ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠢᠯᠡ ᠵᠠᠰᠠᠭ   -   ᠪᠢᠴᠢᠭ ᠮᠠᠲ᠋ᠧᠷᠢᠶᠠᠯ
ᠥᠪᠥᠷ ᠮᠣᠩᠭᠣᠯ᠎ᠤᠨ ᠡᠨᠧᠷᠭᠢ᠎ᠶᠢᠨ ᠪᠦᠯᠦᠭᠯᠡᠯ᠎ᠦᠨ ᠪᠤᠭᠤᠲᠤ ᠣᠷᠣᠨ᠎ᠤ 2×66 ᠲᠦᠮᠡᠨ ᠺᠢᠯᠣᠸᠠᠲ᠎ᠤᠨ ᠨᠡᠭᠦᠷᠡᠰᠦ ᠴᠠᠬᠢᠯᠭᠠᠨ᠎ᠤ ᠲᠥᠷᠥᠯ ᠵᠦᠢᠯ᠎ᠦᠨ 500kV᠎ᠶᠢᠨ ᠬᠦᠴᠦᠳᠡᠯ ᠳᠡᠭᠡᠭᠰᠢᠯᠡᠭᠦᠯᠬᠦ ᠥᠷᠲᠡᠭᠡ᠎ᠶᠢᠨ ᠣᠷᠴᠢᠨ ᠲᠣᠭᠣᠷᠢᠨ᠎ᠤ ᠨᠥᠯᠥᠭᠡᠯᠡᠯ᠎ᠦᠨ ᠦᠨᠡᠯᠡᠯᠲᠡ᠎ᠶᠢᠨ ᠪᠢᠴᠢᠭ ᠮᠠᠲᠧᠷᠢᠶᠠᠯ ( ᠰᠠᠴᠤᠷᠠᠭ᠎ᠤᠨ ᠲᠥᠷᠥᠯ )᠎ᠢ ᠭᠥᠯᠢᠶᠡᠨ ᠠᠪᠴᠤ ᠰᠢᠢᠳᠪᠦᠷᠢᠯᠡᠬᠦ ᠵᠢᠴᠢ ᠴᠤᠬᠤᠪᠤᠷᠢᠯᠠᠬᠤ᠎ᠪᠠᠷ ᠪᠠᠢᠭ᠎ᠠ ᠲᠤᠬᠠᠢ ᠢᠯᠡ ᠨᠡᠢᠲᠡᠯᠡᠯ
ᠨᠡᠶ᠋ᠢᠲᠡᠯᠡᠭᠰᠡᠨ ᠴᠠᠭ᠄ 2025-12-10

      ᠲᠥᠷᠥᠯ ᠵᠦᠢᠯ᠎ᠦᠨ ᠨᠡᠷᠡᠢᠳᠦᠯ᠄ ᠥᠪᠥᠷ ᠮᠣᠩᠭᠣᠯ᠎ᠤᠨ ᠡᠨᠧᠷᠭᠢ᠎ᠶᠢᠨ ᠪᠦᠯᠦᠭᠯᠡᠯ᠎ᠦᠨ ᠪᠤᠭᠤᠲᠤ ᠣᠷᠣᠨ᠎ᠤ 2×66 ᠲᠦᠮᠡᠨ ᠺᠢᠯᠣᠸᠠᠲ᠎ᠤᠨ ᠨᠡᠭᠦᠷᠡᠰᠦ ᠴᠠᠬᠢᠯᠭᠠᠨ᠎ᠤ ᠲᠥᠷᠥᠯ ᠵᠦᠢᠯ᠎ᠦᠨ 500kV᠎ᠶᠢᠨ ᠬᠦᠴᠦᠳᠡᠯ ᠳᠡᠭᠡᠭᠰᠢᠯᠡᠭᠦᠯᠬᠦ ᠥᠷᠲᠡᠭᠡ
      ᠪᠦᠲᠦᠭᠡᠨ ᠪᠠᠶ᠋ᠢᠭᠤᠯᠬᠤ ᠭᠠᠵᠠᠷ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠤᠭᠤᠲᠤ ᠬᠣᠲᠠ᠎ᠶᠢᠨ ᠰᠢᠭᠤᠢᠲᠤ ᠲᠣᠭᠣᠷᠢᠭ᠋᠎ᠤᠨ ᠬᠢᠯᠢ ᠳᠣᠲᠣᠷ᠎ᠠ
      ᠪᠦᠲᠦᠭᠡᠨ ᠪᠠᠢᠭᠤᠯᠤᠯᠲᠠ᠎ᠶᠢᠨ ᠨᠢᠭᠡᠴᠢ᠄ ᠥᠪᠥᠷ ᠮᠣᠩᠭᠣᠯ᠎ᠤᠨ ᠡᠨᠧᠷᠭᠢ᠎ᠶᠢᠨ ᠪᠦᠯᠦᠭᠯᠡᠯ᠎ᠦᠨ ᠪᠤᠭᠤᠲᠤ᠎ᠶᠢᠨ ᠰᠢᠭᠤᠢᠲᠤ ᠴᠠᠬᠢᠯᠭᠠᠨ ᠭᠠᠷᠭᠠᠬᠤ ᠬᠢᠵᠠᠭᠠᠷᠲᠤ ᠺᠣᠮᠫᠠᠨᠢ
      ᠣᠷᠴᠢᠨ ᠲᠣᠭᠣᠷᠢᠨ᠎ᠤ ᠨᠥᠯᠥᠭᠡᠯᠡᠯ᠎ᠢ ᠦᠨᠡᠯᠡᠬᠦ ᠪᠠᠢᠭᠤᠯᠤᠮᠵᠢ᠄ ᠥᠪᠥᠷ ᠮᠣᠩᠭᠣᠯ᠎ᠤᠨ ᠴᠠᠬᠢᠯᠭᠠᠨ ᠬᠦᠴᠦᠨ᠎ᠦ ᠬᠠᠢᠨ ᠬᠡᠮᠵᠢᠯᠲᠡ ᠵᠢᠷᠤᠭ ᠲᠥᠯᠥᠪᠯᠡᠭᠡ᠎ᠶᠢᠨ ᠬᠦᠷᠢᠶᠡᠯᠡᠩ᠎ᠦᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ
      ᠲᠥᠷᠥᠯ ᠵᠦᠢᠯ᠎ᠦᠨ ᠲᠣᠢᠮᠣ᠌ ᠪᠠᠢᠳᠠᠯ᠄ ① ᠥᠪᠥᠷ ᠮᠣᠩᠭᠣᠯ᠎ᠤᠨ ᠡᠨᠧᠷᠭᠢ᠎ᠶᠢᠨ ᠪᠦᠯᠦᠭᠯᠡᠯ᠎ᠦᠨ ᠪᠤᠭᠤᠲᠤ ᠣᠷᠣᠨ᠎ᠤ 2×66 ᠲᠦᠮᠡᠨ ᠺᠢᠯᠣᠸᠠᠲ᠎ᠤᠨ ᠨᠡᠭᠦᠷᠡᠰᠦ ᠴᠠᠬᠢᠯᠭᠠᠨ᠎ᠤ ᠲᠥᠷᠥᠯ ᠵᠦᠢᠯ᠎ᠦᠨ ᠢᠵᠢ ᠪᠦᠷᠢᠳᠦᠭᠦᠯᠦᠭᠰᠡᠨ ᠬᠦᠴᠦᠳᠡᠯ ᠳᠡᠭᠡᠭᠰᠢᠯᠡᠭᠦᠯᠬᠦ ᠥᠷᠲᠡᠭᠡ᠎ᠶᠢ ᠰᠢᠨ᠎ᠡ᠎ᠪᠡᠷ ᠪᠠᠢᠭᠤᠯᠵᠤ᠂ 2×790MVA᠎ᠶᠢᠨ ᠭᠣᠣᠯ ᠬᠦᠴᠦᠳᠡᠯ ᠥᠭᠡᠷᠡᠴᠢᠯᠡᠭᠴᠢ᠂ 2×66/37-37MVA᠎ᠶᠢᠨ ᠥᠨᠳᠥᠷ ᠳᠠᠷᠤᠯᠲᠠ᠎ᠶᠢᠨ ᠦᠢᠯᠡᠳᠪᠦᠷᠢ᠎ᠳᠦ ᠬᠡᠷᠡᠭᠯᠡᠬᠦ ᠬᠦᠴᠦᠳᠡᠯ ᠥᠭᠡᠷᠡᠴᠢᠯᠡᠭᠴᠢ ᠪᠠ 1×66/37-37MVA ᠰᠡᠩᠬᠡᠷᠡᠭᠦᠯᠬᠦ/ᠪᠡᠯᠡᠳᠬᠡᠬᠦ ᠬᠦᠴᠦᠳᠡᠯ ᠥᠭᠡᠷᠡᠴᠢᠯᠡᠭᠴᠢ᠂ 500kV᠎ᠶᠢᠨ ᠤᠲᠠᠰᠤ ᠭᠠᠷᠭᠠᠬᠤ ᠵᠠᠢ᠎ᠶᠢ 2 ᠪᠤᠴᠠᠯ ( ᠪᠤᠭᠤᠲᠤ᠎ᠶᠢᠨ ᠬᠣᠢᠲᠤ ᠪᠡᠶ᠎ᠡ᠎ᠶᠢᠨ 500kV᠎ᠶᠢᠨ ᠬᠦᠴᠦᠳᠡᠯ ᠥᠭᠡᠷᠡᠴᠢᠯᠡᠬᠦ ᠥᠷᠲᠡᠭᠡ ᠬᠦᠷᠲᠡᠯ᠎ᠡ ) ᠪᠠᠢᠭᠤᠯᠵᠤ᠂ 500kV᠎ᠶᠢᠨ ᠴᠠᠬᠢᠯᠭᠠᠨ ᠲᠦᠭᠡᠭᠡᠬᠦ ᠲᠥᠬᠦᠭᠡᠷᠦᠮᠵᠢ᠎ᠶᠢ ᠭᠡᠷ ᠳᠣᠲᠣᠷᠠᠬᠢ GIS᠎ᠤᠨ ᠬᠡᠯᠪᠡᠷᠢ᠎ᠪᠡᠷ ᠪᠠᠢᠷᠢᠯᠠᠭᠤᠯᠤᠨ᠎ᠠ᠃ ② ᠴᠠᠬᠢᠯᠭᠠᠨ ᠬᠦᠷᠭᠡᠬᠦ ᠬᠡᠯᠬᠢᠶ᠎ᠡ᠄  ᠰᠢᠭᠤᠢᠲᠤ ᠴᠠᠬᠢᠯᠭᠠᠨ ᠦᠢᠯᠡᠳᠪᠦᠷᠢ᠎ᠶᠢᠨ ᠲᠣᠭᠣᠷᠢᠭ᠋᠎ᠲᠤ 500kV᠎ᠶᠢᠨ ᠴᠠᠬᠢᠯᠭᠠᠨ ᠬᠦᠷᠭᠡᠬᠦ ᠬᠡᠯᠬᠢᠶ᠎ᠡ᠎ᠶᠢ ᠰᠢᠨ᠎ᠡ᠎ᠪᠡᠷ ᠪᠠᠢᠭᠤᠯᠵᠤ᠂ ᠱᠤᠭᠤᠮ᠎ᠤᠨ ᠤᠷᠲᠤ᠎ᠶᠢᠨ ᠬᠡᠮᠵᠢᠶ᠎ᠡ ᠨᠢ 2×0.15km ᠪᠠᠢᠵᠤ᠂ ᠰᠢᠨ᠎ᠡ᠎ᠪᠡᠷ ᠨᠢᠭᠡ ᠰᠤᠪᠤᠷᠭ᠎ᠠ᠎ᠶᠢᠨ ᠬᠣᠣᠰ ᠪᠤᠴᠠᠯ ᠬᠡᠯᠬᠢᠶ᠎ᠡ᠎ᠶᠢᠨ ᠦᠵᠦᠭᠦᠷ᠎ᠦᠨ ᠰᠤᠪᠤᠷᠭ᠎ᠠ 2 ᠰᠠᠭᠤᠷᠢ (J1᠂ J2)᠎ᠶᠢ ᠪᠠᠢᠭᠤᠯᠤᠨ᠎ᠠ᠃ ᠲᠣᠰ ᠤᠳᠠᠭᠠᠨ᠎ᠤ ᠢᠨᠵᠧᠨᠧᠷᠢᠩ ᠨᠢ ᠵᠥᠪᠬᠡᠨ ᠰᠢᠭᠤᠢᠲᠤ ᠴᠠᠬᠢᠯᠭᠠᠨ ᠦᠢᠯᠡᠳᠪᠦᠷᠢ᠎ᠶᠢᠨ ᠲᠣᠭᠣᠷᠢᠭ᠋᠎ᠲᠠᠬᠢ ᠬᠣᠶᠠᠷ ᠰᠠᠭᠤᠷᠢ 500kV ᠪᠣᠯᠣᠨ ᠰᠤᠪᠤᠷᠭ᠎ᠠ᠎ᠶᠢᠨ ᠬᠣᠣᠰ ᠪᠤᠴᠠᠯ ᠬᠡᠯᠬᠢᠶᠡᠨ᠎ᠦ ᠦᠵᠦᠭᠦᠷ᠎ᠦᠨ ᠰᠤᠪᠤᠷᠭ᠎ᠠ ᠵᠢᠴᠢ ᠤᠲᠠᠰᠤ ᠭᠠᠷᠭᠠᠬᠤ ᠵᠠᠢ᠎ᠠᠴᠠ J2 ᠰᠤᠪᠤᠷᠭ᠎ᠠ᠎ᠶᠢᠨ ᠰᠠᠭᠤᠷᠢ᠎ᠶᠢᠨ ᠬᠣᠭᠣᠷᠣᠨᠳᠣᠬᠢ 2×0.15 km ᠴᠠᠬᠢᠯᠭᠠᠨ ᠬᠦᠷᠭᠡᠬᠦ ᠱᠤᠭᠤᠮ᠎ᠢ ᠪᠠᠶ᠋ᠢᠭᠤᠯᠬᠤ᠎ᠶᠢ ᠬᠠᠷᠢᠭᠤᠴᠠᠨ᠎ᠠ ; ᠦᠢᠯᠡᠳᠪᠦᠷᠢ᠎ᠶᠢᠨ ᠭᠠᠳᠠᠨᠠᠬᠢ 《 ᠪᠤᠭᠤᠲᠤ᠎ᠶᠢᠨ ᠴᠠᠬᠢᠯᠭᠠᠨ᠎ᠤ ᠦᠢᠯᠡᠳᠪᠦᠷᠢ — ᠪᠤᠭᠤᠲᠤ᠎ᠶᠢᠨ ᠬᠣᠢᠲᠤ ᠬᠡᠰᠡᠭ᠎ᠦᠨ 500kV᠎ᠶᠢᠨ ᠱᠤᠭᠤᠮ᠎ᠤᠨ ᠢᠨᠵᠧᠨᠧᠷᠢᠩ 》᠎ᠢ ᠵᠥᠪᠬᠡᠨ ᠲᠤᠰ ᠢᠨᠵᠧᠨᠧᠷᠢᠩ᠎ᠦᠨ ᠦᠵᠦᠭᠦᠷ᠎ᠦᠨ ᠰᠤᠪᠤᠷᠭ᠎ᠠ ( J2 )᠎ᠳᠤ ᠵᠠᠯᠭᠠᠵᠤ ᠣᠷᠣᠭᠤᠯᠤᠨ᠎ᠠ᠃
