤᠳᠬ᠎ᠠ ᠤᠷᠠᠯᠢᠭ᠎ᠤᠨ ᠹᠷᠤᠨᠲ᠎ᠤᠨ ᠲᠤᠭ ᠮᠥᠨ》 ᠬᠡᠵᠥ ᠮᠠᠭᠳᠠᠨ ᠰᠠᠢ᠌ᠰᠢᠶᠠᠵᠥ᠂ ᠲᠡᠳᠡᠨ᠎ᠢ ᠬᠡᠵᠢᠶᠡᠳᠠ ᠲᠠᠯ᠎ᠠ ᠨᠤᠳᠤᠭ᠎ᠤᠨ 《ᠬᠤᠪᠢᠰᠬᠠᠯᠳᠤ ᠤᠳᠬ᠎ᠠ ᠤᠷᠠᠯᠢᠭ᠎ᠤᠨ ᠬᠦᠩᠬᠡᠨ ᠮᠤᠷᠢᠳᠤ ᠴᠡᠷᠢᠭ》 ᠪᠤᠯᠤᠭ᠋ᠠᠷᠠᠢ ᠬᠡᠵᠥ ᠵᠤᠷᠢᠬ᠍ᠵᠢᠭᠤᠯᠪᠠ᠃ 60 ᠭᠠᠷᠤᠢ ᠵᠢᠯ᠎ᠤᠨ ᠲᠡᠮᠡᠴᠡᠯ᠎ᠤᠨ ᠶᠠᠪᠤᠴᠠ᠎ᠳᠤ ᠪᠤᠢ ᠪᠤᠯᠭ᠋ᠠᠭᠰᠠᠠ ᠤᠯᠠᠭ᠋ᠠᠨᠮᠥ᠋ᠴᠢᠷ᠎ᠤᠨ ᠵᠤᠷᠢᠭ ᠰᠠᠨᠠᠭ᠎ᠠ ᠪᠤᠯ ᠪᠢᠳᠡᠨ᠎ᠤ ᠰᠢᠨ᠎ᠡ ᠴᠠᠭ ᠦᠶ᠎ᠡ ᠵᠢ ᠤᠬᠳᠤᠵᠥ᠂ ᠰᠢᠨ᠎ᠡ ᠴᠠᠭ ᠦᠶ᠎ᠡ᠎ᠳᠤ ᠡᠷᠡᠮᠡᠬᠡᠢ᠌ᠯᠡᠨ ᠤᠷᠤᠭᠰᠢᠯᠠᠬᠤ ᠵᠢᠨ ᠴᠢᠬᠤᠯᠠ ᠤᠶᠤᠨ ᠰᠠᠨᠠᠭ᠋ᠠᠨ᠎ᠤ ᠬᠦᠳᠡᠯᠬᠡᠬᠦ ᠬᠦᠴᠦᠨ ᠮᠥᠨ᠃ ᠤᠯᠠᠭ᠋ᠠᠨᠮᠥ᠋ᠴᠢᠷ᠎ᠤᠨ ᠰᠢᠯᠢᠳᠡᠭ ᠤᠯᠠᠮᠵᠢᠯᠠᠯ᠎ᠢ ᠪᠠᠳᠠᠷᠠᠭᠤᠯᠵᠥ᠂ ᠤᠯᠠᠭ᠋ᠠᠨᠮᠥ᠋ᠴᠢᠷ᠎ᠤᠨ ᠵᠤᠷᠢᠭ ᠰᠠᠨᠠᠭ᠎ᠠ ᠵᠢ ᠪᠠᠳᠠᠷᠠᠭᠤᠯᠬᠤ ᠪᠤᠯ ᠪᠢᠳᠡᠨ᠎ᠤ ᠤᠭ ᠰᠠᠨᠠᠭ᠎ᠠ᠎ᠪᠠᠨ ᠦᠯᠥ ᠮᠠᠷᠳᠠᠨ ᠡᠬᠦᠷᠬᠡ ᠬᠠᠷᠢᠭᠤᠴᠠᠯᠭ᠎ᠠ᠎ᠪᠠᠨ ᠪᠠᠳᠤ ᠴᠡᠭᠡᠵᠢᠯᠡᠵᠥ᠂ ᠦᠵᠡᠰᠬᠦᠯᠡᠩ᠎ᠳᠤ ᠰᠠᠢ᠌ᠬᠠᠨ ᠦᠪᠤᠷ ᠮᠤᠩᠭᠤᠯ ᠵᠶ᠋ᠠᠨ ᠪᠦᠳᠦᠬᠡᠨ ᠪᠠᠢ᠌ᠭᠤᠯᠬᠤ᠂ ᠠᠭᠤᠤ ᠶᠡᠬᠡ ᠲᠤᠮᠳᠠᠳᠤ ᠵᠢᠨ ᠵᠡᠬᠦᠳᠤ᠎ᠪᠠᠨ ᠬᠠᠮᠳᠤ᠎ᠪᠠᠷ ᠲᠡᠷᠭᠡᠯᠰᠢᠬᠦᠯᠬᠦ᠎ᠳᠤ ᠴᠢᠬᠤᠯᠠ ᠠᠴᠢ ᠬᠤᠯᠪᠤᠭᠳᠠᠯ᠎ᠲᠠᠢ ᠶᠤᠮ᠃
ᠨᠢᠬᠡ
ᠤᠯᠠᠭ᠋ᠠᠨᠮᠥ᠋ᠴᠢᠷ᠎ᠤᠨ ᠮᠡᠨᠳᠦᠯᠡᠭᠰᠡᠡ᠎ᠨᠢ ᠨᠠᠮ᠎ᠤᠨ ᠤᠳᠬ᠎ᠠ ᠤᠷᠠᠯᠢᠭ᠎ᠤᠨ ᠱᠤᠭᠤᠮ᠎ᠢ ᠴᠦᠬᠡᠨ ᠲᠤᠭ᠋ᠠᠳᠤ ᠦᠨᠳᠦᠰᠦᠳᠡᠨ᠎ᠤ ᠭᠠᠵᠠᠷ ᠤᠷᠤᠨ᠎ᠳᠤ ᠠᠮᠵᠢᠯᠳᠠ᠎ᠲᠠᠢ ᠦᠢ᠍ᠯᠡᠳᠦᠯᠬᠡᠵᠢᠬᠦᠯᠥᠭᠰᠡᠡ ᠶᠠᠪᠤᠳᠠᠯ ᠪᠤᠯᠬᠤ ᠪᠦᠭᠡᠳ ᠪᠠᠰᠠ ᠴᠦ᠍ ᠬᠤᠪᠢᠰᠬᠠᠯᠳᠤ ᠤᠯᠠᠮᠵᠢᠯᠠᠯ᠎ᠢ ᠤᠯᠠᠮᠵᠢᠯᠠᠨ ᠵᠠᠯᠭ᠋ᠠᠮᠵᠢᠯᠠᠭᠰᠠᠠ ᠴᠢᠬᠤᠯᠠ ᠦᠷ᠎ᠡ ᠪᠦᠳᠦᠬᠡᠯ ᠪᠤᠯᠤᠨ᠎ᠠ᠃ ᠠᠯᠢ ᠡᠷᠳᠡ 1919 ᠣᠨ᠎ᠤ 《5 · 4》᠎ᠤ ᠬᠦᠳᠡᠯᠬᠡᠬᠡᠨ ᠪᠤᠯᠤᠨ 1921 ᠣᠨ᠎ᠳᠤ ᠲᠤᠮᠳᠠᠳᠤ ᠤᠯᠤᠰ᠎ᠤᠨ ᠡᠪ ᠬᠠᠮᠳᠤ ᠨᠠᠮ ᠮᠡᠨᠳᠦᠯᠡᠬᠦ ᠦᠶ᠎ᠡ᠎ᠳᠤ᠂ ᠦᠪᠤᠷ ᠮᠤᠩᠭᠤᠯ᠎ᠤᠨ ᠮᠤᠩᠭᠤᠯ ᠦᠨᠳᠦᠰᠦᠳᠡᠨ᠎ᠤ ᠬᠡᠰᠡᠭ ᠲᠠᠪᠰᠢᠩᠭᠤᠢ ᠵᠠᠯᠠᠭᠤᠴᠤᠳ ᠮᠠᠷᠺᠰ ᠯᠸᠨᠢᠨᠤ ᠦᠵᠡᠯ ᠪᠤᠯᠤᠨ ᠰᠢᠨ᠎ᠡ ᠰᠤᠶᠤᠯ᠎ᠤᠨ ᠬᠤᠪᠢᠰᠬᠠᠯᠳᠤ ᠦᠵᠡᠯ ᠰᠠᠨᠠᠭ᠎ᠠ ᠵᠢ ᠡᠬᠢᠯᠡᠨ ᠬᠦᠯᠢᠶᠡᠨ ᠠᠪᠴᠦ᠂ ᠰᠦᠷ ᠲᠠᠯᠠᠢ᠌ᠴᠠᠳᠠᠢ ᠶᠡᠬᠡ ᠬᠤᠪᠢᠰᠬᠠᠯᠳᠤ ᠤᠷᠤᠯᠴᠠᠨ᠂ ᠬᠤᠪᠢᠰᠬᠠᠯ᠎ᠤᠨ ᠦᠵᠡᠯ ᠰᠠᠨᠠᠭ᠎ᠠ ᠪᠤᠯᠤᠨ ᠰᠢᠨ᠎ᠡ ᠰᠤᠶᠤᠯ᠎ᠤᠨ ᠤᠯᠠᠮᠵᠢᠯᠠᠬ᠍ᠴᠢ ᠪᠤᠯᠪᠠ᠃ 1939 ᠣᠨ᠎ᠳᠤ᠂ ᠨᠠᠮ᠎ᠤᠨ ᠶᠠᠫᠤᠨ᠎ᠢ ᠡᠰᠡᠷᠬᠦᠴᠡᠬᠦ ᠵᠤᠷᠢᠯᠳᠡ ᠪᠤᠯᠤᠨ ᠲᠦᠷᠦ ᠵᠢᠨ ᠪᠤᠳᠤᠯᠭ᠎ᠠ ᠵᠢ ᠤᠬᠠᠭᠤᠯᠬᠤ ᠵᠢᠨ ᠲᠦᠯᠥᠬᠡ᠂ ᠮᠤᠩᠭᠤᠯ ᠦᠨᠳᠦᠰᠦᠳᠡᠨ᠎ᠤ ᠵᠠᠯᠠᠭᠤᠴᠤᠳ ᠪᠠᠭ᠋ᠠᠴᠤᠳ᠎ᠤᠨ ᠤᠷᠠᠨ ᠰᠠᠢ᠌ᠬᠠᠨ᠎ᠤ ᠤᠬᠠᠭᠤᠯᠬᠤ ᠠᠩᠬᠢ ᠬᠤᠪᠢᠰᠬᠠᠯ᠎ᠤᠨ ᠰᠠᠭᠤᠷᠢᠨ ᠭᠠᠵᠠᠷ ᠶᠠᠨ ᠠᠨ᠎ᠳᠤ ᠪᠠᠢ᠌ᠭᠤᠯᠤᠬᠳᠠᠵᠥ᠂ ᠨᠠᠮ᠎ᠤᠨ ᠰᠤᠷᠲᠠᠯ ᠤᠬᠠᠭᠤᠯᠭ᠎ᠠ ᠵᠢᠨ ᠡᠩᠨᠡᠬᠡ ᠵᠢᠨ ᠲᠤᠳᠤᠷᠠᠬᠢ ᠦᠨᠳᠦᠰᠦᠳᠡᠨ᠎ᠤ ᠤᠨᠴᠠᠯᠢᠭ᠎ᠲᠠᠢ ᠬᠦᠴᠦᠨ ᠪᠤᠯᠤᠭᠰᠠᠠ ᠪᠠᠢ᠌ᠨ᠎ᠠ᠃ ᠬᠤᠪᠢᠰᠬᠠᠯ᠎ᠤᠨ ᠪᠠᠢ᠌ᠳᠠᠯ᠎ᠤᠨ ᠬᠦᠭᠵᠢᠯᠳᠡ ᠵᠢ ᠲᠠᠭ᠋ᠠᠯᠳᠤᠨ᠂ 1945 ᠣᠨ᠎ᠳᠤ ᠲᠡᠳᠡ ᠬᠤᠪᠢᠰᠬᠠᠯᠳᠤ ᠤᠳᠬ᠎ᠠ ᠤᠷᠠᠯᠢᠭ᠎ᠤᠨ ᠤᠴᠢ ᠵᠢ ᠦᠪᠤᠷ ᠮᠤᠩᠭᠤᠯ᠎ᠤᠨ ᠲᠠᠯ᠎ᠠ ᠨᠤᠳᠤᠭ᠎ᠲᠤ ᠠᠪᠴᠢᠷᠠᠵᠥ᠂ 1946 ᠣᠨ᠎ᠤ 4 ᠳ᠋ᠦ᠍ᠭᠡᠷ ᠰᠠᠷ᠎ᠠ᠎ᠳᠤ ᠴᠦᠭᠡᠨ ᠲᠤᠭ᠋ᠠᠳᠤ ᠦᠨᠳᠦᠰᠦᠳᠡᠨ᠎ᠤ ᠭᠠᠵᠠᠷ ᠤᠷᠤᠨ᠎ᠤ ᠨᠢᠬᠡᠨ ᠰᠠᠯᠠᠭ᠎ᠠ ᠵᠢᠩᠬᠢᠨᠢ ᠤᠷᠠᠨ ᠰᠠᠢ᠌ᠬᠠᠨ᠎ᠤ ᠪᠦᠯᠬᠦᠮ — ᠦᠪᠤᠷ ᠮᠤᠩᠭᠤᠯ᠎ᠤᠨ ᠤᠷᠠᠨ ᠰᠠᠢ᠌ᠬᠠᠨ᠎ᠤ ᠪᠦᠯᠬᠦᠮ᠎ᠢ ᠪᠠᠢ᠌ᠭᠤᠯᠪᠠ᠃ ᠡᠨᠡ ᠬᠦ᠌ ᠡᠩᠨᠡᠬᠡ᠎ᠨᠢ ᠬᠦᠮᠦᠨ ᠴᠦᠬᠡᠨ ᠴᠤ᠌ ᠬᠦᠴᠦᠨ ᠲᠡᠬᠦᠯᠳᠡᠷ ᠪᠠᠢ᠌ᠵᠤ᠂ ᠲᠤᠭᠯᠠᠬ᠍ᠴᠢᠳᠨᠢ ᠪᠢᠴᠢᠭ ᠴᠡᠷᠢᠭ᠎ᠤᠨ ᠡᠷᠳᠡᠮ᠎ᠢ ᠬᠤᠤᠰᠯᠠᠭᠤᠯᠤᠨ᠂ ᠨᠠᠮ᠎ᠤᠨ ᠤᠳᠬ᠎ᠠ ᠤᠷᠠᠯᠢᠭ᠎ᠤᠨ ᠴᠢᠭᠯᠡᠯᠳᠡ ᠵᠢ ᠡᠷᠡᠰ ᠬᠡᠷᠡᠭᠵᠢᠬᠦᠯᠵᠥ᠂ ᠮᠠᠤ ᠽᠸ ᠳ᠋ᠦᠩ ᠨᠦᠬᠦᠷ᠎ᠤᠨ ᠶᠠᠨ ᠠᠨ᠎ᠤ ᠤᠳᠬ᠎ᠠ ᠤᠷᠠᠯᠢᠭ᠎ᠤᠨ ᠶᠠᠷᠢᠯᠴᠠᠬᠤ ᠬᠤᠷᠡᠯ ᠳᠡᠭᠡᠷ᠎ᠡ ᠬᠡᠯᠡᠭᠰᠡᠨ ᠦᠬᠡ ᠵᠢᠨ ᠵᠤᠷᠢᠭ ᠰᠠᠨᠠᠭ᠎ᠠ ᠵᠢ ᠡᠷᠡᠰ ᠲᠤᠭᠤᠰᠢᠯᠠᠭᠤᠯᠵᠥ᠂ ᠬᠤᠪᠢᠰᠬᠠᠯᠳᠤ ᠲᠡᠮᠡᠴᠡᠯ᠎ᠢ ᠡᠷᠡᠰ ᠶᠠᠪᠤᠭᠤᠯᠵᠥ᠂ ᠨᠢᠬᠡ ᠲᠠᠯ᠎ᠠ᠎ᠪᠠᠷ ᠲᠠᠢ᠌ᠰᠤᠨᠲᠠᠢ ᠴᠢᠰᠤᠨ ᠪᠠᠢ᠌ᠯᠳᠤᠭ᠋ᠠᠨ ᠬᠢᠵᠤ᠂ ᠨᠦᠬᠦᠬᠡ ᠲᠠᠯ᠎ᠠ᠎ᠪᠠᠷ ᠪᠠᠢ᠌ᠯᠳᠤᠭᠴᠢᠳ ᠪᠤᠯᠤᠨ ᠮᠠᠯᠴᠢᠨ ᠲᠠᠷᠢᠶᠠᠴᠢᠨ᠎ᠳᠤ ᠲᠤᠭᠯᠠᠯᠳᠡ ᠭᠠᠷᠭ᠋ᠠᠨ ᠦᠭᠴᠤ᠂ ᠤᠳᠬ᠎ᠠ ᠤᠷᠠᠯᠢᠭ᠎ᠤᠨ ᠬᠡᠯᠪᠡᠷᠢ᠎ᠪᠠᠷ ᠬᠤᠪᠢᠰᠬᠠᠯ᠎ᠤᠨ ᠦᠵᠡᠯ ᠰᠠᠨᠠᠭ᠎ᠠ ᠵᠢ ᠤᠬᠠᠭᠤᠯᠵᠥ᠂ ᠤᠯᠠᠨ ᠲᠦᠮᠡᠨ᠎ᠢ ᠬᠦᠮᠥᠵᠢᠬᠦᠯᠥᠨ ᠲᠠᠢ᠌ᠴᠢᠯᠠᠵᠥ᠂ ᠦᠪᠤᠷ ᠮᠤᠩᠭᠤᠯ᠎ᠤᠨ ᠴᠢᠯᠥᠬᠡᠯᠡᠯᠳᠡ ᠵᠢᠨ ᠦᠢ᠍ᠯᠡᠰ᠎ᠢ ᠬᠦᠴᠦᠳᠠᠢ ᠲᠡᠮᠵᠢᠭᠰᠡᠡ ᠪᠦᠭᠡᠳ ᠴᠦᠭᠡᠨ ᠲᠤᠭ᠋ᠠᠳᠤ ᠦᠨᠳᠦᠰᠦᠳᠡᠨ᠎ᠤ ᠨᠢᠬᠡ ᠪᠦᠯᠦᠭ ᠰᠤᠶᠤᠯ᠎ᠤᠨ ᠭᠤᠤᠯ ᠬᠦᠴᠦᠨ᠎ᠢ ᠬᠦᠮᠥᠵᠢᠬᠦᠯᠵᠥ ᠪᠤᠯᠪᠠᠰᠤᠷᠠᠭᠤᠯᠤᠭᠰᠠᠠ ᠪᠠᠢ᠌ᠨ᠎ᠠ᠃ 1947 ᠣᠨ᠎ᠳᠤ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ ᠪᠠᠢ᠌ᠭᠤᠯᠤᠭᠳᠠᠭᠰᠠᠠᠤ ᠲᠠᠷᠠᠭ᠎ᠠ᠂ ᠬᠤᠪᠢᠰᠬᠠᠯ᠎ᠤᠨ ᠤᠳᠬ᠎ᠠ ᠤᠷᠠᠯᠢᠭ᠂ ᠨᠤᠮ ᠬᠡᠪᠯᠡᠯ᠂ ᠷᠠᠳᠢᠣ᠋ ᠺᠢᠨᠣ᠋ ᠵᠡᠷᠬᠡ ᠠᠵᠢᠯ ᠦᠢ᠍ᠯᠡᠰ ᠦᠭᠡᠢ᠎ᠠᠴᠠ᠎ᠪᠠᠨ ᠪᠠᠢ᠌ᠬᠤ ᠪᠤᠯᠵᠥ᠂ ᠪᠠᠭ᠎ᠠ᠎ᠠᠴᠠ᠎ᠪᠠᠨ ᠶᠡᠬᠡ ᠪᠤᠯᠵᠥ᠂ ᠮᠠᠰᠢ ᠤᠯᠠᠨ ᠤᠷᠠᠨ ᠵᠤᠬᠢᠶᠠᠯ᠂ ᠰᠢ ᠵᠦᠴᠦᠬᠡ᠂ ᠲᠠᠭᠤᠤ ᠬᠦᠭᠵᠢᠮ᠂ ᠪᠦᠵᠢᠭ᠂ ᠤᠷᠠᠨ ᠵᠢᠷᠤᠭ᠎ᠤᠨ ᠰᠢᠯᠢᠳᠡᠭ ᠪᠦᠳᠦᠬᠡᠯ᠎ᠢ ᠵᠤᠬᠢᠶᠠᠨ ᠪᠦᠳᠦᠬᠡᠪᠠ᠃ 1957 ᠣᠨ᠎ᠤ 5 ᠳ᠋ᠤᠭ᠋ᠠᠷ ᠰᠠᠷ᠎ᠠ᠎ᠳᠤ᠂ ᠨᠠᠮ᠎ᠤᠨ ᠴᠢᠭᠯᠡᠯᠲᠡ ᠲᠦᠷᠦ ᠵᠢᠨ ᠪᠤᠲᠤᠯᠭ᠎ᠠ ᠵᠢ ᠴᠠᠭ ᠲᠤᠬᠠᠢᠳᠤᠨᠢ ᠤᠬᠠᠭᠤᠯᠤᠨ ᠲᠤᠭᠤᠰᠢᠯᠠᠭᠤᠯᠵᠦ᠂ ᠦᠷᠭᠡᠡ ᠤᠯᠠᠠ ᠮᠠᠯᠴᠢᠨ ᠲᠠᠷᠢᠶᠠᠴᠢᠨ᠎ᠳᠤ ᠰᠤᠶᠤᠯ᠎ᠤᠨ ᠠᠮᠢᠲᠤᠷᠠᠯ ᠲᠤᠲᠠᠭᠲᠠᠵᠦ ᠪᠠᠢ᠌ᠭ᠎ᠠ ᠠᠰᠠᠭᠤᠲᠠᠯ᠎ᠢ ᠰᠢᠢ᠍ᠳᠪᠦᠷᠢᠯᠡᠬᠦ ᠵᠢᠨ ᠲᠦᠯᠦᠭᠡ᠂ ᠦᠪᠡᠷᠲᠡᠭᠡᠡ ᠵᠠᠰᠠᠬᠤ ᠤᠷᠤᠨ᠎ᠤ ᠰᠤᠶᠤᠯ᠎ᠤᠨ ᠲᠤᠪᠴᠢᠶ᠎ᠠ ᠨᠢᠭᠡ ᠬᠤᠭᠤᠴᠠᠭ᠎ᠠ ᠬᠦᠨᠵᠡᠭᠡᠢ ᠪᠠᠢ᠌ᠴᠠᠭ᠋ᠠᠠ ᠰᠤᠲᠤᠯᠤᠯᠲᠠ ᠬᠢᠬᠦ᠎ᠪᠠᠷ ᠲᠠᠮᠵᠢᠨ ᠮᠠᠯᠵᠢᠬᠤ ᠤᠷᠤᠨ ᠪᠠ ᠬᠠᠭ᠋ᠠᠰ ᠮᠠᠯᠵᠢᠬᠤ ᠬᠠᠭ᠋ᠠᠰ ᠲᠠᠷᠢᠶᠠᠯᠠᠬᠤ ᠤᠷᠤᠨ᠎ᠤ ᠨᠤᠲᠤᠭ ᠲᠡᠪᠢᠰᠭᠡᠷ ᠦᠷᠭᠡᠡ ᠠᠭᠤᠲᠠᠮ᠂ ᠰᠠᠭᠤᠷᠢᠰᠢᠯ ᠲᠠᠷᠠᠬᠠᠢ ᠪᠤᠲᠠᠷᠬᠠᠢ᠂ ᠵᠠᠮ ᠬᠠᠷᠢᠯᠴᠠᠭ᠎ᠠ ᠲᠦᠭᠦᠮ ᠦᠭᠡᠢ ᠪᠤᠯᠬᠤᠷ ᠲᠤᠮᠤ ᠲᠤᠮᠲᠠ ᠬᠡᠯᠪᠡᠷᠢ ᠵᠢᠨ ᠤᠳᠬ᠎ᠠ ᠤᠷᠠᠯᠢᠭ᠎ᠤᠨ ᠪᠦᠯᠬᠦᠮ᠎ᠤᠨ ᠲᠤᠭᠯᠠᠯᠲᠠ ᠭᠠᠷᠭ᠋ᠠᠬᠤ ᠠᠵᠢᠯᠯᠠᠭ᠎ᠠ ᠦᠷᠨᠢᠬᠦᠯᠬᠦ᠎ᠳᠤ ᠵᠤᠬᠢᠴᠠᠬᠤ ᠦᠭᠡᠢ ᠪᠦᠭᠡᠳ ᠬᠤᠰᠢᠭᠤ ᠰᠢᠶᠠᠠ᠎ᠤ ᠰᠤᠶᠤᠯ᠎ᠤᠨ ᠤᠷᠲᠤᠨ᠎ᠨᠢ ᠵᠢᠭᠰᠠᠭ᠋ᠠᠯ᠎ᠤᠨ ᠭᠠᠵᠠᠷ᠎ᠤᠨ ᠰᠤᠶᠤᠯ᠎ᠤᠨ ᠠᠵᠢᠯᠯᠠᠭ᠎ᠠ᠎ᠪᠠᠷ ᠭᠤᠤᠯᠲᠠᠭᠤᠯᠵᠦ ᠪᠠᠢ᠌ᠭᠰᠠᠠ ᠪᠤᠯᠬᠤᠷ ᠮᠠᠯᠴᠢᠨ ᠲᠠᠷᠢᠶᠠᠴᠢᠨ᠎ᠤ ᠭᠡᠷᠡᠭᠴᠡᠭᠡ ᠱᠠᠭ᠋ᠠᠷᠲᠠᠯᠭ᠎ᠠ ᠵᠢ ᠬᠤᠯᠠ ᠬᠠᠩᠭ᠋ᠠᠵᠦ ᠲᠡᠢ᠌ᠯᠬᠦ ᠦᠭᠡᠢ ᠭᠡᠵᠦ ᠦᠵᠡᠭᠡᠳ᠂ ᠮᠠᠯᠵᠢᠬᠤ ᠤᠷᠤᠨ ᠰᠦᠨᠢᠳ ᠪᠠᠷᠠᠭᠤᠨ ᠬᠤᠰᠢᠭᠤ ᠪᠤᠯᠤᠨ ᠬᠠᠭ᠋ᠠᠰ ᠮᠠᠯᠵᠢᠬᠤ ᠬᠠᠭ᠋ᠠᠰ ᠲᠠᠷᠢᠶᠠᠯᠠᠬᠤ ᠤᠷᠤᠨ ᠤᠩᠨᠢᠭᠤᠳ ᠬᠤᠰᠢᠭᠤᠠ᠎ᠳᠤ ᠲᠤᠷᠰᠢᠯᠲᠠ ᠵᠢᠨ ᠴᠡᠭ ᠪᠠᠢ᠌ᠭᠤᠯᠵᠦ᠂ ᠨᠢᠭᠡᠡ ᠰᠠᠯᠠᠭ᠎ᠠ ᠨᠡᠭᠦᠲᠡᠯ ᠪᠠᠭ᠎ᠠ ᠬᠡᠯᠪᠡᠷᠢ ᠵᠢᠨ ᠰᠤᠶᠤᠯ᠎ᠤᠨ ᠠᠵᠢᠯᠯᠠᠬᠤ ᠠᠨᠭ᠌ᠭᠢ ᠵᠢ ᠪᠠᠢ᠌ᠭᠤᠯᠬᠤ᠎ᠪᠠᠷ ᠲᠤᠭᠲᠠᠭᠰᠠᠠ ᠪᠠᠢ᠌ᠨ᠎ᠠ᠂ ᠲᠡᠷᠡᠴᠢᠯᠡᠨ ᠡᠨᠡ ᠰᠠᠯᠠᠭ᠎ᠠ ᠰᠤᠶᠤᠯ᠎ᠤᠨ ᠠᠵᠢᠯᠯᠠᠬᠤ ᠠᠩᠭᠢ᠎ᠳᠤ ᠭᠤᠤᠯ ᠵᠤᠷᠢᠯᠲᠠ᠎ᠪᠠᠨ ᠢᠯᠡᠷᠡᠭᠦᠯᠵᠦ ᠲᠡᠢ᠌ᠯᠬᠦ ᠪᠦᠭᠡᠳ ᠪᠠᠰᠠ ᠪᠠᠶᠠᠯᠢᠭ ᠰᠠᠢ᠌ᠬᠠᠨ ᠦᠨᠲᠦᠰᠦᠲᠡᠡ᠎ᠤ ᠤᠨᠴᠠᠯᠢᠭ᠎ᠲᠠᠢ᠂ ᠠᠮᠢᠵᠢᠷᠠᠯ᠎ᠤᠨ ᠬᠦᠴᠤᠨ ᠪᠠ ᠬᠦᠰᠡᠯ ᠡᠷᠡᠮᠡᠯᠵᠡᠯ ᠪᠢᠯᠬᠠᠭᠰᠠᠠ ᠤᠯᠠᠭ᠋ᠠᠠᠮᠥ᠋ᠴᠢᠷ ᠭᠡᠰᠡᠡ ᠨᠡᠷ᠎ᠠ ᠦᠭᠴᠠᠢ᠃ ᠲᠤᠷᠰᠢᠯᠲᠠ ᠵᠢᠨ ᠴᠡᠭ᠎ᠤᠨ ᠠᠵᠢᠯ ᠠᠮᠵᠢᠯᠲᠠ ᠤᠯᠤᠭᠰᠠᠠ᠎ᠤ ᠲᠠᠷᠠᠭ᠎ᠠ᠂ ᠦᠪᠡᠷᠲᠡᠭᠡᠡ ᠵᠠᠰᠠᠬᠤ ᠤᠷᠤᠨ 《ᠤᠯᠠᠭ᠋ᠠᠠᠮᠥ᠋ᠴᠢᠷᠤᠨ ᠠᠵᠢᠯ᠎ᠤᠨ ᠲᠤᠷᠰᠢᠨ ᠭᠡᠷᠡᠭᠵᠢᠭᠦᠯᠬᠦ ᠲᠦᠷᠢᠮ》᠎ᠢ ᠲᠤᠭᠲᠠᠭ᠋ᠠᠵᠦ᠂ ᠮᠠᠯᠵᠢᠬᠤ ᠤᠷᠤᠨ ᠪᠤᠯᠤᠨ ᠬᠠᠭ᠋ᠠᠰ ᠮᠠᠯᠵᠢᠬᠤ ᠬᠠᠭ᠋ᠠᠰ ᠲᠠᠷᠢᠶᠠᠯᠠᠬᠤ ᠤᠷᠤᠨ᠎ᠳᠤ ᠨᠡᠢ᠌ᠲᠡᠮ᠎ᠳᠤᠨᠢ ᠤᠯᠠᠭ᠋ᠠᠠᠮᠥ᠋ᠴᠢᠷ ᠪᠠᠢ᠌ᠭᠤᠯᠪᠠ᠃ ᠦᠪᠡᠷᠲᠡᠭᠡᠡ ᠵᠠᠰᠠᠬᠤ ᠤᠷᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠤᠷᠲᠤᠨ᠎ᠠᠴᠠ ᠤᠯᠠᠭ᠋ᠠᠠᠮᠥ᠋ᠴᠢᠷᠲᠤ ᠲᠤᠭᠯᠠᠯᠲᠠ ᠭᠠᠷᠭ᠋ᠠᠬᠤ᠂ ᠤᠬᠠᠭᠤᠯᠭ᠎ᠠ ᠬᠢᠬᠦ᠂ ᠬᠠᠪᠰᠤᠷᠤᠨ ᠵᠢᠯᠤᠭᠤᠳᠬᠤ᠂ ᠦᠢ᠍ᠯᠡᠴᠢᠯᠡᠬᠡ ᠬᠢᠬᠦ ᠲᠦᠷᠪᠠᠠ ᠲᠠᠯ᠎ᠠ ᠵᠢᠨ ᠭᠤᠤᠯ ᠡᠬᠦᠷᠭᠡ ᠬᠠᠷᠢᠭᠤᠴᠠᠯᠭ᠎ᠠ ᠵᠢ ᠲᠤᠲᠤᠷᠬᠠᠢ᠌ᠯᠠᠭᠰᠠᠠ ᠪᠠᠢ᠌ᠨ᠎ᠠ᠃
ᠤᠯᠠᠭ᠋ᠠᠠᠮᠥ᠋ᠴᠢᠷ ᠪᠠᠢ᠌ᠭᠤᠯᠤᠭᠲᠠᠭᠰᠠᠠᠨᠢ ᠨᠠᠮ᠎ᠤᠨ ᠱᠠᠭ᠋ᠠᠷᠲᠠᠯᠭ᠎ᠠ ᠪᠤᠯᠤᠨ ᠠᠷᠠᠳ ᠲᠦᠮᠡᠠᠤ ᠬᠦᠰᠡᠯ ᠵᠤᠷᠢᠯᠲᠠ ᠵᠢ ᠢᠯᠡᠷᠡᠭᠦᠯᠵᠦ᠂ ᠪᠠᠢ᠌ᠭᠤᠯᠤᠭᠲᠠᠭᠰᠠᠠ ᠲᠡᠷᠡ ᠡᠲᠦᠷ᠎ᠠᠴᠠ᠎ᠪᠠᠨ ᠡᠬᠢᠯᠡᠨ ᠮᠠᠯᠴᠢᠨ ᠲᠠᠷᠢᠶᠠᠴᠢᠠ᠎ᠤ ᠬᠦᠷᠢᠶᠡᠯᠡᠯ ᠪᠠᠬᠠᠷᠬᠠᠯ᠎ᠢ ᠤᠯᠵᠦ᠂ ᠦᠷᠭᠡᠡ ᠤᠯᠠᠠ ᠮᠠᠯᠴᠢᠨ ᠲᠠᠷᠢᠶᠠᠴᠢᠠ ᠡᠨᠡ ᠦᠶ᠎ᠠ᠎ᠠᠴᠠ ᠡᠬᠢᠯᠡᠬᠡᠳ ᠬᠤᠲᠠ ᠤᠰᠤ᠎ᠠᠴᠠ᠎ᠪᠠᠨ ᠭᠠᠷᠬᠤ ᠦᠭᠡᠢ᠎ᠪᠠᠷ᠂ ᠮᠤᠩᠭᠤᠯ ᠭᠡᠷ᠎ᠠᠴᠠ᠎ᠪᠠᠨ ᠭᠠᠷᠬᠤ ᠦᠭᠡᠢ᠎ᠪᠠᠷ ᠡᠬᠦᠲᠡᠡᠳᠤᠨᠢ ᠬᠦᠷᠭᠡᠵᠤ ᠢᠷᠡᠭᠰᠡᠨ ᠤᠳᠬ᠎ᠠ ᠤᠷᠠᠯᠢᠭ᠎ᠤᠨ ᠲᠤᠭᠯᠠᠯᠲᠠ ᠵᠢ ᠤᠯᠵᠦ ᠰᠤᠨᠢᠷᠬᠠᠬᠤ ᠪᠤᠯᠵᠦ᠂ ᠨᠠᠮ᠎ᠤᠨ ᠴᠢᠭᠯᠡᠯᠲᠡ ᠲᠦᠷᠦ ᠵᠢᠨ ᠪᠤᠲᠤᠯᠭ᠎ᠠ ᠪᠤᠯᠤᠨ ᠤᠯᠤᠰ᠎ᠤᠨ ᠲᠤᠲᠤᠭ᠋ᠠᠲᠤ ᠭᠠᠲᠠᠭ᠋ᠠᠲᠤ ᠵᠢᠨ ᠲᠤᠮᠤ ᠭᠡᠷᠡᠭ ᠤᠴᠢᠷ᠎ᠢ ᠮᠡᠲᠡᠵᠦ ᠲᠡᠢ᠌ᠯᠬᠦ ᠪᠤᠯᠵᠠᠢ᠃ ᠤᠯᠠᠭ᠋ᠠᠠᠮᠥ᠋ᠴᠢᠷᠨᠢ ᠶᠠᠠ ᠠᠠᠤ ᠤᠳᠬ᠎ᠠ ᠤᠷᠠᠯᠢᠭ᠎ᠤᠨ ᠤᠬᠠᠭᠤᠯᠬᠤ ᠠᠩᠭᠢ ᠪᠤᠯᠤᠨ ᠬᠤᠪᠢᠰᠬᠠᠯᠲᠦ ᠲᠡᠢ᠌ᠨ᠎ᠤ ᠣᠨ ᠵᠢᠯ᠎ᠤᠳ᠎ᠲᠠᠬᠢ ᠦᠪᠦᠷ ᠮᠤᠩᠭᠤᠯ᠎ᠤᠨ ᠤᠷᠠᠠ ᠰᠠᠢ᠌ᠬᠠᠠᠤ ᠪᠦᠯᠬᠦᠮ᠎ᠤᠨ ᠬᠦᠮᠦᠨ ᠴᠦᠬᠡᠨ ᠴᠤ᠌ ᠬᠦᠴᠦᠨ ᠲᠡᠬᠦᠯᠳᠡᠷ᠂ ᠲᠤᠭᠯᠠᠭᠴᠢᠳ᠎ᠨᠢ ᠨᠢᠭᠡ ᠵᠦᠢ᠍ᠯ᠎ᠳᠤ ᠮᠡᠷᠭᠡᠰᠢᠨ ᠤᠯᠠᠠ ᠲᠠᠯ᠎ᠠ ᠵᠢᠨ ᠠᠵᠢᠯ᠎ᠢ ᠬᠢᠵᠤ ᠴᠢᠲᠠᠬᠤ ᠤᠨᠴᠠᠯᠢᠭ᠎ᠢ ᠵᠠᠯᠭ᠋ᠠᠮᠵᠢᠯᠠᠵᠦ᠂ ᠲᠤᠨᠤᠭᠯᠠᠯ᠎ᠨᠢ ᠬᠦᠩᠭᠡᠡ ᠪᠦᠭᠡᠳ ᠤᠶᠠᠠ ᠬᠠᠲᠠᠠ᠂ ᠲᠤᠭᠯᠠᠯᠲᠠ᠎ᠨᠢ ᠵᠢᠵᠢᠭ ᠬᠡᠯᠪᠡᠷᠢ ᠵᠢᠨ ᠪᠦᠭᠡᠳ ᠤᠯᠠᠠ ᠶᠠᠩᠵᠦ ᠵᠢᠨ᠂ ᠠᠭᠤᠯᠭ᠎ᠠ᠎ᠨᠢ ᠮᠠᠯᠴᠢᠨ ᠲᠠᠷᠢᠶᠠᠴᠢᠠ᠎ᠤ ᠦᠢ᠍ᠯᠡᠳᠪᠦᠷᠢᠯᠡᠯ ᠠᠮᠢᠲᠤᠷᠠᠯ᠎ᠲᠠᠢ ᠤᠢ᠌ᠷᠠᠲᠤᠭᠰᠠᠠ ᠪᠠᠢ᠌ᠵᠤ᠂ ᠨᠡᠢ᠌ᠭᠡᠮ ᠵᠢᠷᠤᠮ᠎ᠤᠨ ᠰᠤᠶᠤᠯ᠎ᠤᠨ ᠤᠬᠠᠭᠤᠯᠬᠤ ᠠᠩᠭᠢ᠂ ᠴᠡᠴᠡᠭᠯᠡᠬᠦᠯᠤᠨ ᠬᠦᠭᠵᠢᠬᠦᠯᠬᠦ ᠠᠩᠭᠢ ᠪᠤᠯᠤᠭᠰᠠᠠ ᠪᠦᠭᠡᠳ ᠮᠠᠯᠴᠢᠨ ᠲᠠᠷᠢᠶᠠᠴᠢᠠ᠎ᠤ ᠦᠢ᠍ᠯᠡᠳᠪᠦᠷᠢᠯᠡᠯ ᠠᠮᠢᠲᠤᠷᠠᠯ᠎ᠤᠨ ᠦᠢ᠍ᠯᠡᠴᠢᠯᠡᠭᠡᠡᠤ ᠠᠩᠭᠢ ᠪᠤᠯᠪᠡ᠃ ᠮᠠᠯᠴᠢᠨ ᠲᠠᠷᠢᠶᠠᠴᠢᠳ ᠤᠯᠠᠭ᠋ᠠᠠᠮᠥ᠋ᠴᠢᠷᠢ 《ᠮᠠᠤ ᠲᠡᠷᠢᠭᠦᠯᠡᠭᠴᠢ ᠵᠢᠨ ᠲᠤᠮᠢᠯᠠᠵᠦ ᠢᠷᠡᠭᠦᠯᠦᠭᠰᠡᠡ ᠲᠤᠬᠤᠨᠢᠭᠤᠯᠬᠤ ᠠᠩᠭᠢ》 ᠭᠡᠵᠦ ᠲᠤᠲᠤᠨᠤᠰᠤᠭ ᠵᠶ᠋ᠡᠷ ᠬᠡᠯᠡᠳᠡᠭ ᠪᠠᠢ᠌ᠪᠠ᠃ ᠮᠠᠤ ᠽᠸ ᠳ᠋ᠦᠩ᠂ ᠵᠸᠤ ᠡᠸᠠ ᠯᠠᠢ᠂ ᠳ᠋ᠸᠩ ᠰᠢᠶᠤᠤ ᠫᠢᠩ ᠵᠡᠷᠭᠡ ᠠᠬᠠᠮᠠᠳ ᠨᠢᠭᠡ ᠦᠶ᠎ᠠ ᠵᠢᠨ ᠬᠤᠪᠢᠰᠬᠠᠯᠴᠢᠳ ᠤᠯᠠᠭ᠋ᠠᠠᠮᠥ᠋ᠴᠢᠷᠤᠨ ᠲᠤᠭᠯᠠᠯᠲᠠ ᠵᠢ ᠤᠯᠠᠠ ᠤᠲᠠᠭ᠎ᠠ ᠰᠤᠨᠢᠷᠬᠠᠨ᠂ ᠤᠯᠠᠭ᠋ᠠᠠᠮᠥ᠋ᠴᠢᠷᠤᠨ ᠭᠡᠰᠢᠭᠦᠳ᠎ᠲᠠᠢ ᠠᠭᠤᠯᠵᠠᠵᠦ᠂ ᠤᠯᠠᠭ᠋ᠠᠠᠮᠥ᠋ᠴᠢᠷᠢ 《ᠰᠤᠷᠤᠯᠴᠠᠭᠤᠰᠢᠲᠠᠢ ᠨᠡᠢ᠌ᠭᠡᠮ ᠵᠢᠷᠤᠮ᠎ᠤᠨ ᠤᠳᠬ᠎ᠠ ᠤᠷᠠᠯᠢᠭ᠎ᠤᠨ ᠹᠷᠤᠨᠲ᠎ᠤᠨ ᠨᠢᠭᠡᠨ ᠲᠤᠭ ᠮᠦᠨ》 ᠭᠡᠵᠦ ᠮᠠᠭᠲᠠᠵᠤ᠂ ᠪᠦᠬᠦ ᠤᠯᠤᠰ᠎ᠤᠨ ᠤᠳᠬ᠎ᠠ ᠤᠷᠠᠯᠢᠭ᠎ᠤᠨ ᠡᠲᠡᠭᠡᠳ᠎ᠤᠨ᠎ᠬᠢᠨ᠎ᠢ 《ᠦᠪᠦᠷ ᠮᠤᠩᠭᠤᠯ᠎ᠤᠨ ᠤᠯᠠᠭ᠋ᠠᠠᠮᠥ᠋ᠴᠢᠷᠠᠴᠠᠲᠠᠭᠠᠨ ᠰᠤᠷᠤᠯᠴᠠᠲᠤᠭ᠋ᠠᠢ》 ᠭᠡᠵᠦ ᠰᠠᠨᠠᠭ᠋ᠠᠴᠢᠯᠠᠪᠠ᠃ 1965 ᠣᠨ᠎ᠳᠤ᠂ ᠶᠡᠷᠦᠩᠭᠡᠢ ᠰᠠᠢ᠌ᠳ ᠵᠸᠤ ᠡᠸᠠ ᠯᠠᠢ ᠵᠢᠨ ᠬᠤᠪᠢᠰᠬᠠᠯᠲᠦ ᠲᠠᠭᠤᠤ ᠬᠦᠭᠵᠢᠮ ᠪᠦᠵᠢᠭ᠎ᠢ ᠪᠦᠬᠦ ᠤᠯᠤᠰ᠎ᠲᠤ ᠲᠠᠭᠤᠷᠢᠰᠤᠭᠤᠯᠤᠨ᠂ ᠠᠷᠠᠳ ᠲᠦᠮᠡᠡᠢ ᠵᠤᠷᠢᠠᠠᠵᠢᠭᠤᠯᠬᠤ ᠭᠡᠷᠡᠭᠲᠡᠢ ᠭᠡᠰᠡᠡ ᠱᠠᠭ᠋ᠠᠷᠲᠠᠯᠭ᠎ᠠ ᠶᠤᠰᠤᠭ᠋ᠠᠷ᠂ ᠤᠯᠠᠭ᠋ᠠᠠᠮᠥ᠋ᠴᠢᠷ ᠪᠦᠬᠦ ᠤᠯᠤᠰ᠎ᠤᠨ ᠡᠯ᠎ᠠ ᠭᠠᠵᠠᠷ᠎ᠲᠤ ᠲᠤᠭᠤᠷᠢᠨ ᠲᠤᠭᠯᠠᠯᠲᠠ ᠭᠠᠷᠭ᠋ᠠᠵᠦ᠂ ᠦᠢ᠍ᠯᠡᠳᠪᠦᠷᠢ᠂ ᠬᠦᠲᠡᠭᠡ ᠲᠤᠰᠬᠤᠨ᠂ ᠮᠠᠯᠵᠢᠬᠤ ᠤᠷᠤᠨ᠂ ᠴᠡᠷᠢᠭ ᠠᠩᠭᠢ᠎ᠳᠤ ᠬᠦᠨᠵᠡᠭᠡᠢ᠌ᠷᠡᠵᠦ᠂ ᠪᠠᠰᠠ ᠵᠢᠩᠭ᠋ᠠᠩᠱ᠌ᠠᠠ᠂ ᠶᠠᠠ ᠠᠠ ᠵᠡᠷᠭᠡ ᠬᠤᠪᠢᠰᠬᠠᠯ᠎ᠤᠨ ᠭᠤᠯᠤᠮᠲᠠ᠎ᠳᠤ ᠬᠦᠷᠦᠭᠰᠡᠡ ᠪᠠᠢ᠌ᠨ᠎ᠠ᠃ ᠵᠢᠩᠭ᠋ᠠᠩᠱ᠌ᠠᠨ᠎ᠤ ᠤᠯᠠᠨ ᠲᠦᠮᠡᠨ ᠲᠤᠬᠠᠢ ᠵᠢᠨ ᠵᠢᠯ᠎ᠳᠤ ᠤᠯᠠᠭ᠋ᠠᠨ ᠴᠡᠷᠢᠭ᠎ᠤᠨ ᠪᠠᠢ᠌ᠯᠳᠤᠵᠤ ᠦᠩᠬᠡᠷᠡᠭᠰᠡᠨ ᠭᠠᠵᠠᠷ᠎ᠠᠴᠠ ᠬᠤᠶᠠᠷ ᠬᠦᠬᠡ ᠬᠤᠯᠤᠰᠤ ᠤᠬᠳᠤᠯᠤᠨ ᠠᠪᠴᠢᠷᠠᠵᠤ ᠤᠯᠠᠭ᠋ᠠᠨᠮᠥ᠋ᠴᠢᠷ᠎ᠲᠤ ᠲᠤᠭ᠎ᠤᠨ ᠡᠰᠢ ᠪᠤᠯᠭ᠋ᠠᠬᠤ᠎ᠪᠠᠷ ᠪᠡᠯᠡᠭᠯᠡᠨ ᠦᠭᠴᠤ᠂ ᠤᠯᠠᠭ᠋ᠠᠨᠮᠥ᠋ᠴᠢᠷᠤᠨᠬᠢᠨᠢ ᠤᠯᠠᠭ᠋ᠠᠨ ᠲᠤᠬ ᠵᠶ᠋ᠠᠨ ᠦᠨᠳᠤᠷ ᠮᠠᠨᠳᠤᠭᠤᠯᠵᠤ᠂ ᠡᠭᠦᠷᠢᠲᠡ ᠤᠷᠤᠬᠰᠢᠯᠠᠨ ᠲᠠᠪᠰᠢᠬᠤ ᠵᠢ ᠬᠦᠰᠡᠵᠠᠢ᠃ ᠪᠦᠬᠦ ᠤᠯᠤᠰ᠎ᠤᠨ ᠮᠠᠯᠵᠢᠬᠤ ᠤᠷᠤᠨ᠎ᠳᠤ ᠵᠠᠯᠭ᠋ᠠᠭ᠎ᠠ᠎ᠪᠠᠷ ᠤᠯᠠᠭ᠋ᠠᠨᠮᠥ᠋ᠴᠢᠷ ᠪᠤᠶᠤ ᠤᠷᠠᠨ ᠰᠠᠢ᠌ᠬᠠᠨ᠎ᠤ ᠤᠬᠠᠭᠤᠯᠬᠤ ᠠᠩᠬᠢ ᠪᠠᠢ᠌ᠭᠤᠯᠤᠭᠳᠠᠵᠤ᠂ ᠡᠯ᠎ᠠ ᠠᠵᠢᠯ ᠲᠦᠷᠤᠯ᠎ᠤᠨ᠎ᠬᠢᠨ ᠤᠯᠠᠭ᠋ᠠᠨᠮᠥ᠋ᠴᠢᠷ᠎ᠤᠨ ᠵᠤᠷᠢᠬ ᠰᠠᠨᠠᠭ᠎ᠠ ᠵᠢ ᠰᠤᠷᠤᠯᠴᠠᠪᠠ᠃ ᠵᠢᠶᠠᠩ ᠽᠸ ᠮᠢᠨ᠂ ᠬᠤ᠌ ᠵᠢᠨ ᠲᠤᠤ ᠨᠦᠬᠦᠷ ᠤᠯᠠᠭ᠋ᠠᠨᠮᠥ᠋ᠴᠢᠷ᠎ᠤᠨ ᠲᠤᠭᠯᠠᠯᠳᠠ ᠵᠢ ᠰᠤᠨᠢᠷᠬᠠᠨ ᠦᠵᠡᠭᠰᠡᠡ ᠪᠦᠭᠡᠳ ᠬᠦᠢ᠍ᠴᠡᠳ ᠨᠤᠳᠠᠯᠠᠵᠤ᠂ ᠬᠦᠰᠠᠯ ᠨᠠᠢ᠌ᠳᠠᠯᠭ᠎ᠠ ᠲᠠᠯᠪᠢᠪᠠ᠃ ᠰᠢᠨ᠎ᠠ ᠴᠠᠬ ᠦᠶ᠎ᠠ᠎ᠳᠤ᠂ ᠶᠠᠷᠤᠩᠬᠡᠢ ᠱᠦᠵᠢ ᠰᠢ ᠵᠢᠨ ᠫᠢᠩ ᠰᠦᠨᠢᠳ ᠪᠠᠷᠠᠭᠤᠨ ᠬᠤᠰᠢᠭᠤᠨ᠎ᠤ ᠤᠯᠠᠭ᠋ᠠᠨᠮᠥ᠋ᠴᠢᠷ᠎ᠤᠨ ᠬᠡᠰᠢᠬᠦᠳ᠎ᠲᠤ ᠬᠠᠷᠢᠭᠤ ᠵᠠᠬᠢᠳᠠᠯ ᠢᠯᠡᠬᠡᠵᠤ᠂ ᠤᠯᠠᠭ᠋ᠠᠨᠮᠥ᠋ᠴᠢᠷ᠎ᠲᠤ ᠰᠢᠨ᠎ᠠ ᠲᠡᠤᠬᠡᠨ ᠡᠬᠦᠷᠬᠡ ᠲᠤᠰᠢᠶᠠᠵᠤ᠂ ᠤᠯᠠᠭ᠋ᠠᠨᠮᠥ᠋ᠴᠢᠷ᠎ᠤᠨ ᠤᠢ᠌ᠯᠡᠰ᠎ᠤᠨ ᠬᠦᠭᠵᠢᠯᠳᠠ ᠵᠢᠨ ᠴᠢᠭᠯᠡᠯ᠎ᠢ ᠵᠢᠭ᠋ᠠᠵᠤ ᠥᠭᠭᠥᠭᠰᠡᠨ ᠪᠠᠢ᠌ᠨ᠎ᠠ᠃
ᠬᠤᠶᠠᠷ
60 ᠭᠠᠷᠤᠢ ᠵᠢᠯ᠎ᠤᠨ ᠲᠤᠷᠰᠢ᠂ ᠨᠠᠮ᠎ᠤᠨ ᠤᠳᠤᠷᠢᠳᠤᠯᠭ᠎ᠠ ᠲᠤᠤᠷ᠎ᠠ ᠦᠶ᠎ᠠ ᠦᠶ᠎ᠠ ᠵᠢᠨ ᠤᠯᠠᠭ᠋ᠠᠨᠮᠥ᠋ᠴᠢᠷ᠎ᠤᠨ ᠬᠡᠰᠢᠬᠦᠳ ᠤᠬ ᠰᠠᠨᠠᠭ᠎ᠠ᠎ᠪᠠᠨ ᠦᠯᠤ ᠮᠠᠷᠳᠠᠨ ᠡᠬᠦᠷᠬᠡ ᠬᠠᠷᠢᠭᠤᠴᠠᠯᠭ᠎ᠠ᠎ᠪᠠᠨ ᠪᠠᠳᠤ ᠴᠡᠬᠡᠵᠢᠯᠠᠵᠤ᠂ ᠴᠠᠰᠤ ᠪᠤᠷᠤᠭ᠋ᠠᠨ᠎ᠤ ᠲᠤᠮᠳᠠᠭᠤᠷ᠂ ᠬᠠᠬᠢᠷ ᠡᠪᠤᠯ᠎ᠤᠨ ᠬᠦᠢ᠍ᠳᠡᠨ᠎ᠳᠤ ᠤᠷᠳᠤ ᠬᠤᠭᠤᠴᠠᠭ᠎ᠠ᠎ᠪᠠᠷ ᠲᠠᠯ᠎ᠠ ᠨᠤᠳᠤᠬ᠎ᠲᠤ ᠬᠦᠨᠵᠡᠬᠡᠢ᠌ᠷᠡᠵᠤ᠂ ᠤᠯᠠᠭ᠋ᠠᠨᠮᠥ᠋ᠴᠢᠷ᠎ᠤᠨ ᠰᠢᠯᠢᠳᠡᠭ ᠤᠯᠠᠮᠵᠢᠯᠠᠯ᠎ᠢ ᠪᠠᠳᠠᠷᠠᠭᠤᠯᠤᠨ᠂ ᠤᠯᠠᠭ᠋ᠠᠨᠮᠥ᠋ᠴᠢᠷ᠎ᠤᠨ ᠵᠤᠷᠢᠬ ᠰᠠᠨᠠᠭ᠎ᠠ ᠵᠢ ᠪᠠᠳᠠᠷᠠᠭᠤᠯᠵᠤ᠂ ᠢᠮᠠᠬᠳᠠ ᠦᠨᠳᠤᠰᠤᠨ ᠱᠠᠳᠤᠨ᠎ᠳᠤ ᠦᠨᠳᠤᠰᠤᠯᠠᠵᠤ᠂ ᠠᠷᠠᠳ ᠲᠦᠮᠡᠨ᠎ᠳᠤ ᠤᠢ᠌ᠯᠡᠴᠢᠯᠠᠵᠤ᠂ ᠤᠬ ᠲᠦᠷᠢ᠎ᠪᠠᠨ ᠦᠨᠢᠳᠠ ᠬᠠᠳᠠᠭ᠋ᠠᠯᠠᠨ ᠬᠠᠷᠠᠮ ᠦᠬᠡᠢ ᠵᠤᠷᠢᠭᠤᠯᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠲᠡᠰᠪᠦᠷᠢ ᠬᠠᠳᠠᠭᠤᠵᠢᠯᠳᠠᠢ ᠲᠡᠮᠡᠴᠡᠵᠤ᠂ ᠦᠷᠬᠡᠨ ᠤᠯᠠᠨ ᠮᠠᠯᠴᠢᠨ ᠲᠦᠮᠡᠨ᠎ᠳᠤ ᠪᠠᠶᠠᠷ ᠪᠠᠶᠠᠰᠬᠤᠯᠠᠩ ᠪᠠ ᠪᠤᠯᠪᠠᠰᠤᠨ᠎ᠢ ᠬᠦᠷᠬᠡᠨ ᠦᠭᠴᠤ᠂ ᠨᠠᠮ᠎ᠤᠨ ᠲᠠᠭᠤᠨ ᠪᠤᠯᠤᠨ ᠬᠠᠯᠠᠮᠵᠢᠯᠠᠯ᠎ᠢ ᠲᠠᠮᠵᠢᠭᠤᠯᠤᠭᠰᠠᠨ ᠪᠠᠢ᠌ᠨ᠎ᠠ᠃
ᠦᠨᠳᠤᠰᠤᠨ ᠱᠠᠳᠤᠨ᠎ᠳᠤ ᠦᠨᠳᠤᠰᠤᠯᠠᠵᠤ᠂ ᠠᠷᠠᠳ ᠲᠦᠮᠡᠨ᠎ᠳᠤ ᠤᠢ᠌ᠯᠡᠴᠢᠯᠡᠪᠡ᠃ ᠤᠯᠠᠭ᠋ᠠᠨᠮᠥ᠋ᠴᠢᠷ ᠪᠤᠯ ᠮᠠᠯᠴᠢᠨ ᠲᠠᠷᠢᠶᠠᠴᠢᠨ᠎ᠳᠤ ᠤᠢ᠌ᠯᠡᠴᠢᠯᠡᠬᠦ ᠶᠠᠪᠤᠴᠠ᠎ᠳᠤ ᠦᠰᠤᠨ ᠪᠤᠢ᠌ᠵᠢᠬᠰᠠᠨ ᠶᠤᠮ᠃ ᠠᠷᠠᠳ ᠲᠦᠮᠡᠨ ᠵᠶ᠋ᠠᠨ ᠬᠠᠢ᠌ᠷᠠᠯᠠᠨ ᠤᠷᠠᠯᠢᠬ᠎ᠢ ᠬᠠᠢ᠌ᠷᠠᠯᠠᠵᠤ ᠤᠯᠠᠭ᠋ᠠᠨᠮᠥ᠋ᠴᠢᠷ᠎ᠤᠨ ᠤᠢ᠌ᠯᠡᠰ ᠵᠶ᠋ᠠᠨ ᠬᠠᠢ᠌ᠷᠠᠯᠠᠬᠤ ᠪᠤᠯ ᠡᠨᠡ ᠬᠦ᠌ 《ᠬᠤᠪᠢᠰᠬᠠᠯᠳᠤ ᠤᠳᠬ᠎ᠠ ᠤᠷᠠᠯᠢᠬ᠎ᠤᠨ ᠬᠦᠩᠬᠡᠨ ᠮᠤᠷᠢᠳᠤ ᠴᠡᠷᠢᠭ》᠎ᠤᠨ ᠬᠦᠴᠦᠷᠭᠡᠭ ᠶᠡᠬᠡ ᠠᠮᠢᠵᠢᠷᠠᠯ᠎ᠤᠨ ᠬᠦᠴᠤᠨ ᠵᠶ᠋ᠠᠨ ᠪᠠᠲᠤᠯᠠᠭᠰᠠᠨ ᠦᠨᠳᠤᠰᠤ ᠪᠤᠯᠤᠨ᠎ᠠ᠃ 60 ᠭᠠᠷᠤᠢ ᠵᠢᠯ᠎ᠤᠨ ᠲᠤᠷᠰᠢ᠂ ᠭᠠᠳᠠᠭ᠋ᠠᠳᠤ ᠨᠦᠬᠦᠴᠡᠯ ᠬᠡᠷᠬᠢᠨ ᠬᠤᠪᠢᠷᠠᠬᠰᠠᠨ ᠴᠤ᠌ ᠤᠯᠠᠭ᠋ᠠᠨᠮᠥ᠋ᠴᠢᠷ᠎ᠤᠨ ᠴᠢᠭᠯᠡᠯ ᠬᠤᠪᠢᠷᠠᠬᠰᠠᠨ ᠦᠬᠡᠢ᠂ ᠵᠤᠷᠢᠯᠳᠠ ᠬᠤᠪᠢᠷᠠᠬᠰᠠᠨ ᠦᠬᠡᠢ᠂ ᠵᠤᠷᠢᠬ ᠰᠠᠨᠠᠭ᠎ᠠ᠎ᠨᠢ ᠬᠤᠪᠢᠷᠠᠬᠰᠠᠨ ᠦᠬᠡᠢ ᠪᠠᠢ᠌ᠵᠤ᠂ ᠢᠮᠠᠬᠳᠠ ᠲᠠᠯ᠎ᠠ ᠨᠤᠳᠤᠬ᠎ᠲᠤ ᠦᠨᠳᠤᠰᠤᠯᠠᠵᠤ᠂ ᠦᠨᠳᠤᠰᠤᠨ ᠱᠠᠳᠤᠨ᠎ᠳᠤ ᠬᠠᠨᠳᠤᠵᠤ᠂ ᠠᠷᠠᠳ ᠲᠦᠮᠡᠨ᠎ᠳᠤ ᠤᠢ᠌ᠯᠡᠴᠢᠯᠡᠬᠦ ᠵᠢ ᠦᠪᠡᠷ᠎ᠤᠨ ᠲᠤᠬ ᠲᠡᠮᠳᠡᠭ ᠲᠡᠭᠡᠷ᠎ᠠ᠎ᠪᠠᠨ ᠪᠢᠴᠢᠭᠯᠡᠵᠠᠢ᠃ ᠠᠷᠠᠳ ᠲᠦᠮᠡᠨ ᠬᠠᠮᠢᠭ᠎ᠠ ᠪᠠᠢ᠌ᠪᠠᠯ ᠤᠷᠠᠯᠢᠭ᠎ᠤᠨ ᠲᠠᠪᠴᠠᠩ ᠲᠡᠨᠲᠡ ᠪᠠᠢ᠌ᠨ᠎ᠠ᠂ 《ᠨᠢᠬᠡ ᠮᠤᠩᠭᠤᠯ ᠭᠡᠷ᠎ᠢ ᠴᠦ᠍ ᠦᠯᠦ ᠬᠡᠬᠡᠭᠳᠡᠬᠦᠯᠬᠦ᠂ ᠨᠢᠬᠡ ᠮᠠᠯᠴᠢᠨ ᠲᠠᠷᠢᠶᠠᠴᠢᠨ᠎ᠢ ᠴᠦ᠍ ᠦᠯᠦ ᠬᠤᠴᠤᠷᠭ᠋ᠠᠬᠤ》 ᠪᠤᠳᠠᠳᠤ ᠠᠵᠢᠯᠯᠠᠭ᠎ᠠ᠎ᠪᠠᠷ ᠵᠶ᠋ᠠᠨ ᠨᠡᠢ᠌ᠬᠡᠮ ᠵᠢᠷᠤᠮ᠎ᠤᠨ ᠤᠳᠬ᠎ᠠ ᠤᠷᠠᠯᠢᠭ ᠪᠤᠯ ᠠᠷᠠᠳ ᠲᠦᠮᠡᠨ᠎ᠤ ᠤᠳᠬ᠎ᠠ ᠤᠷᠠᠯᠢᠬ ᠪᠤᠯᠬᠤ ᠡᠨᠡ ᠬᠦ᠌ ᠮᠦᠨ ᠴᠢᠨᠠᠷ᠎ᠢ ᠬᠦᠢ᠍ᠴᠡᠳ ᠲᠠᠢ᠌ᠯᠪᠤᠷᠢᠯᠠᠪᠠ᠃ ᠤᠯᠠᠭ᠋ᠠᠨᠮᠥ᠋ᠴᠢᠷ᠎ᠤᠨ ᠠᠩᠬᠢ ᠵᠢᠨ ᠬᠡᠰᠢᠬᠦᠳ᠎ᠤᠨ ᠮᠠᠰᠢ ᠤᠯᠠᠨ᠎ᠨᠢ ᠲᠠᠭᠤᠤ ᠪᠦᠵᠢᠭ᠎ᠲᠤ ᠠᠪᠢᠶᠠᠰ᠎ᠲᠠᠢ ᠮᠠᠯᠴᠢᠨ ᠲᠠᠷᠢᠶᠠᠴᠢᠨ᠂ ᠠᠵᠢᠯᠴᠢᠨ ᠪᠤᠯᠤᠨ ᠪᠠᠢ᠌ᠭᠤᠯᠭ᠎ᠠ ᠵᠢᠨ ᠺᠠᠳ᠋ᠷ᠎ᠤᠨ ᠲᠤᠮᠳᠠ᠎ᠠᠴᠠ ᠢᠷᠡᠭᠰᠡᠨ ᠶᠤᠮ᠂ ᠲᠤᠭᠯᠠᠯᠳᠠ ᠭᠠᠷᠭ᠋ᠠᠬᠤ᠎ᠠᠴᠠ ᠭᠠᠳᠠᠨ᠎ᠠ᠂ ᠮᠠᠯᠴᠢᠳ ᠶᠠᠭᠤᠨ᠎ᠳᠤ ᠶᠠᠭ᠋ᠠᠷᠠᠪᠠᠯ ᠤᠯᠠᠭ᠋ᠠᠨᠮᠥ᠋ᠴᠢᠷ᠎ᠤᠨ ᠠᠩᠬᠢ ᠵᠢᠨ ᠬᠡᠰᠢᠬᠦᠳ ᠲᠡᠷᠡ ᠠᠵᠢᠯ᠎ᠢ᠎ᠨᠢ ᠬᠠᠮᠵᠢᠨ ᠬᠢᠵᠤ᠂ ᠬᠤᠨᠢ ᠬᠠᠢ᠌ᠴᠢᠯᠠᠵᠤ᠂ ᠬᠤᠨᠢᠨ᠎ᠤ ᠬᠠᠰᠢᠶ᠎ᠠ ᠰᠠᠷᠠᠪᠴᠢ ᠵᠢ ᠵᠠᠰᠠᠵᠤ᠂ ᠡᠪᠡᠰᠤ ᠬᠠᠳᠤᠵᠤ᠂ ᠲᠦᠯ ᠲᠤᠰᠴᠤ᠂ ᠪᠠᠰᠠ ᠮᠠᠯᠴᠢᠳ᠎ᠢ ᠬᠠᠪᠰᠤᠷᠤᠨ ᠴᠠᠬ᠂ ᠴᠠᠬᠢᠯᠭ᠋ᠠᠨ ᠭᠡᠷᠡᠭᠰᠡᠯ᠂ ᠮᠤᠲ᠋ᠤᠷᠢᠨᠢ ᠰᠡᠯᠪᠢᠨ ᠵᠠᠰᠠᠬᠤ ᠪᠠ ᠦᠰᠤ ᠬᠡᠵᠢᠬᠡ ᠵᠢ᠎ᠨᠢ ᠵᠠᠰᠠᠵᠤ᠂ ᠨᠠᠮ᠎ᠤᠨ ᠲᠠᠭᠤᠨ᠎ᠢ ᠲᠠᠮᠵᠢᠭᠤᠯᠤᠭᠰᠠᠨ ᠵᠶ᠋ᠠᠷ ᠪᠠᠷᠠᠬᠤ ᠦᠬᠡᠢ ᠮᠠᠯᠴᠢᠳ᠎ᠲᠤ ᠪᠠᠶᠠᠷ ᠪᠠᠶᠠᠰᠬᠤᠯᠠᠩ᠎ᠢ ᠠᠪᠴᠢᠷᠠᠵᠤ᠂ ᠦᠷᠬᠡᠨ ᠤᠯᠠᠨ ᠮᠠᠯᠴᠢᠨ ᠲᠠᠷᠢᠶᠠᠴᠢᠨ᠎ᠳᠤ ᠰᠢᠨᠵᠢᠯᠡᠬᠦ ᠤᠬᠠᠭ᠋ᠠᠨ ᠰᠤᠶᠤᠯ᠂ ᠡᠮ ᠡᠮᠨᠡᠯᠬᠡ ᠵᠢᠨ ᠤᠢ᠌ᠯᠡᠴᠢᠯᠡᠬᠡ ᠪᠤᠯᠤᠨ ᠭᠡᠷᠡᠭᠯᠡᠬᠡᠨᠤ ᠮᠡᠷᠬᠡᠵᠢᠯ᠎ᠢ ᠬᠦᠷᠬᠡᠵᠤ᠂ ᠮᠠᠯᠴᠢᠨ ᠲᠠᠷᠢᠶᠠᠴᠢᠨ᠎ᠲᠠᠢ ᠬᠦᠨ ᠵᠤᠵᠠᠭ᠋ᠠᠨ ᠬᠠᠢ᠌ᠷ᠎ᠠ ᠰᠡᠳᠬᠢᠯᠬᠡ᠎ᠲᠠᠢ ᠪᠤᠯᠵᠤ᠂ ᠤᠯᠠᠭ᠋ᠠᠨᠮᠥ᠋ᠴᠢᠷ᠎ᠤᠨ ᠲᠤᠭᠯᠠᠯᠳᠠ ᠪᠤᠯᠤᠨ ᠵᠢᠭ᠋ᠠᠨ ᠵᠢᠯᠤᠭᠤᠳᠤᠯᠭ᠎ᠠ᠎ᠪᠠᠷ ᠲᠠᠮᠵᠢᠨ ᠮᠠᠯᠵᠢᠬᠤ ᠤᠷᠤᠨ᠎ᠳᠤ ᠤᠳᠬ᠎ᠠ ᠤᠷᠠᠯᠢᠬ᠎ᠤᠨ ᠮᠡᠳᠡᠯᠬᠡ ᠵᠢ ᠲᠦᠬᠡᠮᠡᠯᠵᠢᠬᠦᠯᠬᠦ ᠪᠠ ᠲᠡᠷᠢᠬᠦᠨ᠎ᠤ ᠰᠤᠶᠤᠯ᠎ᠢ ᠲᠠᠮᠵᠢᠭᠤᠯᠬᠤ ᠵᠢ ᠶᠡᠬᠡ᠎ᠪᠠᠷ ᠠᠬᠢᠭᠤᠯᠪᠠ᠃ ᠤᠯᠠᠭ᠋ᠠᠨᠮᠦ᠋ᠴᠢᠷ᠎ᠤᠨ ᠭᠡᠰᠢᠬᠦᠳ ᠠᠷᠠᠳ ᠲᠦᠮᠡᠨ᠎ᠳᠤ ᠦᠢ᠍ᠯᠡᠴᠢᠯᠡᠬᠦ ᠦᠢ᠍ᠯᠡᠳᠦᠯᠭᠡ ᠵᠢᠨ ᠲᠤᠮᠳᠠ᠎ᠪᠠᠨ ᠪᠤᠰᠤᠳ᠎ᠢ ᠨᠦᠯᠦᠭᠡᠯᠡᠵᠤ᠂ ᠪᠠᠰᠠ ᠦᠪᠡᠷ᠎ᠢ᠎ᠪᠠᠨ ᠬᠦᠮᠦᠵᠢᠬᠦᠯᠵᠠᠢ᠃ ᠲᠡᠳᠡ ᠨᠢᠭᠡ ᠲᠠᠯ᠎ᠡ᠎ᠪᠠᠷ ᠲᠤᠬᠯᠠᠯᠳᠠ ᠭᠠᠷᠭ᠋ᠠᠨ ᠨᠦᠬᠦᠭᠡ ᠲᠠᠯ᠎ᠡ᠎ᠪᠠᠷ ᠠᠷᠠᠳ᠎ᠤᠨ ᠲᠤᠮᠳᠠᠬᠢ ᠤᠷᠠᠯᠢᠭ᠎ᠢ ᠴᠤᠬᠯᠠᠭᠤᠯᠤᠨ ᠡᠮᠬᠢᠳᠭᠡᠵᠤ᠂ ᠠᠮᠢᠳᠤᠷᠠᠯ᠎ᠤᠨ ᠦᠢ᠍ᠯᠡᠳᠦᠯᠭᠡ ᠲᠤᠮᠳᠠ᠎ᠠᠴᠠ ᠤᠶᠤᠨ ᠤᠬᠠᠭ᠋ᠠᠨ ᠰᠢᠨᠭᠭᠡᠭᠡᠵᠤ᠂ ᠡᠬᠦᠳᠤᠨ ᠪᠦᠳᠦᠭᠡᠬᠦ ᠠᠪᠢᠶᠠᠰ ᠪᠢᠯᠢᠭ ᠵᠶ᠋ᠠᠨ ᠬᠦᠭᠵᠢᠭᠡᠵᠤ᠂ ᠮᠠᠰᠢ ᠤᠯᠠᠨ ᠰᠢᠯᠢᠳᠡᠭ ᠪᠦᠳᠦᠭᠡᠯ᠎ᠢ ᠡᠬᠦᠳᠤᠨ ᠪᠦᠳᠦᠭᠡᠭᠰᠡᠨ ᠪᠠᠢ᠌ᠨ᠎ᠠ᠂ ᠵᠢᠱ᠌ᠢᠶᠠᠯᠡᠪᠡᠯ 《ᠠᠶᠠᠭ᠋ᠠᠨ ᠪᠦᠵᠢᠭ》᠂ 《ᠤᠷᠳᠤᠰ ᠬᠤᠷᠢᠮ》᠂ 《ᠰᠠᠪᠬᠠᠨ ᠪᠦᠵᠢᠭ》 ᠵᠡᠷᠭᠡ᠎ᠨᠢ ᠴᠦᠮ ᠬᠦᠮᠦᠰ᠎ᠤᠨ ᠰᠡᠳᠬᠢᠯ᠎ᠳᠤ ᠰᠠᠢ᠌ᠨ ᠰᠠᠢ᠌ᠬᠠᠨ ᠰᠠᠭᠤᠬᠳᠠᠯ ᠦᠯᠡᠳᠡᠭᠡᠭᠰᠡᠨ ᠪᠦᠭᠡᠳ ᠪᠠᠰᠠ ᠤᠯᠠᠭ᠋ᠠᠨᠮᠦ᠋ᠴᠢᠷᠠᠴᠠ ᠴᠤᠯᠭᠤᠷᠠᠬᠰᠡᠨ ᠨᠢᠭᠡ ᠪᠦᠯᠦᠭ ᠤᠷᠠᠯᠢᠬ᠍ᠴᠢᠨᠢ ᠬᠦᠮᠦᠰ᠎ᠲᠤ ᠮᠡᠳᠡᠭᠦᠯᠪᠡ᠃
ᠤᠭ ᠴᠢᠨᠠᠷ ᠵᠶ᠋ᠠᠨ ᠡᠬᠦᠷᠢᠳᠠ ᠬᠠᠳᠠᠭ᠋ᠠᠯᠠᠵᠤ᠂ ᠬᠠᠷᠠᠮ ᠦᠭᠡᠢ ᠵᠤᠷᠢᠭᠤᠯᠪᠠ᠃ ᠤᠯᠠᠭ᠋ᠠᠨᠮᠦ᠋ᠴᠢᠷ᠎ᠤᠨ ᠮᠠᠨᠳᠤᠯᠡᠭᠰᠡᠨ ᠶᠠᠪᠤᠳᠠᠯ ᠪᠤᠯ ᠨᠠᠮ᠎ᠤᠨ ᠤᠳᠬ᠎ᠡ ᠤᠷᠠᠯᠢᠭ᠎ᠤᠨ ᠱᠤᠭᠤᠮ᠎ᠤᠨ ᠴᠦᠭᠡᠨ ᠲᠤᠭ᠋ᠠᠳᠤ ᠦᠨᠳᠦᠰᠦᠳᠡᠨ᠎ᠤ ᠭᠠᠵᠠᠷ ᠤᠷᠤᠨ᠎ᠳᠠᠬᠢ ᠠᠮᠵᠢᠯᠳᠠ᠎ᠲᠠᠢ ᠦᠢ᠍ᠯᠡᠳᠦᠯᠭᠡ ᠮᠦᠨ᠂ ᠮᠠᠨᠳᠤᠯᠡᠭᠰᠡᠨᠠᠴᠠᠪᠠᠨ ᠠᠪᠤᠭ᠋ᠠᠳ ᠲᠡᠷᠨ᠎ᠨᠢ ᠢᠯᠭᠤᠮ ᠳᠤᠳᠤ ᠪᠦᠭᠡᠳ ᠬᠦᠨ ᠵᠤᠵᠠᠭ᠋ᠠᠨ ᠬᠤᠪᠢᠰᠬᠠᠯᠳᠤ ᠤᠳᠤᠮᠰᠢᠯ᠎ᠲᠠᠢ ᠪᠠᠢ᠌ᠵᠤ᠂ ᠨᠢᠭᠡᠨ ᠰᠠᠯᠠᠭ᠎ᠠ ᠬᠤᠪᠢᠰᠬᠠᠯᠵᠢᠬᠰᠡᠨ᠂ ᠦᠨᠳᠦᠰᠦᠳᠡᠨᠴᠢᠯᠡᠭᠰᠡᠡ᠂ ᠤᠯᠠᠨ ᠲᠦᠮᠡᠨᠴᠢᠯᠡᠭᠰᠡᠡ ᠤᠳᠬ᠎ᠡ ᠤᠷᠠᠯᠢᠭ᠎ᠤᠨ ᠠᠵᠢᠯ᠎ᠤᠨ ᠡᠨᠭᠨᠡᠭᠡ ᠪᠤᠯᠪᠠ᠃ ᠤᠯᠠᠭ᠋ᠠᠨᠮᠦ᠋ᠴᠢᠷ᠎ᠤᠨ ᠤᠳᠠᠭᠡ ᠪᠤᠯᠭ᠋ᠠᠨ᠎ᠤ ᠲᠤᠬᠯᠠᠯᠳᠠ᠎ᠨᠢ ᠪᠦᠷ ᠡᠨᠡ ᠬᠦ᠌ ᠬᠤᠭᠤᠴᠠᠭ᠋ᠠᠨ᠎ᠤ ᠨᠠᠮ᠎ᠤᠨ ᠴᠢᠭᠯᠡᠯᠳᠠ ᠲᠦᠷᠦ ᠵᠢᠨ ᠪᠤᠳᠤᠯᠭ᠎ᠡ ᠵᠢ ᠦᠨᠳᠦᠰᠦᠨ ᠱᠠᠳᠤᠨ᠎ᠳᠤ ᠲᠠᠮᠵᠢᠭᠤᠯᠵᠤ ᠪᠠᠢ᠌ᠪᠠ᠂ ᠬᠡᠳᠦᠢ᠌ᠪᠡᠷ ᠮᠠᠯᠵᠢᠬᠤ ᠤᠷᠤᠨ ᠠᠯᠤᠰ ᠪᠤᠢ᠌ᠳᠠ᠂ ᠰᠠᠭᠤᠷᠢᠰᠢᠯ ᠲᠠᠷᠠᠬᠠᠢ ᠪᠤᠳᠠᠷᠬᠠᠢ᠂ ᠮᠡᠳᠡᠭᠡ ᠬᠤᠯᠪᠤᠭ᠋ᠠᠨ᠎ᠤ ᠨᠦᠬᠦᠴᠡᠯ ᠠᠨᠠᠢ ᠪᠤᠯᠪᠠᠴᠤ ᠮᠠᠯᠵᠢᠬᠤ ᠤᠷᠤᠨ᠎ᠤ ᠮᠡᠳᠡᠭᠡ ᠵᠠᠨᠭ᠌ᠭᠢ ᠲᠦᠭᠵᠢᠮᠡᠯ ᠪᠢᠰᠢ ᠪᠠᠢ᠌ᠵᠤ᠂ ᠮᠠᠯᠴᠢᠨ ᠤᠯᠠᠨ ᠲᠦᠮᠡᠨ ᠨᠠᠮ᠎ᠳᠤ᠎ᠪᠠᠨ ᠬᠦᠨ ᠵᠤᠵᠠᠭ᠋ᠠᠨ ᠬᠠᠢ᠌ᠷ᠎ᠠ ᠰᠡᠳᠬᠢᠯᠭᠡ᠎ᠲᠠᠢ ᠪᠠᠢ᠌ᠵᠤ᠂ ᠢᠮᠠᠬᠳᠠ ᠤᠬᠠᠮᠰᠠᠷ᠎ᠲᠠᠢ᠂ ᠬᠠᠷᠢᠭᠤᠴᠠᠯᠭ᠎ᠡ᠎ᠲᠠᠢ ᠪᠠᠢ᠌ᠳᠠᠭ᠃ ᠲᠡᠭᠡᠷ᠎ᠡ ᠵᠠᠭᠤᠨ᠎ᠤ ᠲᠠᠪᠢ ᠵᠢᠷᠠᠭ᠋ᠠᠳ ᠣᠨ᠎ᠳᠤ᠂ ᠲᠠᠯ᠎ᠡ ᠨᠤᠳᠤᠭ᠎ᠤᠨ ᠡᠵᠢ ᠱᠠᠨᠭ᠌ᠬᠠᠢ ᠵᠢᠨ ᠦᠨᠦᠴᠢᠨ ᠭᠡᠤᠭᠡᠳ᠎ᠢ ᠡᠷᠬᠦᠨ ᠲᠠᠵᠢᠭᠡᠵᠤ᠂ ᠲᠠᠯ᠎ᠡ ᠨᠤᠳᠤᠭ᠎ᠤᠨ ᠪᠢᠴᠢᠬᠠᠨ ᠪᠠᠭ᠋ᠠᠳᠤᠷ ᠡᠭᠡᠴᠢ ᠦᠬᠢᠨ ᠲᠡᠬᠦᠤ᠂ ᠡᠵᠡᠨ᠎ᠡ ᠬᠤᠰᠢᠭᠤᠨ᠎ᠤ ᠠᠷᠠᠳ ᠲᠦᠮᠡᠨ ᠤᠯᠤᠰ᠎ᠤᠨ ᠪᠠᠳᠤᠯᠠᠨ ᠬᠠᠮᠠᠭ᠋ᠠᠯᠠᠯᠳᠠ ᠵᠢᠨ ᠪᠠᠢ᠌ᠭᠤᠯᠤᠯᠳᠠ ᠵᠢ ᠲᠠᠮᠵᠢᠭᠰᠡᠨ ᠵᠡᠷᠭᠡ ᠠᠮᠢᠳᠤᠯᠢᠭ ᠦᠢ᠍ᠯᠡ ᠶᠠᠪᠤᠳᠠᠯ᠎ᠨᠢ ᠲᠠᠯ᠎ᠡ ᠨᠤᠳᠤᠭ᠎ᠤᠨ ᠬᠦᠪᠡᠬᠦᠳ ᠦᠬᠢᠳ᠎ᠤᠨ ᠨᠠᠮ ᠵᠶ᠋ᠠᠨ ᠪᠤᠲᠤᠬᠤ᠂ ᠨᠠᠮ᠎ᠤᠨ ᠦᠭᠡ ᠵᠢ ᠰᠤᠨᠤᠰᠬᠤ᠂ ᠨᠠᠮ ᠵᠶ᠋ᠠᠨ ᠲᠠᠭ᠋ᠠᠬᠤ ᠡᠷᠡᠰ ᠪᠠᠳᠤ ᠢᠳᠡᠭᠡᠯ ᠵᠤᠷᠢᠭ᠎ᠢ ᠬᠦᠢ᠍ᠴᠡᠳ ᠢᠯᠡᠷᠠᠬᠦᠯᠵᠤ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠶᠡᠭᠡ ᠲᠠᠯ᠎ᠡ ᠵᠢᠨ ᠤᠬᠠᠮᠰᠠᠷ᠂ ᠡᠭᠡ ᠤᠷᠤᠨᠴᠢ ᠰᠡᠳᠬᠢᠯᠭᠡ ᠵᠢ ᠢᠯᠡᠷᠠᠬᠦᠯᠪᠡ᠂ ᠡᠳᠡᠭᠡᠷ᠎ᠨᠢ ᠪᠠᠰᠠ ᠤᠯᠠᠭ᠋ᠠᠨᠮᠦ᠋ᠴᠢᠷ᠎ᠤᠨ ᠬᠠᠷᠠᠮ ᠦᠭᠡᠢ ᠵᠢᠳᠬᠦᠨ ᠵᠤᠷᠢᠭᠤᠯᠤᠭᠰᠠᠠ᠎ᠲᠠᠢ ᠰᠠᠯᠵᠤ ᠪᠤᠯᠤᠰᠢ ᠦᠭᠡᠢ ᠶᠤᠮ᠃ ᠤᠯᠠᠭ᠋ᠠᠨᠮᠦ᠋ᠴᠢᠷ᠎ᠤᠨ᠎ᠬᠢᠨ ᠦᠪᠡᠷ᠎ᠤᠨ ᠪᠤᠳᠠᠳᠤ ᠠᠵᠢᠯᠯᠠᠭ᠎ᠡ᠎ᠪᠠᠷ ᠵᠶ᠋ᠠᠨ ᠦᠷᠭᠡᠨ ᠤᠯᠠᠨ ᠮᠠᠯᠴᠢᠨ ᠲᠦᠮᠡᠨ᠎ᠤ ᠢᠳᠡᠭᠡᠯ᠎ᠢ ᠤᠯᠵᠤ᠂ ᠮᠠᠯᠴᠢᠳ ᠤᠯᠠᠭ᠋ᠠᠨᠮᠦ᠋ᠴᠢᠷ᠎ᠤᠨ ᠭᠡᠰᠢᠬᠦᠳᠢ 《ᠮᠠᠨ᠎ᠤ ᠭᠡᠤᠭᠡᠳ》 ᠭᠡᠵᠤ ᠲᠠᠭᠤᠳᠠᠳᠠᠭ᠃
ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠰᠢᠷᠭ᠋ᠠᠭᠤ ᠲᠠᠮᠠᠴᠠᠪᠡ᠃ ᠤᠯᠠᠭ᠋ᠠᠨᠮᠦ᠋ᠴᠢᠷ᠎ᠤᠨ ᠭᠡᠰᠢᠬᠦᠳ᠎ᠤᠨ ᠲᠤᠳᠤᠷ᠎ᠡ ᠮᠤᠨᠭ᠌ᠭᠤᠯ ᠦᠨᠳᠦᠰᠦᠳᠡᠨ᠂ ᠬᠢᠳᠡᠳ ᠦᠨᠳᠦᠰᠦᠳᠡᠨ ᠪᠠᠢ᠌ᠬᠤ᠎ᠪᠠᠷ ᠪᠠᠷᠠᠬᠤ ᠦᠭᠡᠢ ᠪᠠᠰᠠ ᠪᠤᠰᠤᠳ ᠴᠦᠭᠡᠨ ᠲᠤᠭ᠋ᠠᠳᠤ ᠦᠨᠳᠦᠰᠦᠳᠡᠨ ᠪᠠᠢ᠌ᠳᠠᠭ᠂ ᠡᠢ᠌ᠨ ᠬᠦ᠌ ᠤᠯᠠᠭ᠋ᠠᠨᠮᠦ᠋ᠴᠢᠷᠨᠢ ᠲᠠᠷᠤᠢ ᠨᠢᠭᠡᠨ ᠤᠯᠠᠨ ᠦᠨᠳᠦᠰᠦᠳᠡᠨ᠎ᠲᠠᠢ ᠶᠡᠭᠡ ᠬᠡᠷ ᠪᠦᠯᠢ ᠪᠠᠢ᠌ᠵᠤ᠂ ᠤᠯᠠᠨ ᠵᠶ᠋ᠠᠷ ᠵᠶ᠋ᠠᠨ ᠬᠠᠷᠢᠯᠴᠠᠨ ᠰᠤᠷᠤᠯᠴᠠᠵᠤ᠂ ᠬᠠᠷᠢᠯᠴᠠᠨ ᠪᠠᠬᠠᠷᠬᠠᠵᠤ᠂ ᠡᠬᠦᠨ᠎ᠤ ᠬᠠᠮᠳᠤ ᠦᠷᠭᠡᠨ ᠤᠯᠠᠨ ᠮᠠᠯᠴᠢᠨ ᠲᠠᠷᠢᠶᠠᠴᠢᠨ᠎ᠲᠠᠢ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠬᠠᠮᠳᠤ᠎ᠪᠠᠷ ᠲᠠᠮᠠᠴᠡᠵᠤ᠂ ᠦᠨᠳᠦᠰᠦᠳᠡᠨ᠎ᠨᠦᠭᠦᠳ ᠶᠠᠪᠤᠯᠴᠠᠵᠤ ᠰᠤᠯᠢᠯᠴᠠᠵᠤ ᠨᠡᠢ᠌ᠯᠡᠯᠳᠤᠵᠤ ᠨᠢᠭᠡᠨ ᠬᠡᠷ ᠪᠦᠯᠢ ᠮᠠᠳᠤ ᠲᠤᠳᠤᠨᠤ ᠪᠠᠢ᠌ᠵᠤ᠂ ᠤᠯᠠᠭ᠋ᠠᠨᠮᠦ᠋ᠴᠢᠷ᠎ᠤᠨ᠎ᠬᠢᠨ ᠶᠡᠷᠤ᠎ᠨᠢ ᠦᠨᠳᠦᠰᠦᠳᠡᠨ᠎ᠤ ᠪᠦᠯᠬᠦᠮᠳᠡᠯ᠎ᠤᠨ ᠭᠡᠪ ᠲᠠᠭᠤᠷᠢᠶᠠᠯ ᠪᠤᠯᠤᠭᠰᠠᠭ᠋ᠠᠷ ᠢᠷᠡᠪᠡ᠃ ᠬᠦᠭᠡ ᠲᠡᠭᠷᠢ᠎ᠪᠠᠷ ᠬᠦᠰᠢᠭᠡ᠎ᠪᠠᠨ ᠪᠤᠯᠭ᠋ᠠᠵᠤ ᠬᠦᠳᠡᠭᠡ ᠲᠠᠯ᠎ᠡ᠎ᠪᠠᠷ ᠲᠠᠢ᠌ᠰᠠ᠎ᠪᠠᠨ ᠪᠤᠯᠭ᠋ᠠᠬᠤ᠎ᠨᠢ ᠤᠯᠠᠭ᠋ᠠᠨᠮᠦ᠋ᠴᠢᠷᠤᠨᠬᠢᠨᠤ ᠬᠦᠴᠢᠷ᠎ᠢ ᠪᠠᠶᠠᠰᠤᠯ ᠵᠶ᠋ᠠᠷ ᠦᠵᠡᠵᠤ᠂ ᠰᠢᠷᠭ᠋ᠠᠭᠤ ᠬᠠᠲᠠᠭᠤᠵᠢᠯᠲᠠᠢ ᠲᠠᠮᠠᠴᠡᠭᠰᠡᠡ ᠦᠨᠡᠨ ᠪᠤᠳᠠᠳᠠᠢ ᠵᠢᠷᠤᠬᠯᠡᠯ ᠪᠤᠯᠤᠨ᠎ᠠ᠂ ᠤᠯᠠᠭ᠋ᠠᠨᠮᠦ᠋ᠴᠢᠷ ᠪᠠᠢ᠌ᠭᠤᠯᠤᠬᠳᠠᠬᠰᠠᠨ ᠡᠬᠢᠨ᠎ᠤ ᠬᠤᠭᠤᠴᠠᠭ᠋ᠠᠨ᠎ᠳᠤ᠂ ᠭᠡᠰᠢᠬᠦᠳ ᠦᠪᠡᠷ᠎ᠤᠨ ᠬᠦᠴᠤ᠎ᠪᠠᠷ ᠵᠶ᠋ᠠᠨ ᠲᠡᠭᠵᠢᠷᠠᠵᠤ᠂ ᠦᠪᠡᠷᠳᠡᠭᠡᠨ ᠭᠠᠷ ᠬᠦᠳᠡᠯᠦᠨ ᠪᠠᠢ᠌ᠷᠢ ᠵᠢᠨ ᠭᠡᠷ᠂ ᠪᠤᠯᠪᠠᠰᠤᠷᠠᠯ᠎ᠤᠨ ᠭᠡᠷ ᠵᠶ᠋ᠠᠨ ᠪᠠᠢ᠌ᠭᠤᠯᠵᠤ᠂ ᠦᠪᠡᠷᠳᠡᠭᠡᠨ ᠭᠠᠷ ᠬᠦᠳᠡᠯᠦᠨ ᠬᠤᠪᠴᠠᠰᠤ ᠬᠤᠨᠠᠷ ᠪᠠᠭ᠋ᠠᠵᠢ ᠭᠡᠷᠡᠭᠰᠡᠯ ᠵᠶ᠋ᠠᠨ ᠬᠢᠵᠤ ᠦᠢ᠍ᠯᠡᠳᠤᠨ᠂ ᠲᠠᠪᠬᠤᠷ ᠲᠠᠪᠬᠤᠷ ᠬᠦᠴᠢᠷ ᠪᠡᠷᠭᠡᠰᠢᠶᠠᠯ᠎ᠢ ᠢᠯᠡᠨ ᠲᠠᠪᠠᠵᠤ᠂ ᠦᠷᠭᠡᠨ ᠠᠭᠤᠳᠠᠮ ᠲᠠᠯ᠎ᠡ ᠨᠤᠳᠤᠭ ᠵᠶ᠋ᠠᠷ ᠲᠤᠭᠯᠠᠯᠲᠠ ᠭᠠᠷᠭ᠋ᠠᠵᠤ ᠶᠠᠪᠤᠪᠠ᠃ ᠦᠭᠡᠷᠡᠴᠢᠯᠡᠯᠲᠡ ᠨᠡᠬᠡᠭᠡᠯᠲᠡ ᠬᠢᠭᠰᠡᠨ᠎ᠤ ᠳᠠᠷᠠᠭ᠎ᠠ᠂ ᠤᠯᠠᠭ᠋ᠠᠨᠮᠦ᠋ᠴᠢᠷ᠎ᠤᠨ᠎ᠬᠢᠨ ᠦᠷᠭᠦᠯᠵᠢᠯᠡᠨ ᠰᠢᠷᠭ᠋ᠠᠭᠤ ᠬᠠᠲᠠᠭᠤᠵᠢᠯᠲᠠᠢ ᠲᠡᠮᠡᠴᠡᠬᠦ ᠤᠯᠠᠮᠵᠢᠯᠠᠯ ᠵᠶ᠋ᠠᠨ ᠬᠠᠳᠠᠭ᠋ᠠᠯᠠᠵᠤ᠂ ᠠᠵᠤ ᠠᠬᠤᠢ ᠵᠢᠨ ᠶᠡᠬᠡ ᠤᠷᠤᠰᠬᠠᠯ ᠳᠤᠮᠳᠠᠬᠢ ᠡᠯ᠎ᠡ ᠵᠦᠢ᠍ᠯ᠎ᠤᠨ ᠠᠰᠢᠭ ᠲᠤᠰᠠ ᠵᠢᠨ ᠦᠳᠦᠭᠡᠯᠭᠡ ᠵᠢ ᠲᠡᠪᠴᠢᠨ᠂ ᠢᠲᠡᠭᠡᠯ ᠪᠢᠰᠢᠷᠡᠯ ᠵᠶ᠋ᠠᠨ ᠢᠮᠠᠭᠲᠠ ᠪᠠᠷᠢᠮᠲᠠᠯᠠᠵᠤ᠂ ᠦᠨᠳᠦᠰᠦᠨ ᠱᠠᠲᠤᠨ᠎ᠳᠤ ᠬᠠᠨᠳᠤᠵᠤ᠂ ᠬᠦᠳᠡᠬᠡ ᠲᠤᠰᠬᠤᠨ ᠮᠠᠯᠵᠢᠬᠤ ᠤᠷᠤᠨ᠎ᠳᠤ ᠬᠠᠨᠳᠤᠵᠤ᠂ ᠠᠬᠠᠮᠠᠳ ᠭᠡᠰᠢᠭᠦᠳ ᠦᠪᠡᠷ᠎ᠤᠨ ᠪᠡᠶ᠎ᠡ᠎ᠪᠠᠷ ᠵᠶ᠋ᠠᠨ ᠤᠯᠠᠮᠵᠢᠯᠠᠨ ᠵᠢᠭ᠋ᠠᠵᠤ᠂ ᠤᠯᠠᠭ᠋ᠠᠨᠮᠦ᠋ᠴᠢᠷ᠎ᠤᠨ ᠰᠢᠯᠢᠳᠡᠭ ᠤᠯᠠᠮᠵᠢᠯᠠᠯ᠂ ᠰᠠᠢ᠌ᠨ ᠰᠠᠢ᠌ᠬᠠᠨ ᠰᠤᠷᠲᠠᠯ᠎ᠢ ᠤᠯᠠᠮᠵᠢᠯᠠᠵᠤ᠂ ᠤᠯᠠᠭ᠋ᠠᠨᠮᠦ᠋ᠴᠢᠷ᠎ᠤᠨ ᠦᠢ᠍ᠯᠡᠰ᠎ᠢ ᠦᠶ᠎ᠡ ᠵᠢᠨ ᠦᠶ᠎ᠡ᠎ᠳᠤ ᠵᠠᠯᠭ᠋ᠠᠮᠵᠢᠯᠠᠨ᠂ 《ᠬᠤᠪᠢᠰᠬᠠᠯᠲᠦ ᠤᠳᠬ᠎ᠠ ᠤᠷᠠᠯᠢᠭ᠎ᠤᠨ ᠬᠦᠨᠭᠭᠡᠨ ᠮᠤᠷᠢᠲᠤ ᠴᠡᠷᠢᠭ》 ᠬᠡᠭᠦ ᠡᠨᠡ ᠬᠦ᠌ ᠲᠤᠭ᠎ᠢ ᠨᠡᠩ ᠭᠡᠷᠡᠯ ᠰᠠᠴᠤᠷᠠᠨᠭ᠌ᠭᠤᠢ ᠪᠤᠯᠭ᠋ᠠᠪᠠ᠃
ᠭᠤᠷᠪᠠ
ᠶᠡᠷᠦᠨᠭᠬᠡᠢ ᠱᠦᠵᠢ ᠰᠢ ᠵᠢᠨ ᠫᠢᠩ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ᠎ᠤᠨ ᠢᠯᠡᠳᠭᠡᠯ᠎ᠳᠤ᠄ 《ᠤᠳᠤ ᠦᠶ᠎ᠡ ᠵᠢᠨ ᠳᠤᠮᠳᠠᠳᠤ ᠤᠯᠤᠰ᠎ᠤᠨ ᠡᠪ ᠬᠠᠮᠲᠤᠴᠤᠳ ᠪᠤᠯᠤᠨ ᠳᠤᠮᠳᠠᠳᠤ ᠤᠯᠤᠰ᠎ᠤᠨ ᠠᠷᠠᠳ ᠲᠦᠮᠡᠨ ᠰᠢᠨ᠎ᠡ ᠰᠤᠶᠤᠯ᠎ᠤᠨ ᠡᠭᠦᠷᠭᠡ ᠵᠢ ᠡᠭᠦᠷᠭᠡᠯᠡᠬᠦ ᠶᠤᠰᠤᠲᠠᠢ ᠮᠦᠷᠲᠡᠭᠡᠨ ᠵᠠᠪᠠᠯ ᠡᠭᠦᠷᠭᠡᠯᠡᠬᠦ ᠬᠡᠷᠡᠭᠲᠡᠢ ᠪᠠᠢ᠌ᠵᠤ᠂ ᠦᠢ᠍ᠯᠡᠳᠦᠯᠭᠡ ᠵᠢᠨ ᠡᠭᠦᠳᠦᠨ ᠪᠦᠲᠦᠭᠡᠯᠲᠡ ᠳᠤᠮᠳᠠ ᠰᠤᠶᠤᠯ᠎ᠤᠨ ᠡᠭᠦᠳᠦᠨ ᠪᠦᠲᠦᠭᠡᠯᠲᠡ ᠬᠢᠵᠦ᠂ ᠲᠡᠤᠬᠡ ᠵᠢᠨ ᠳᠠᠪᠰᠢᠯᠲᠠ ᠳᠤᠮᠳᠠ ᠰᠤᠶᠤᠯ᠎ᠤᠨ ᠳᠠᠪᠰᠢᠯᠲᠠ ᠵᠢ ᠪᠡᠶᠡᠯᠡᠭᠦᠯᠬᠦ ᠬᠡᠷᠡᠭᠲᠡᠢ!》 ᠭᠡᠵᠦ ᠵᠢᠭ᠋ᠠᠵᠤ ᠭᠠᠷᠭ᠋ᠠᠪᠠ᠃ ᠰᠢᠨ᠎ᠡ ᠴᠠᠭ ᠦᠶ᠎ᠡ᠎ᠳᠤ ᠤᠯᠠᠭ᠋ᠠᠨᠮᠦ᠋ᠴᠢᠷ ᠰᠢᠨ᠎ᠡ ᠲᠡᠤᠬᠡᠲᠦ ᠡᠭᠦᠷᠭᠡ ᠵᠢ ᠡᠭᠦᠷᠭᠡᠯᠡᠬᠦ᠎ᠨᠢ ᠵᠠᠢ᠌ᠯᠠᠰᠢ ᠦᠭᠡᠢ ᠶᠤᠮ᠃
ᠨᠢᠭᠡᠳᠦᠭᠡᠷ᠎ᠲᠤ᠂ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠵᠢ ᠤᠬᠠᠭᠤᠯᠬᠤ ᠰᠢᠨ᠎ᠡ ᠡᠭᠦᠷᠭᠡ ᠬᠠᠷᠢᠭᠤᠴᠠᠯᠭ᠎ᠠ ᠵᠢ ᠡᠭᠦᠷᠭᠡᠯᠡᠬᠦ ᠬᠡᠷᠡᠭᠲᠡᠢ᠃ ᠤᠯᠠᠭ᠋ᠠᠨᠮᠦ᠋ᠴᠢᠷ ᠦᠪᠡᠷ᠎ᠤᠨ ᠦᠪᠡᠷᠮᠢᠴᠡ ᠳᠠᠪᠠᠭᠤᠯᠢᠭ ᠵᠶ᠋ᠠᠨ ᠭᠦᠢ᠍ᠴᠡᠳ ᠪᠠᠳᠠᠷᠠᠭᠤᠯᠵᠤ᠂ ᠤᠷᠠᠯᠢᠭ᠎ᠤᠨ ᠵᠤᠬᠢᠶᠠᠨ ᠪᠦᠲᠦᠭᠡᠬᠦ ᠲᠦᠪᠰᠢᠨ ᠵᠶ᠋ᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠪᠠᠶᠠᠯᠢᠭ ᠰᠠᠢ᠌ᠬᠠᠨ ᠤᠳᠬ᠎ᠠ ᠤᠷᠠᠯᠢᠭ᠎ᠤᠨ ᠬᠡᠯᠪᠡᠷᠢ᠎ᠪᠠᠷ 《ᠬᠤᠤᠰ ᠵᠠᠭᠤᠨ ᠵᠢᠯ》᠎ᠤᠨ ᠲᠡᠮᠡᠴᠡᠬᠦ ᠬᠠᠷᠠᠯᠲᠠ ᠪᠤᠯᠤᠨ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠭᠡᠮ ᠵᠢᠷᠤᠮ᠎ᠤᠨ ᠦᠨᠳᠦᠰᠦᠨ ᠠᠷᠭ᠎ᠠ ᠪᠤᠳᠤᠯᠭ᠎ᠠ ᠵᠢ ᠦᠷᠭᠡᠨ ᠵᠶ᠋ᠠᠷ ᠤᠬᠠᠭᠤᠯᠵᠤ᠂ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠵᠢ ᠤᠳᠬ᠎ᠠ ᠤᠷᠠᠯᠢᠭ᠎ᠤᠨ ᠬᠡᠯᠪᠡᠷᠢ᠎ᠪᠠᠷ ᠲᠠᠯ᠎ᠠ ᠨᠤᠲᠤᠭ᠎ᠲᠤ ᠳᠡᠯᠭᠡᠷᠡᠭᠦᠯᠵᠦ᠂ ᠦᠷᠭᠡᠨ ᠤᠯᠠᠨ ᠺᠠᠳ᠋ᠷ ᠤᠯᠠᠨ ᠲᠦᠮᠡᠨ᠎ᠤ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ ᠰᠢᠢ᠍ᠳᠪᠦᠷᠢᠲᠦ ᠢᠯᠠᠯᠲᠠ ᠵᠢ ᠤᠯᠵᠤ᠂ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠭᠡᠮ ᠵᠢᠷᠤᠮ᠎ᠤᠨ ᠠᠭᠤᠤ ᠶᠡᠬᠡ ᠢᠯᠠᠯᠲᠠ ᠵᠢ ᠲᠡᠮᠡᠴᠡᠨ ᠤᠯᠬᠤ ᠪᠤᠲᠠᠲᠠᠢ ᠦᠢ᠍ᠯᠡᠳᠦᠯᠭᠡ ᠪᠤᠯᠭ᠋ᠠᠨ ᠬᠤᠪᠢᠷᠠᠭᠤᠯᠬᠤ ᠬᠡᠷᠡᠭᠲᠡᠢ᠃
ᠬᠤᠶᠠᠳᠤᠭ᠋ᠠᠷ᠎ᠲᠤ᠂ ᠨᠡᠢ᠌ᠭᠡᠮ ᠵᠢᠷᠤᠮᠲᠤ ᠰᠤᠶᠤᠯ᠎ᠤᠨ ᠴᠡᠴᠡᠭᠯᠡᠯ ᠪᠠᠳᠠᠷᠠᠯ᠎ᠢ ᠠᠬᠢᠭᠤᠯᠬᠤ ᠰᠢᠨ᠎ᠡ ᠡᠭᠦᠷᠭᠡ ᠬᠠᠷᠢᠭᠤᠴᠠᠯᠭ᠎ᠠ ᠵᠢ ᠡᠭᠦᠷᠭᠡᠯᠡᠬᠦ ᠬᠡᠷᠡᠭᠲᠡᠢ᠃ ᠶᠡᠷᠦᠨᠭᠬᠡᠢ ᠱᠦᠵᠢ ᠰᠢ ᠵᠢᠨ ᠫᠢᠩ᠄ 《ᠰᠤᠶᠤᠯ ᠪᠤᠯ ᠨᠢᠭᠡ ᠤᠯᠤᠰ᠂ ᠨᠢᠭᠡ ᠦᠨᠳᠦᠰᠦᠲᠡᠨ᠎ᠤ ᠰᠦᠭ ᠰᠦᠨᠡᠰᠦ ᠮᠦᠨ᠃ ᠰᠤᠶᠤᠯ ᠮᠠᠨᠳᠤᠪᠠᠯ ᠤᠯᠤᠰ ᠮᠠᠨᠳᠤᠵᠤ᠂ ᠰᠤᠶᠤᠯ ᠬᠦᠴᠦᠷᠬᠡᠭ ᠪᠤᠯ ᠦᠨᠳᠦᠰᠦᠲᠡᠨ ᠬᠦᠴᠦᠷᠭᠡᠭ ᠪᠤᠯᠤᠨ᠎ᠠ》᠂ 《ᠮᠠᠨ᠎ᠤ ᠤᠯᠤᠰ᠎ᠤᠨ ᠴᠦᠬᠡᠨ ᠲᠤᠭ᠋ᠠᠲᠤ ᠦᠨᠳᠦᠰᠦᠲᠡᠨ ᠳᠠᠭᠤᠯᠠᠵᠤ ᠪᠦᠵᠢᠭᠯᠡᠬᠦ᠎ᠳᠡᠭᠡᠨ ᠠᠪᠢᠶᠠᠰ᠎ᠲᠠᠢ ᠪᠠᠢ᠌ᠵᠤ᠂ ᠤᠷᠲᠤ ᠬᠤᠭᠤᠴᠠᠭ᠋ᠠᠨ᠎ᠤ ᠲᠤᠷᠰᠢᠳᠡ ᠡᠯᠪᠡᠭ ᠪᠠᠶᠠᠯᠢᠭ ᠢᠷᠠᠭᠤ ᠰᠠᠢ᠌ᠬᠠᠨ ᠤᠳᠬ᠎ᠠ ᠤᠷᠠᠯᠢᠭ᠎ᠤᠨ ᠦᠷ᠎ᠡ ᠪᠦᠲᠦᠭᠡᠯ᠎ᠲᠠᠢ ᠪᠤᠯᠵᠠᠢ᠂ ᠡᠨᠡ ᠪᠤᠯ ᠮᠠᠨ᠎ᠤ ᠤᠯᠤᠰ᠎ᠤᠨ ᠤᠳᠬ᠎ᠠ ᠤᠷᠠᠯᠢᠭ᠎ᠤᠨ ᠦᠨᠡᠲᠦ ᠡᠷᠳᠡᠨᠢ ᠮᠦᠨ᠂ ᠰᠠᠢ᠌ᠲᠤᠷ ᠬᠠᠮᠠᠭ᠋ᠠᠯᠠᠨ᠂ ᠰᠠᠢ᠌ᠲᠤᠷ ᠬᠦᠭᠵᠢᠭᠦᠯᠵᠤ᠂ ᠲᠡᠳᠡᠨ᠎ᠢ ᠡᠬᠡ ᠤᠯᠤᠰ᠎ᠤᠨ ᠤᠳᠬ᠎ᠠ ᠤᠷᠠᠯᠢᠭ᠎ᠤᠨ ᠦᠨᠢᠷ ᠴᠡᠴᠡᠭ᠎ᠤᠨ ᠬᠦᠷᠢᠶᠡᠯᠡᠩ ᠳᠤᠮᠳᠠ ᠨᠡᠩ ᠦᠨᠭᠭᠡ ᠢᠯᠭ᠋ᠠᠷᠠᠮ᠎ᠠ ᠭᠡᠷᠡᠯ ᠭᠢᠯᠪᠠᠭ᠎ᠠ ᠰᠠᠴᠤᠷᠠᠭᠤᠯᠬᠤ ᠬᠡᠷᠡᠭᠲᠡᠢ》 ᠭᠡᠵᠦ ᠵᠢᠭ᠋ᠠᠵᠤ ᠭᠠᠷᠭ᠋ᠠᠪᠠ᠃ ᠤᠯᠠᠭ᠋ᠠᠨᠮᠦ᠋ᠴᠢᠷ ᠪᠤᠯᠤᠨ ᠦᠷᠭᠡᠨ ᠤᠯᠠᠨ ᠤᠳᠬ᠎ᠠ ᠤᠷᠠᠯᠢᠭ᠎ᠤᠨ ᠠᠵᠢᠯᠲᠠᠳ ᠤᠭᠤᠨᠬᠢᠪᠠᠨ ᠦᠯᠦ ᠮᠠᠷᠲᠠᠨ ᠬᠠᠷᠢ ᠵᠢᠨ᠎ᠬᠢ ᠵᠢ ᠰᠢᠨᠭᠭᠡᠭᠡᠨ ᠠᠪᠴᠤ ᠢᠷᠡᠭᠡᠳᠦᠢ᠎ᠳᠤ ᠬᠠᠨᠳᠤᠨ᠂ ᠪᠦᠲᠦᠭᠡᠯᠴᠢ᠎ᠪᠠᠷ ᠬᠤᠪᠢᠷᠠᠭᠤᠯᠵᠤ᠂ ᠪᠦᠲᠦᠭᠡᠯᠴᠢ᠎ᠪᠠᠷ ᠬᠦᠭᠵᠢᠭᠦᠯᠬᠦ ᠵᠢ ᠪᠠᠷᠢᠮᠲᠠᠯᠠᠵᠤ᠂ ᠲᠠᠯ᠎ᠠ ᠨᠤᠲᠤᠭ᠎ᠤᠨ ᠰᠤᠶᠤᠯᠳᠤ ᠰᠢᠨ᠎ᠡ ᠦᠷᠳᠡᠭ᠎ᠤᠨ ᠠᠭᠤᠯᠤᠭᠳᠠᠬᠤᠨ ᠨᠡᠮᠡᠷᠢᠯᠡᠵᠦ᠂ ᠳᠡᠳᠡᠭᠡᠷ ᠮᠦᠽᠸᠢ᠎ᠳᠤ ᠬᠠᠳᠠᠭ᠋ᠠᠯᠠᠭᠳᠠᠵᠤ ᠪᠠᠢ᠌ᠭ᠎ᠠ᠂ ᠠᠷᠠᠳ᠎ᠤᠨ ᠳᠤᠮᠳᠠ ᠮᠤᠨᠭ᠌ᠭᠤᠯ ᠭᠡᠷ᠎ᠲᠤ ᠲᠠᠷᠬᠠᠵᠤ ᠪᠠᠢ᠌ᠭ᠎ᠠ᠂ ᠲᠠᠯ᠎ᠠ ᠨᠤᠲᠤᠭ ᠤᠢ ᠰᠢᠭᠤᠢ ᠡᠯᠡᠰᠦ ᠮᠠᠩᠬ᠎ᠠ ᠭᠤᠪᠢ ᠨᠤᠳᠤᠭ᠎ᠲᠤ ᠨᠤᠢ᠌ᠷᠰᠤᠵᠤ ᠪᠠᠢ᠌ᠭ᠎ᠠ ᠰᠢᠯᠢᠳᠡᠭ ᠤᠯᠠᠮᠵᠢᠯᠠᠯᠲᠤ ᠰᠤᠶᠤᠯ᠎ᠢ ᠲᠠᠢ᠌ᠰᠠᠨ᠎ᠳᠤ ᠭᠠᠷᠭ᠋ᠠᠵᠤ ᠰᠢᠨ᠎ᠡ ᠠᠮᠢᠵᠢᠷᠠᠯ᠎ᠤᠨ ᠬᠦᠴᠦᠨ᠎ᠢ᠎ᠨᠢ ᠪᠠᠳᠠᠷᠠᠭᠤᠯᠬᠤ ᠬᠡᠷᠡᠭᠲᠡᠢ᠃ ᠦᠪᠦᠷ ᠮᠤᠨᠭ᠌ᠭᠤᠯ᠎ᠳᠤ ᠢᠷᠠᠭᠤ ᠠᠯᠳᠠᠷᠲᠤ ᠬᠤᠪᠢᠰᠬᠠᠯ᠎ᠤᠨ ᠤᠯᠠᠮᠵᠢᠯᠠᠯ᠎ᠲᠠᠢ ᠪᠠᠢ᠌ᠵᠤ᠂ ᠨᠠᠮ᠎ᠤᠨ ᠤᠳᠤᠷᠢᠳᠤᠯᠭ᠎ᠠ ᠳᠤᠤᠷ᠎ᠠ᠂ ᠦᠨᠳᠦᠰᠦᠲᠡᠨ᠎ᠨᠦᠭᠦᠳ᠎ᠤᠨ ᠠᠷᠠᠳ ᠲᠦᠮᠡᠨ ᠡᠵᠡᠷᠬᠡᠭ ᠲᠦᠷᠢᠮᠡᠬᠡᠢ᠌ᠲᠡᠨᠢ ᠡᠰᠡᠷᠭᠦᠴᠡᠬᠦ ᠹᠸᠦᠳᠠᠯᠢ ᠡᠰᠡᠷᠭᠦᠴᠡᠬᠦ ᠬᠤᠪᠢᠰᠬᠠᠯᠲᠤ ᠲᠡᠮᠡᠴᠡᠯ ᠳᠤᠮᠳᠠ᠂ ᠦᠪᠦᠷ ᠮᠤᠨᠭ᠌ᠭᠤᠯ᠎ᠤᠨ ᠦᠪᠡᠷᠲᠡᠭᠡᠨ ᠵᠠᠰᠠᠬᠤ ᠤᠷᠤᠨ᠎ᠢ ᠪᠠᠢ᠌ᠭᠤᠯᠬᠤ ᠠᠭᠤᠤ ᠶᠡᠬᠡ ᠦᠢ᠍ᠯᠡᠳᠦᠯᠭᠡ ᠳᠤᠮᠲᠠ ᠢᠷᠠᠭᠤ ᠭᠠᠢ᠌ᠬᠠᠮᠰᠢᠬᠲᠤ ᠲᠤᠤᠯᠢᠰ᠎ᠢ ᠪᠢᠴᠢᠭᠯᠡᠵᠦ᠂ ᠦᠷᠭᠡᠨ ᠭᠦᠨᠵᠡᠭᠡᠢ ᠨᠦᠯᠦᠭᠡ ᠪᠦᠬᠦᠢ᠂ ᠮᠠᠬᠲᠠᠨ ᠳᠠᠭᠤᠯᠠᠭᠤᠰᠢᠲᠠᠢ ᠬᠤᠪᠢᠰᠬᠠᠯ᠎ᠤᠨ ᠰᠤᠶᠤᠯ᠎ᠢ ᠪᠦᠷᠢᠯᠳᠦᠭᠦᠯᠪᠡ᠃ ᠪᠢᠳᠡ ᠭᠦᠨᠵᠡᠭᠡᠢ ᠠᠭᠤᠳᠠᠯᠵᠤ᠂ ᠨᠡᠩ ᠤᠯᠠᠨ ᠨᠠᠮ ᠵᠶ᠋ᠡᠨ ᠮᠠᠬᠲᠠᠨ ᠳᠠᠭᠤᠯᠠᠬᠰᠠᠨ᠂ ᠡᠬᠡ ᠤᠯᠤᠰ ᠵᠶ᠋ᠡᠨ ᠮᠠᠬᠲᠠᠨ ᠳᠠᠭᠤᠯᠠᠬᠰᠠᠨ᠂ ᠠᠷᠠᠳ ᠲᠦᠮᠡᠨ ᠵᠶ᠋ᠡᠨ ᠮᠠᠬᠲᠠᠨ ᠳᠠᠭᠤᠯᠠᠬᠰᠠᠨ᠂ ᠪᠠᠭ᠋ᠠᠲᠤᠷᠴᠤᠳ᠎ᠢ ᠮᠠᠬᠲᠠᠨ ᠳᠠᠭᠤᠯᠠᠬᠰᠠᠨ ᠰᠢᠯᠢᠳᠡᠭ ᠪᠦᠲᠦᠭᠡᠯ᠎ᠢ ᠴᠢᠷᠮᠠᠢ᠌ᠨ ᠡᠭᠦᠳᠦᠨ ᠪᠦᠲᠦᠭᠡᠵᠦ᠂ ᠬᠤᠪᠢᠰᠬᠠᠯ᠎ᠤᠨ ᠰᠤᠶᠤᠯ᠎ᠢ ᠰᠠᠢ᠌ᠲᠤᠷ ᠤᠯᠠᠮᠵᠢᠯᠠᠨ᠂ ᠰᠠᠢ᠌ᠲᠤᠷ ᠪᠠᠳᠠᠷᠠᠭᠤᠯᠵᠤ᠂ ᠬᠤᠪᠢᠰᠬᠠᠯᠲᠤ ᠤᠳᠤᠮᠰᠢᠯ᠎ᠢ ᠦᠶ᠎ᠠ ᠳᠠᠮᠵᠢᠨ ᠤᠯᠠᠮᠵᠢᠯᠠᠬᠤ ᠬᠡᠷᠡᠭᠲᠡᠢ᠃ ᠨᠡᠢ᠌ᠭᠡᠮ ᠵᠢᠷᠦᠮ᠎ᠤᠨ ᠭᠤᠤᠯᠯᠠᠬ᠍ᠴᠢ ᠦᠷᠲᠡᠭ᠎ᠤᠨ ᠦᠵᠡᠯᠳᠠ ᠵᠢᠨ ᠤᠯᠤᠰ ᠠᠷᠠᠳ᠎ᠤᠨ ᠰᠤᠷᠭ᠋ᠠᠨ ᠬᠦᠮᠦᠵᠢᠯ᠂ ᠤᠶᠤᠨ᠎ᠤ ᠪᠤᠯᠪᠠᠰᠤᠨ᠎ᠤ ᠴᠤᠬ᠍ᠴᠠᠯᠠᠯᠲᠠ᠂ ᠤᠶᠤᠨ᠎ᠤ ᠰᠤᠶᠤᠯ᠎ᠤᠨ ᠪᠦᠲᠦᠭᠡᠭᠳᠡᠭᠦᠨ᠎ᠤ ᠡᠭᠦᠳᠦᠯᠲᠡ ᠦᠢ᠍ᠯᠡᠳᠪᠦᠷᠢᠯᠡᠯ ᠳᠠᠮᠵᠢᠭᠤᠯᠭ᠎ᠠ᠎ᠳᠠᠬᠢ ᠳᠠᠭ᠋ᠠᠭᠤᠯᠬᠤ ᠦᠢ᠍ᠯᠡᠳᠦᠯ᠎ᠢ ᠪᠠᠳᠠᠷᠠᠭᠤᠯᠵᠤ᠂ ᠨᠡᠢ᠌ᠭᠡᠮ ᠵᠢᠷᠦᠮ᠎ᠤᠨ ᠭᠤᠤᠯᠯᠠᠬ᠍ᠴᠢ ᠦᠷᠲᠡᠭ᠎ᠤᠨ ᠦᠵᠡᠯᠲᠡ ᠵᠢ ᠨᠡᠢ᠌ᠭᠡᠮ ᠠᠮᠢᠳᠤᠷᠠᠯ᠎ᠤᠨ ᠡᠯ᠎ᠠ ᠲᠠᠯ᠎ᠠ᠎ᠳᠤ ᠠᠭᠤᠰᠤᠯᠴᠠᠭᠤᠯᠵᠤ᠂ ᠬᠦᠮᠦᠰ᠎ᠤᠨ ᠬᠠᠢ᠌ᠷ᠎ᠠ ᠰᠡᠳᠭᠢᠯᠭᠡ ᠵᠢᠨ ᠡᠭᠡᠨᠡᠭᠰᠢᠯ ᠪᠤᠯᠤᠨ ᠠᠵᠢᠯᠯᠠᠭ᠋ᠠᠨ᠎ᠤ ᠳᠠᠳᠬᠠᠯ ᠪᠤᠯᠭ᠋ᠠᠨ ᠬᠤᠪᠢᠷᠠᠭᠤᠯᠬᠤ ᠬᠡᠷᠡᠭᠲᠡᠢ᠃
ᠭᠤᠷᠪᠠᠳᠤᠭ᠋ᠠᠷ᠎ᠲᠤ᠂ ᠠᠷᠠᠳ ᠤᠯᠠᠨ᠎ᠤ ᠡᠳᠦᠷ ᠢᠷᠡᠭᠦᠶ᠎ᠠ ᠨᠡᠮᠡᠭᠳᠡᠵᠦ ᠪᠠᠢ᠌ᠭ᠎ᠠ ᠰᠠᠢ᠌ᠨ ᠰᠠᠢ᠌ᠬᠠᠨ ᠠᠮᠢᠳᠤᠷᠠᠯ᠎ᠤᠨ ᠬᠡᠷᠡᠭᠴᠡᠭᠡ ᠵᠢ ᠬᠠᠨᠭ᠌ᠭ᠋ᠠᠬᠤ ᠰᠢᠨ᠎ᠠ ᠡᠭᠦᠷᠭᠡ ᠬᠠᠷᠢᠭᠤᠴᠠᠯᠭ᠎ᠠ ᠵᠢ ᠡᠭᠦᠷᠭᠡᠯᠡᠬᠦ ᠬᠡᠷᠡᠭᠲᠡᠢ᠃ ᠶᠡᠷᠦᠨᠭᠬᠡᠢ ᠱᠦᠵᠢ ᠰᠢ ᠵᠢᠨ ᠫᠢᠩ᠂ 《ᠠᠷᠠᠳ ᠲᠦᠮᠡᠨ ᠤᠷᠠᠯᠢᠭ᠎ᠢ ᠱᠠᠭ᠋ᠠᠷᠳᠠᠨ᠎ᠠ᠂ ᠤᠷᠠᠯᠢᠭ ᠪᠠᠰᠠ ᠠᠷᠠᠳ ᠲᠦᠮᠡᠨ᠎ᠢ ᠱᠠᠭ᠋ᠠᠷᠳᠠᠨ᠎ᠠ》᠂ 《ᠠᠷᠠᠳ ᠲᠦᠮᠡᠨ᠎ᠤ ᠰᠠᠢ᠌ᠨ ᠰᠠᠢ᠌ᠬᠠᠨ ᠠᠮᠢᠳᠤᠷᠠᠯ᠎ᠢ ᠡᠳ᠋ᠯᠡᠬᠦ ᠰᠢᠨ᠎ᠠ ᠬᠦᠰᠡᠯ ᠡᠷᠡᠮᠡᠯᠵᠡᠯ᠎ᠢ ᠬᠠᠨᠭ᠌ᠭ᠋ᠠᠬᠤ᠎ᠳᠤ ᠡᠷᠬᠡᠪᠰᠢ ᠡᠯᠪᠡᠭ ᠪᠠᠶᠠᠯᠢᠭ ᠤᠶᠤᠨ᠎ᠤ ᠬᠦᠨᠡᠰᠦ ᠬᠠᠨᠭ᠌ᠭ᠋ᠠᠬᠤ ᠬᠡᠷᠡᠭᠲᠡᠢ》᠃ ᠤᠯᠠᠭ᠋ᠠᠨᠮᠦ᠋ᠴᠢᠷ ᠪᠤᠯᠤᠨ ᠦᠷᠭᠡᠨ ᠤᠯᠠᠨ ᠤᠳᠬ᠎ᠠ ᠤᠷᠠᠯᠢᠭ᠎ᠤᠨ ᠠᠵᠢᠯᠲᠠᠨ ᠢᠮᠠᠬᠲᠠ ᠠᠷᠠᠳ ᠲᠦᠮᠡᠨ ᠵᠶ᠋ᠠᠷ ᠭᠤᠤᠯ ᠪᠤᠯᠭ᠋ᠠᠬᠤ ᠡᠭᠦᠳᠦᠨ ᠪᠦᠲᠦᠭᠡᠯᠲᠡ ᠵᠢᠨ ᠤᠳᠤᠷᠢᠳᠤᠮᠵᠢ ᠵᠢ ᠪᠠᠷᠢᠮᠲᠠᠯᠠᠵᠤ᠂ ᠠᠷᠠᠳ ᠲᠦᠮᠡᠨ᠎ᠤ ᠤᠶᠤᠨ ᠰᠠᠨᠠᠭ᠎ᠠ ᠰᠤᠶᠤᠯ᠎ᠤᠨ ᠬᠡᠷᠡᠭᠴᠡᠭᠡ ᠵᠢ ᠬᠠᠨᠭ᠌ᠭ᠋ᠠᠬᠤ᠎ᠪᠠᠷ ᠵᠤᠷᠢᠯᠲᠠ ᠪᠠ ᠲᠤᠰᠤᠯᠲᠠ᠎ᠪᠠᠨ ᠪᠤᠯᠭ᠋ᠠᠵᠤ᠂ ᠠᠷᠠᠳ ᠲᠦᠮᠡᠨ᠎ᠢ ᠤᠷᠠᠯᠢᠭ᠎ᠤᠨ ᠢᠯᠡᠷᠡᠭᠦᠯᠦᠯᠲᠡ ᠵᠢᠨ ᠭᠤᠤᠯ ᠴᠤᠬ᠍ᠴᠠ᠎ᠪᠠᠨ ᠪᠤᠯᠭ᠋ᠠᠨ᠂ ᠠᠷᠠᠳ ᠲᠦᠮᠡᠨ᠎ᠢ ᠤᠷᠠᠯᠢᠭ᠎ᠤᠨ ᠭᠣᠸ᠎ᠠ ᠰᠠᠢ᠌ᠬᠠᠨ᠎ᠤ ᠰᠢᠨᠵᠢᠭᠴᠢ ᠪᠠ ᠰᠢᠭᠦᠮᠵᠢᠯᠡᠭᠴᠢ᠎ᠪᠠᠨ ᠪᠤᠯᠭ᠋ᠠᠵᠤ᠂ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠨ ᠲᠡᠮᠡᠴᠡᠬᠦ ᠠᠤᠭ᠎ᠠ ᠶᠡᠬᠡ ᠦᠢ᠍ᠯᠡᠳᠦᠯᠭᠡ ᠵᠢ ᠤᠷᠠᠯᠢᠭ᠎ᠤᠨ ᠡᠭᠦᠳᠦᠨ ᠪᠦᠲᠦᠭᠡᠯᠲᠡ ᠵᠢᠨ ᠵᠶ᠋ᠠᠨ ᠰᠢᠷᠭᠢᠰᠢ ᠦᠭᠡᠢ ᠡᠬᠢ ᠪᠤᠯᠠᠭ ᠵᠶ᠋ᠠᠨ ᠪᠤᠯᠭ᠋ᠠᠵᠤ᠂ ᠰᠤᠳᠤᠨ ᠪᠦᠲᠦᠭᠡᠯ᠎ᠤᠨ ᠤᠬᠠᠮᠰᠠᠷ᠎ᠢ ᠪᠤᠢ ᠪᠤᠯᠭ᠋ᠠᠨ᠂ ᠠᠷᠠᠳ ᠲᠦᠮᠡᠨ᠎ᠤ ᠳᠤᠮᠳᠠ ᠦᠨᠳᠦᠰᠦᠯᠡᠵᠤ᠂ ᠠᠮᠢᠳᠤᠷᠠᠯ᠎ᠳᠤ ᠭᠦᠨᠵᠡᠭᠡᠢ᠌ᠷᠡᠵᠦ᠂ ᠨᠡᠩ ᠤᠯᠠᠨ ᠠᠷᠠᠳ᠎ᠤᠨ ᠠᠮᠢᠳᠤᠷᠠᠯ᠎ᠳᠤ ᠤᠢ᠌ᠷᠠᠲᠤᠬᠰᠠᠨ᠂ ᠳᠡᠯᠭᠡᠷᠡᠵᠦ ᠳᠡᠢ᠌ᠯᠬᠦ᠂ ᠦᠯᠡᠳᠡᠭᠡᠵᠦ ᠳᠡᠢ᠌ᠯᠬᠦ ᠰᠢᠯᠢᠳᠡᠭ ᠪᠦᠲᠦᠭᠡᠯ᠎ᠢ ᠵᠤᠬᠢᠶᠠᠨ ᠪᠦᠲᠦᠭᠡᠵᠦ᠂ ᠦᠪᠦᠷ ᠮᠤᠨᠭ᠌ᠭᠤᠯ᠎ᠤᠨ ᠤᠳᠬ᠎ᠠ ᠤᠷᠠᠯᠢᠭ᠎ᠤᠨ ᠵᠤᠬᠢᠶᠠᠨ ᠪᠦᠲᠦᠭᠡᠯᠭᠡ ᠵᠢᠨ 《ᠦᠨᠳᠦᠷᠯᠢᠭ》᠎ᠠᠴᠠ 《ᠤᠷᠭᠢᠯ》 ᠲᠡᠢ᠌ᠰᠢ ᠳᠠᠪᠰᠢᠬᠤ ᠵᠢ ᠪᠡᠶᠡᠯᠡᠭᠦᠯᠬᠦ ᠬᠡᠷᠡᠭᠲᠡᠢ᠃
ᠳᠦᠷᠪᠠ
ᠠᠷᠠᠳ ᠲᠦᠮᠡᠨ᠎ᠳᠤ ᠦᠢ᠍ᠯᠡᠴᠢᠯᠡᠬᠦ᠂ ᠨᠡᠢ᠌ᠭᠡᠮ ᠵᠢᠷᠦᠮᠳᠤ ᠦᠢ᠍ᠯᠡᠴᠢᠯᠡᠬᠦ ᠦᠢ᠍ᠯᠡᠳᠦᠯᠭᠡ ᠳᠤᠮᠳᠠ ᠪᠦᠷᠢᠯᠳᠦᠭᠰᠡᠨ ᠤᠯᠠᠭ᠋ᠠᠨᠮᠦ᠋ᠴᠢᠷ᠎ᠤᠨ ᠵᠤᠷᠢᠭ ᠰᠠᠨᠠᠭ᠎ᠠ ᠨᠢᠭᠡᠨᠲᠡ ᠦᠪᠦᠷ ᠮᠤᠨᠭ᠌ᠭᠤᠯ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠨᠠᠨᠳᠢᠨ ᠦᠪ ᠬᠦᠷᠦᠨᠭᠬᠡ ᠪᠤᠯᠪᠠ᠃ ᠲᠡᠷᠡ᠎ᠨᠢ ᠦᠨᠭᠭᠡᠷᠡᠭᠰᠡᠨ᠎ᠳᠤ ᠪᠢᠳᠡᠨ᠎ᠤ ᠪᠦᠬᠦ ᠤᠯᠤᠰ᠎ᠤᠨ ᠠᠷᠠᠳ ᠲᠦᠮᠡᠨ᠎ᠯᠦᠭᠡ ᠬᠠᠮᠲᠤ᠎ᠪᠠᠷ ᠪᠤᠰᠴᠤ ᠵᠤᠬᠰᠤᠬᠤ᠎ᠠᠴᠠ ᠪᠠᠶᠠᠵᠢᠨ ᠴᠢᠨᠡᠭᠡᠯᠢᠭᠵᠢᠬᠦ ᠵᠢ ᠤᠷᠮᠠᠰᠢᠭᠤᠯᠤᠨ ᠵᠤᠷᠢᠬ᠍ᠵᠢᠭᠤᠯᠵᠤ᠂ ᠦᠨᠦᠳᠦᠷ ᠶᠠᠭ ᠪᠢᠳᠡᠨ᠎ᠤ ᠪᠠᠶᠠᠵᠢᠨ ᠴᠢᠨᠡᠭᠡᠯᠢᠭᠵᠢᠬᠦ᠎ᠠᠴᠠ ᠬᠦᠴᠦᠷᠬᠡᠭᠵᠢᠵᠤ᠂ ᠰᠢᠨ᠎ᠠ ᠴᠠᠭ ᠦᠶ᠎ᠠ ᠵᠢᠨ 《ᠵᠢᠱ᠌ᠢᠶᠡᠴᠢ ᠦᠪᠡᠷᠲᠡᠭᠡᠨ ᠵᠠᠰᠠᠬᠤ ᠤᠷᠤᠨ》᠎ᠢ ᠪᠦᠲᠦᠭᠡᠨ ᠪᠠᠢ᠌ᠭᠤᠯᠬᠤ ᠵᠢ ᠤᠷᠮᠠᠰᠢᠭᠤᠯᠤᠨ ᠵᠤᠷᠢᠬ᠍ᠵᠢᠭᠤᠯᠵᠤ ᠪᠠᠢ᠌ᠨ᠎ᠠ᠃
ᠤᠯᠠᠭ᠋ᠠᠨᠮᠦ᠋ᠴᠢᠷ ᠪᠢᠳᠡᠨ᠎ᠳᠤ ᠰᠡᠩᠬᠡᠷᠡᠬᠦᠯᠦᠭᠰᠡᠨᠨᠢ᠂ ᠭᠠᠭᠴᠠ ᠬᠦ᠌ ᠢᠮᠠᠬᠲᠠ ᠨᠠᠮ᠎ᠤᠨ ᠤᠳᠤᠷᠢᠳᠤᠯᠭ᠎ᠠ ᠵᠢ ᠪᠠᠷᠢᠮᠲᠠᠯᠠᠵᠤ᠂ ᠡᠭᠦᠷᠢᠲᠡ ᠨᠠᠮ᠎ᠤᠨ ᠦᠭᠡ ᠵᠢ ᠰᠤᠨᠤᠰᠴᠤ᠂ ᠨᠠᠮ ᠵᠶ᠋ᠡᠨ ᠳᠠᠭ᠋ᠠᠵᠤ ᠶᠠᠪᠤᠪᠠᠯ᠂ ᠮᠠᠨ᠎ᠤ ᠦᠢ᠍ᠯᠡᠰ ᠰᠠᠶᠢ ᠴᠤᠴᠠᠯᠲᠠ ᠦᠭᠡᠢ ᠤᠷᠤᠬᠰᠢᠯᠠᠵᠤ᠂ ᠦᠷᠨᠢᠭᠦᠨ ᠭᠦᠭᠵᠢᠵᠦ ᠳᠡᠢ᠌ᠯᠦᠨᠠ᠃ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠭᠡᠮ ᠵᠢᠷᠤᠮ ᠪᠤᠯ ᠨᠢᠭᠡᠨ ᠠᠭᠤᠤ ᠶᠡᠬᠡ ᠦᠢ᠍ᠯᠡᠰ ᠮᠥᠨ᠂ ᠪᠢᠳᠡ ᠡᠷᠬᠡᠪᠰᠢ 《ᠳᠦᠷᠪᠡᠨ ᠤᠬᠠᠮᠰᠠᠷ》᠎ᠢ ᠪᠠᠲᠤ ᠪᠤᠢ ᠪᠤᠯᠭ᠋ᠠᠨ 《ᠳᠦᠷᠪᠡᠨ ᠢᠲᠡᠭᠡᠯ》 ᠵᠶ᠋ᠡᠨ ᠪᠠᠲᠤᠳᠬᠠᠵᠤ᠂ ᠶᠡᠷᠦᠩᠬᠡᠢ ᠱᠦᠵᠢ ᠰᠢ ᠵᠢᠨ ᠫᠢᠩ᠎ᠤᠨ ᠭᠤᠤᠯᠯᠠᠬᠤ ᠪᠠᠢ᠌ᠷᠢ ᠰᠠᠭᠤᠷᠢ ᠵᠢ ᠡᠷᠡᠰ ᠬᠠᠮᠠᠭ᠋ᠠᠯᠠᠵᠤ᠂ ᠨᠠᠮ᠎ᠤᠨ ᠲᠦᠪ ᠬᠤᠷᠢᠶᠠᠨ᠎ᠤ ᠡᠷᠬᠡ ᠰᠦᠷ ᠪᠠ ᠲᠦᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠵᠢ ᠡᠷᠡᠰ ᠬᠠᠮᠠᠭ᠋ᠠᠯᠠᠵᠤ᠂ ᠵᠠᠷᠯᠢᠬ ᠴᠠᠭ᠋ᠠᠵᠠ ᠵᠢ ᠡᠷᠡᠰ ᠳᠠᠭ᠋ᠠᠬᠤ ᠵᠢ ᠪᠠᠲᠤᠯᠠᠬᠤ ᠬᠡᠷᠡᠭᠲᠡᠢ᠃ ᠭᠠᠭᠴᠠ ᠬᠦ᠌ ᠢᠩᠬᠢᠪᠡᠯ ᠰᠠᠶᠢ ᠮᠠᠨ᠎ᠤ ᠨᠢᠭᠡᠨᠲᠡ ᠡᠭᠦᠳᠦᠭᠰᠡᠨ ᠠᠵᠢᠯ ᠦᠢ᠍ᠯᠡᠰ ᠵᠶ᠋ᠠᠨ ᠲᠠᠰᠤᠷᠠᠯᠲᠠ ᠦᠭᠡᠢ ᠤᠷᠤᠬᠰᠢ ᠠᠬᠢᠭᠤᠯᠵᠤ ᠴᠢᠳᠠᠨ᠎ᠠ᠃
ᠤᠯᠠᠭ᠋ᠠᠨᠮᠦ᠋ᠴᠢᠷ ᠪᠢᠳᠠᠨ᠎ᠳᠤ ᠰᠡᠩᠬᠡᠷᠡᠭᠦᠯᠦᠭᠰᠡᠨ᠎ᠨᠢ᠂ ᠭᠠᠭᠴᠠ ᠬᠦ᠌ ᠵᠢᠩᠬᠢᠨᠢ ᠠᠷᠠᠳ ᠲᠦᠮᠡᠨ ᠵᠶ᠋ᠠᠷ ᠭᠤᠤᠯ ᠪᠤᠯᠭ᠋ᠠᠬᠤ ᠵᠢ ᠪᠡᠶᠡᠯᠡᠭᠦᠯᠵᠦ᠂ 《ᠬᠡᠨ᠎ᠤ ᠲᠦᠯᠦᠭᠡ ᠪᠤᠢ᠂ ᠬᠡᠨ᠎ᠢ ᠲᠦᠰᠢᠭᠯᠡᠬᠦ ᠪᠤᠢ᠂ ᠪᠢ ᠬᠡᠨ ᠪᠤᠢ》 ᠭᠡᠬᠦ ᠠᠰᠠᠭᠤᠳᠠᠯ᠎ᠢ ᠰᠠᠢ᠌ᠳᠤᠷ ᠰᠢᠢ᠍ᠳᠪᠦᠷᠢᠯᠡᠪᠡᠯ ᠮᠠᠨ᠎ᠤ ᠠᠵᠢᠯ ᠰᠠᠶᠢ ᠵᠦᠪ ᠴᠢᠭᠯᠡᠯ ᠵᠶ᠋ᠠᠨ ᠡᠵᠡᠮᠳᠡᠵᠦ ᠴᠢᠳᠠᠨ᠎ᠠ᠃ ᠠᠷᠠᠳ ᠲᠦᠮᠡᠨ ᠵᠶ᠋ᠠᠷ ᠭᠤᠤᠯ ᠪᠤᠯᠭ᠋ᠠᠬᠤ ᠪᠤᠯ ᠰᠢ ᠵᠢᠨ ᠫᠢᠩ᠎ᠤᠨ ᠰᠢᠨ᠎ᠡ ᠴᠠᠬ ᠦᠶ᠎ᠡ ᠵᠢᠨ ᠳᠤᠮᠳᠠᠳᠤ ᠤᠯᠤᠰ᠎ᠤᠨ ᠤᠨᠴᠠᠯᠢᠬ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠋ᠠᠨ᠎ᠤ ᠭᠤᠤᠯ ᠪᠤᠯᠬᠤ ᠴᠢᠬᠤᠯᠠ ᠠᠭᠤᠯᠭ᠎ᠠ ᠵᠢᠨ ᠨᠢᠭᠡ ᠮᠦᠨ᠂ ᠪᠠᠰᠠ ᠮᠠᠨ᠎ᠤ ᠠᠯᠢᠪᠠ ᠠᠵᠢᠯ᠎ᠤᠨ ᠵᠤᠷᠢᠯᠲᠠ ᠪᠠ ᠲᠤᠰᠤᠯᠲᠠ ᠪᠤᠯᠤᠨ᠎ᠠ᠃ ᠪᠢᠳᠠ ᠭᠠᠭᠴᠠ ᠬᠦ᠌ ᠠᠷᠠᠳ ᠲᠦᠮᠡᠨ᠎ᠲᠠᠢ ᠠᠮᠢᠰᠬᠤᠭ᠎ᠠ᠎ᠪᠠᠨ ᠨᠢᠭᠡᠳᠬᠡᠨ᠂ ᠬᠤᠪᠢ ᠵᠠᠶᠠᠭ᠎ᠠ᠎ᠪᠠᠨ ᠬᠠᠮᠲᠤᠳᠬᠠᠵᠤ᠂ ᠰᠡᠳᠬᠢᠯ ᠵᠢᠷᠤᠭᠡ᠎ᠪᠠᠨ ᠬᠤᠯᠪᠤᠨ᠂ ᠠᠷᠠᠳ ᠲᠦᠮᠡᠨ᠎ᠤ ᠰᠠᠢ᠌ᠨ ᠰᠠᠢ᠌ᠬᠠᠨ ᠠᠮᠢᠳᠤᠷᠠᠯ᠎ᠤᠨ ᠲᠤᠬᠠᠢ ᠬᠦᠰᠡᠯ ᠬᠦᠭᠡᠭᠡᠴᠡᠯᠳᠦᠯ ᠵᠶ᠋ᠠᠷ ᠲᠡᠮᠡᠴᠡᠬᠦ ᠬᠠᠷᠠᠯᠳᠠ᠎ᠪᠠᠨ ᠪᠤᠯᠭ᠋ᠠᠵᠤ᠂ ᠢᠮᠠᠬᠲᠠ ᠤᠯᠠᠨ ᠲᠦᠮᠡᠨ᠎ᠳᠤ ᠬᠦᠨ ᠵᠤᠵᠠᠭ᠋ᠠᠨ ᠬᠠᠢ᠌ᠷ᠎ᠠ ᠰᠡᠳᠬᠢᠯᠭᠡ᠎ᠲᠠᠢ᠎ᠪᠠᠷ ᠠᠵᠢᠯᠯᠠᠵᠤ᠂ ᠦᠨᠳᠦᠰᠦᠲᠡᠨ ᠨᠦᠬᠦᠳ᠎ᠤᠨ ᠠᠷᠠᠳ ᠲᠦᠮᠡᠨ᠎ᠳᠤ ᠨᠡᠩ ᠤᠯᠠᠨ ᠬᠦᠷᠲᠡᠮᠵᠢ ᠵᠢᠨ ᠲᠦᠷᠦᠭᠳᠡᠯ᠂ ᠵᠢᠷᠭ᠋ᠠᠯᠳᠤ ᠲᠦᠷᠦᠭᠳᠡᠯ᠂ ᠠᠮᠤᠷ ᠲᠦᠪᠰᠢᠨ᠎ᠤ ᠲᠦᠷᠦᠭᠳᠡᠯ ᠤᠯᠭᠤᠪᠠᠯ ᠰᠠᠶᠢ ᠠᠷᠠᠳ ᠲᠦᠮᠡᠨ᠎ᠤ ᠢᠲᠡᠭᠡᠯ ᠪᠠ ᠬᠦᠷᠢᠶᠡᠯᠡᠯ᠎ᠢ ᠤᠯᠵᠤ ᠴᠢᠳᠠᠨ᠎ᠠ᠃
ᠤᠯᠠᠭ᠋ᠠᠨᠮᠦ᠋ᠴᠢᠷ ᠪᠢᠳᠠᠨ᠎ᠳᠤ ᠰᠡᠩᠬᠡᠷᠡᠭᠦᠯᠦᠭᠰᠡᠨ᠎ᠨᠢ᠂ ᠭᠠᠭᠴᠠ ᠬᠦ᠌ ᠦᠨᠡᠨ᠎ᠠᠴᠠ ᠵᠦᠪ᠎ᠢ ᠡᠷᠢᠬᠦ ᠦᠵᠡᠯ ᠰᠠᠨᠠᠭ᠋ᠠᠨ᠎ᠤ ᠱᠤᠭᠤᠮ᠎ᠢ ᠪᠠᠷᠢᠮᠲᠠᠯᠠᠵᠤ᠂ ᠠᠯᠢᠪᠠ ᠠᠵᠢᠯ᠎ᠳᠤ ᠪᠤᠲᠠᠲᠠᠢ᠎ᠠᠴᠠ ᠡᠭᠦᠰᠬᠦ ᠵᠢ ᠪᠠᠷᠢᠮᠲᠠᠯᠠᠪᠠᠯ ᠮᠠᠨ᠎ᠤ ᠡᠯ᠎ᠡ ᠲᠦᠷᠦᠯ᠎ᠤᠨ ᠠᠵᠢᠯ ᠰᠠᠶᠢ ᠲᠡᠤᠬᠡ ᠪᠠ ᠠᠷᠠᠳ ᠲᠦᠮᠡᠨ᠎ᠤ ᠰᠢᠯᠭ᠋ᠠᠯᠲᠠ ᠵᠢ ᠳᠠᠭ᠋ᠠᠭ᠋ᠠᠵᠤ ᠳᠡᠢ᠌ᠯᠤᠨᠠ᠃ ᠦᠪᠦᠷ ᠮᠤᠩᠭᠤᠯ᠎ᠤᠨ ᠨᠤᠲᠤᠬ ᠳᠡᠪᠢᠰᠬᠡᠷ ᠦᠷᠭᠡᠨ ᠠᠭᠤᠳᠠᠮ ᠶᠤᠮ᠂ ᠬᠤᠲᠠ ᠪᠠᠢ᠌ᠨ᠎ᠠ᠂ ᠬᠦᠳᠡᠬᠡ ᠲᠤᠰᠬᠤᠨ ᠪᠠᠢ᠌ᠨ᠎ᠠ᠂ ᠮᠠᠯᠵᠢᠬᠤ ᠤᠷᠤᠨ ᠪᠠᠢ᠌ᠨ᠎ᠠ᠂ ᠰᠢᠭᠤᠢ᠌ᠲᠤ ᠤᠷᠤᠨ ᠪᠠᠢ᠌ᠨ᠎ᠠ᠂ ᠠᠳᠠᠷ ᠬᠠᠭ᠋ᠠᠯᠪᠤᠷᠢᠯᠠᠯᠳᠠ ᠵᠢᠨ ᠤᠷᠤᠨ ᠪᠠᠢ᠌ᠨ᠎ᠠ᠂ ᠡᠯ᠎ᠡ ᠭᠠᠵᠠᠷ᠎ᠤᠨ ᠪᠠᠢ᠌ᠳᠠᠯ ᠮᠠᠰᠢ ᠶᠡᠬᠡ ᠵᠦᠷᠢᠶ᠎ᠡ᠎ᠲᠠᠢ ᠪᠠᠢ᠌ᠵᠤ᠂ ᠡᠯ᠎ᠡ ᠲᠦᠷᠦᠯ᠎ᠤᠨ ᠠᠵᠢᠯ᠎ᠳᠤ ᠡᠷᠬᠡᠪᠰᠢ ᠰᠢ ᠵᠢᠨ ᠫᠢᠩ᠎ᠤᠨ ᠰᠢᠨ᠎ᠡ ᠴᠠᠬ ᠦᠶ᠎ᠡ ᠵᠢᠨ ᠳᠤᠮᠳᠠᠳᠤ ᠤᠯᠤᠰ᠎ᠤᠨ ᠤᠨᠴᠠᠯᠢᠬ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠤᠭᠤᠳᠤᠯᠭ᠎ᠠ ᠪᠤᠯᠭ᠋ᠠᠵᠤ᠂ ᠨᠠᠮ᠎ᠤᠨ ᠲᠦᠪ ᠬᠤᠷᠢᠶᠠᠨ᠎ᠤ ᠰᠢᠢ᠍ᠳᠪᠦᠷᠢᠲᠤ ᠪᠤᠳᠤᠯᠭ᠎ᠠ ᠵᠢᠨ ᠪᠠᠢ᠌ᠷᠢᠯᠠᠭᠤᠯᠤᠯᠲᠠ ᠵᠢ ᠦᠪᠦᠷ ᠮᠤᠩᠭᠤᠯ᠎ᠤᠨ ᠪᠤᠲᠠᠲᠠᠢ᠎ᠲᠠᠢ ᠨᠢᠬᠲᠠ ᠤᠶᠠᠯᠳᠤᠭᠤᠯᠵᠤ᠂ ᠰᠢᠨᠵᠢᠯᠡᠬᠦ ᠤᠬᠠᠭ᠋ᠠᠨ᠎ᠢ ᠳᠡᠭᠡᠳᠦᠯᠡᠨ᠂ ᠤᠨᠤᠯ᠎ᠤᠨ ᠰᠢᠨᠡᠴᠢᠯᠡᠯᠲᠡ᠂ ᠦᠢ᠍ᠯᠡᠳᠦᠯᠭᠡ ᠵᠢᠨ ᠰᠢᠨᠡᠴᠢᠯᠡᠯᠲᠡ ᠵᠢ ᠲᠠᠰᠤᠷᠠᠯᠲᠡ ᠦᠭᠡᠢ ᠠᠬᠢᠭᠤᠯᠵᠤ᠂ ᠠᠵᠤ ᠠᠬᠤᠢ ᠨᠡᠢ᠌ᠭᠡᠮ᠎ᠤᠨ ᠨᠡᠩ ᠦᠨᠳᠦᠷ ᠲᠦᠪᠰᠢᠨ᠂ ᠨᠡᠩ ᠴᠢᠨᠠᠷ ᠰᠠᠢ᠌ᠲᠠᠢ ᠬᠦᠭᠵᠢᠯᠲᠡ ᠵᠢ ᠠᠬᠢᠭᠤᠯᠬᠤ ᠬᠡᠷᠡᠭᠲᠡᠢ᠃
ᠤᠯᠠᠭ᠋ᠠᠨᠮᠦ᠋ᠴᠢᠷ ᠪᠢᠳᠠᠨ᠎ᠳᠤ ᠰᠡᠩᠬᠡᠷᠡᠭᠦᠯᠦᠭᠰᠡᠨ᠎ᠨᠢ᠂ ᠭᠠᠭᠴᠠ ᠬᠦ᠌ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠣᠨᠣᠯᠵᠢᠬᠤᠨ ᠪᠤᠯᠤᠨ 《ᠦᠨᠳᠦᠰᠦᠲᠡᠨ᠎ᠤ ᠪᠦᠯᠬᠦᠮᠳᠡᠯ ᠪᠤᠯ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠠᠮᠢᠨ ᠰᠤᠳᠠᠰᠤ ᠮᠦᠨ》 ᠬᠡᠬᠦ ᠤᠢ᠌ᠯᠠᠭ᠋ᠠᠬᠳᠠᠬᠤᠨ᠎ᠢ ᠦᠨᠳᠦᠰᠦᠲᠡᠨ ᠨᠦᠬᠦᠳ᠎ᠤᠨ ᠺᠠᠳ᠋ᠷ ᠤᠯᠠᠨ ᠲᠦᠮᠡᠨ᠎ᠤ ᠦᠵᠡᠯ ᠰᠠᠨᠠᠭ᠋ᠠᠨ᠎ᠳᠤ ᠬᠦᠨ᠎ᠡ ᠦᠨᠳᠦᠰᠦᠯᠡᠭᠦᠯᠪᠡᠯ ᠰᠠᠶᠢ 《ᠦᠵᠡᠰᠬᠦᠯᠡᠩᠲᠤ ᠰᠠᠢ᠌ᠬᠠᠨ ᠦᠪᠦᠷ ᠮᠤᠩᠭᠤᠯ ᠵᠶ᠋ᠠᠨ ᠪᠦᠲᠦᠭᠡᠨ ᠪᠠᠢ᠌ᠭᠤᠯᠵᠤ ᠠᠭᠤᠤ ᠶᠡᠬᠡ ᠳᠤᠮᠳᠠᠳᠤ ᠵᠢᠨ ᠵᠡᠭᠦᠳᠦ᠎ᠪᠠᠨ ᠬᠠᠮᠲᠤ᠎ᠪᠠᠷ ᠲᠡᠷᠭᠡᠯᠰᠢᠭᠦᠯᠬᠦ》 ᠠᠤᠭ᠎ᠠ ᠶᠡᠬᠡ ᠬᠦᠴᠦᠨ᠎ᠢ ᠨᠢᠬᠲᠠᠷᠠᠭᠤᠯᠵᠤ ᠴᠢᠳᠠᠨ᠎ᠠ᠃ ᠶᠡᠷᠦᠩᠬᠡᠢ ᠱᠦᠵᠢ ᠰᠢ ᠵᠢᠨ ᠫᠢᠩ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠠᠩᠬᠠᠳᠤᠭ᠋ᠠᠷ ᠬᠤᠷᠠᠯ᠎ᠤᠨ ᠦᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠤᠷᠤᠯᠴᠠᠬᠤ᠎ᠳᠤ᠎ᠪᠠᠨ᠂ ᠦᠪᠦᠷ ᠮᠤᠩᠭᠤᠯ᠎ᠤᠨ ᠦᠬᠡᠷᠡᠴᠢᠯᠡᠯᠳᠡ ᠬᠦᠭᠵᠢᠯᠳᠡ ᠳᠤᠬᠳᠠᠭᠤᠨᠤ ᠠᠵᠢᠯ᠎ᠢ ᠰᠠᠢ᠌ᠳᠤᠷ ᠬᠢᠬᠦ᠎ᠨᠢ ᠪᠦᠬᠦ ᠤᠯᠤᠰ᠂ ᠳᠡᠯᠡᠬᠡᠢ ᠨᠡᠢ᠌ᠳᠡ᠎ᠳᠤ ᠴᠤ᠌ ᠢᠳᠡᠪᠬᠢ ᠠᠴᠢ ᠬᠤᠯᠪᠤᠬᠳᠠᠯ᠎ᠲᠠᠢ ᠶᠤᠮ ᠭᠡᠵᠦ ᠴᠢᠬᠤᠯᠠᠴᠢᠯᠠᠵᠤ᠂ ᠪᠢᠳᠠᠨ᠎ᠢ ᠡᠬᠡ ᠤᠯᠤᠰ᠎ᠤᠨ ᠨᠢᠭᠡᠳᠦᠯ᠂ ᠦᠨᠳᠦᠰᠦᠲᠡᠨ᠎ᠤ ᠪᠦᠯᠬᠦᠮᠳᠡᠯ᠎ᠢ ᠬᠠᠮᠠᠭ᠋ᠠᠯᠠᠬᠤ᠎ᠳᠤ ᠨᠡᠩ ᠶᠡᠬᠡ ᠬᠠᠷᠢᠭᠤᠴᠠᠯᠭ᠎ᠠ ᠡᠭᠦᠷᠭᠡᠯᠡᠬᠦ ᠵᠢ ᠱᠠᠭ᠋ᠠᠷᠳᠠᠪᠠ᠃ ᠪᠢᠳᠠ ᠡᠷᠬᠡᠪᠰᠢ ᠶᠡᠷᠦᠩᠬᠡᠢ ᠱᠦᠵᠢ ᠰᠢ ᠵᠢᠨ ᠫᠢᠩ᠎ᠤᠨ ᠬᠦᠰᠡᠯ ᠨᠡᠢ᠌ᠳᠠᠯᠭ᠎ᠠ ᠵᠢ ᠪᠠᠲᠤ ᠴᠡᠭᠡᠵᠢᠯᠡᠵᠦ᠂ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠠᠨᠠᠷ᠎ᠤᠨ ᠦᠷ᠎ᠠ ᠰᠢᠭ ᠪᠦᠯᠬᠦᠮᠳᠡᠨ ᠨᠢᠬᠳᠠᠷᠠᠬᠤ ᠵᠢ ᠠᠬᠢᠭᠤᠯᠵᠤ᠂ ᠤᠬ ᠰᠠᠨᠠᠭ᠎ᠠ᠎ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠂ ᠰᠢᠨ᠎ᠡ ᠴᠠᠭ ᠦᠶ᠎ᠡ ᠵᠢᠨ 《ᠵᠢᠱ᠌ᠢᠶᠡᠴᠢ ᠦᠪᠡᠷᠲᠡᠭᠡᠨ ᠵᠠᠰᠠᠬᠤ ᠤᠷᠤᠨ》᠎ᠢ ᠪᠦᠲᠦᠭᠡᠨ ᠪᠠᠢ᠌ᠭᠤᠯᠬᠤ ᠬᠡᠷᠡᠭᠲᠡᠢ᠃