      ᠤᠯᠠᠨ ᠨᠡᠢᠳᠡ᠎ᠶᠢᠨ ᠣᠷᠣᠯᠴᠠᠭᠰᠠᠨ ᠪᠠᠢᠳᠠᠯ᠄ ᠪᠦᠲᠦᠭᠡᠨ ᠪᠠᠢᠭᠤᠯᠤᠯᠲᠠ᠎ᠶᠢᠨ ᠨᠢᠭᠡᠴᠢ 2025 ᠣᠨ᠎ᠤ 7 ᠰᠠᠷ᠎ᠠ᠎ᠶᠢᠨ 22᠎ᠤᠨ ᠡᠳᠦᠷ ᠪᠥᠬᠥ ᠤᠯᠤᠰ᠎ᠤᠨ ᠪᠦᠲᠦᠭᠡᠨ ᠪᠠᠢᠭᠤᠯᠤᠯᠲᠠ᠎ᠶᠢᠨ ᠲᠥᠷᠥᠯ ᠵᠦᠢᠯ᠎ᠦᠨ ᠣᠷᠴᠢᠨ ᠲᠣᠭᠣᠷᠢᠨ᠎ᠤ ᠮᠡᠳᠡᠭᠡ ᠵᠠᠩᠭᠢ᠎ᠶᠢ ᠢᠯᠡ ᠨᠡᠢᠲᠡᠯᠡᠬᠦ ᠲᠠᠪᠴᠠᠩ᠎ᠳᠤ ᠰᠦᠯᠵᠢᠶᠡᠨ᠎ᠦ ᠬᠡᠯᠪᠡᠷᠢ᠎ᠪᠡᠷ ᠠᠩᠬ᠎ᠠ ᠤᠳᠠᠭ᠎ᠠ ᠢᠯᠡ ᠨᠡᠢᠲᠡᠯᠡᠪᠡ ( ᠠᠩᠬ᠎ᠠ ᠤᠳᠠᠭ᠎ᠠ ᠢᠯᠡ ᠨᠡᠢᠲᠡᠯᠡᠪᠡ )᠃ ᠣᠷᠴᠢᠨ ᠲᠣᠭᠣᠷᠢᠨ᠎ᠤ ᠨᠥᠯᠥᠭᠡᠯᠡᠯ᠎ᠦᠨ ᠮᠡᠳᠡᠭᠦᠯᠦᠯᠲᠡ᠎ᠶᠢᠨ ᠪᠢᠴᠢᠭ᠎ᠦᠨ ᠡᠬᠡ ᠨᠣᠣᠷᠠᠭ ( ᠰᠠᠨᠠᠯ ᠬᠤᠷᠢᠶᠠᠬᠤ ᠡᠬᠡ ᠨᠣᠣᠷᠠᠭ )᠎ᠢ ᠳᠠᠭᠤᠰᠬᠠᠭᠰᠠᠨ᠎ᠤ ᠳᠠᠷᠠᠭ᠎ᠠ 2025 ᠣᠨ᠎ᠤ 8 ᠰᠠᠷ᠎ᠠ᠎ᠶᠢᠨ 26᠎ᠤ ᠡᠳᠦᠷ᠎ᠡᠴᠡ 2025 ᠣᠨ᠎ᠤ 9 ᠰᠠᠷ᠎ᠠ᠎ᠶᠢᠨ 9᠎ᠦ ᠡᠳᠦᠷ ᠪᠣᠯᠲᠠᠯ᠎ᠠ ᠪᠦᠬᠦ ᠤᠯᠤᠰ᠎ᠤᠨ ᠪᠦᠲᠦᠭᠡᠨ ᠪᠠᠢᠭᠤᠯᠤᠯᠲᠠ᠎ᠶᠢᠨ ᠲᠦᠷᠦᠯ ᠵᠦᠢᠯ᠎ᠦᠨ ᠣᠷᠴᠢᠨ ᠲᠣᠭᠣᠷᠢᠨ᠎ᠤ ᠮᠡᠳᠡᠭᠡ ᠵᠠᠩᠭᠢ᠎ᠶᠢ ᠢᠯᠡ ᠨᠡᠢᠲᠡᠯᠡᠬᠦ ᠲᠠᠪᠴᠠᠩ᠎ᠳᠤ ᠰᠦᠯᠵᠢᠶᠡᠨ᠎ᠦ ᠬᠡᠯᠪᠡᠷᠢ᠎ᠪᠡᠷ ᠬᠣᠶᠠᠳᠠᠭᠢ ᠤᠳᠠᠭ᠎ᠠ ᠢᠯᠡ ᠨᠡᠢᠲᠡᠯᠡᠪᠡ ( ᠰᠠᠨᠠᠯ ᠬᠤᠷᠢᠶᠠᠬᠤ ᠡᠬᠡ ᠨᠣᠣᠷᠠᠭ᠎ᠢ ᠢᠯᠡ ᠨᠡᠢᠲᠡᠯᠡᠪᠡ )᠃ ᠲᠣᠰ ᠲᠣᠰ 2025 ᠣᠨ᠎ᠤ 9 ᠰᠠᠷ᠎ᠠ᠎ᠶᠢᠨ 1᠎ᠦ ᠡᠳᠦᠷ ᠪᠠ 2025 ᠣᠨ᠎ᠤ 9 ᠰᠠᠷ᠎ᠠ᠎ᠶᠢᠨ 5᠎ᠤ ᠡᠳᠦᠷ ᠤᠮᠠᠷᠠᠲᠤ᠎ᠶᠢᠨ ᠰᠢᠨ᠎ᠡ ᠰᠣᠨᠢᠨ᠎ᠳᠤ ᠲᠣᠰ ᠢᠨᠵᠧᠨᠧᠷᠢᠩ᠎ᠦᠨ ᠣᠷᠴᠢᠨ ᠲᠣᠭᠣᠷᠢᠨ᠎ᠤ ᠨᠥᠯᠥᠭᠡᠯᠡᠯ᠎ᠦᠨ ᠬᠣᠶᠠᠳᠤᠭᠠᠷ ᠤᠳᠠᠭ᠎ᠠ᠎ᠶᠢᠨ ᠰᠣᠨᠢᠨ᠎ᠤ ᠵᠠᠷᠯᠠᠯ᠎ᠢ ᠨᠡᠢᠲᠡᠯᠡᠭᠰᠡᠨ ᠪᠥᠭᠡᠳ ᠳᠠᠷᠤᠯᠲᠠ ᠳᠡᠭᠡᠭᠰᠢᠯᠡᠭᠦᠯᠬᠦ ᠥᠷᠲᠡᠭᠡᠨ᠎ᠦ ᠣᠢᠷ᠎ᠠ ᠬᠠᠪᠢ᠎ᠶᠢᠨ ᠲᠣᠰᠬᠣᠨ᠎ᠳᠤ ᠠᠯᠪᠠᠨ ᠵᠠᠷ ᠨᠠᠭᠠᠵᠤ᠂ ᠲᠣᠰ ᠢᠨᠵᠧᠨᠧᠷᠢᠩ᠎ᠦᠨ ᠪᠦᠲᠦᠭᠡᠨ ᠪᠠᠢᠭᠤᠯᠤᠯᠲᠠ᠎ᠶᠢᠨ ᠲᠤᠬᠠᠢ ᠣᠯᠠᠨ ᠨᠡᠶ᠋ᠢᠲᠡ᠎ᠶᠢᠨ ᠰᠠᠨᠠᠯ᠎ᠢ ᠬᠤᠷᠢᠶᠠᠵᠤ᠂ ᠵᠠᠷᠯᠠᠯ᠎ᠤᠨ ᠬᠤᠭᠤᠴᠠᠭᠠᠨ᠎ᠳᠤ ᠣᠯᠠᠨ ᠨᠡᠶ᠋ᠢᠲᠡ ᠪᠠ ᠪᠤᠰᠤᠳ ᠪᠦᠯᠬᠦᠮ᠎ᠦᠨ ᠰᠠᠨᠠᠯ᠎ᠤᠨ ᠬᠠᠷᠢᠭᠤ ᠲᠤᠰᠬᠠᠯ᠎ᠢ ᠣᠯᠣᠭᠰᠠᠨ ᠦᠭᠡᠢ᠃
      ᠲᠥᠷᠥᠯ ᠵᠦᠢᠯ᠎ᠢ ᠢᠯᠡ ᠨᠡᠢᠲᠡᠯᠡᠬᠦ ᠴᠠᠭ ᠨᠢ 2025 ᠣᠨ᠎ᠤ 11 ᠰᠠᠷ᠎ᠠ᠎ᠶᠢᠨ 13᠎ᠤ ᠡᠳᠦᠷ ᠪᠣᠯᠣᠨ᠎ᠠ᠃ ᠬᠡᠷᠪᠡ ᠲᠥᠷᠥᠯ ᠵᠦᠢᠯ᠎ᠦᠨ ᠣᠷᠴᠢᠨ ᠲᠣᠭᠣᠷᠢᠨ᠎ᠤ ᠨᠥᠯᠥᠭᠡᠯᠡᠯ᠎ᠦᠨ ᠮᠡᠳᠡᠭᠦᠯᠦᠯᠲᠡ᠎ᠶᠢᠨ ᠪᠢᠴᠢᠭ᠎ᠢ ᠬᠢᠨᠠᠨ ᠵᠥᠪᠰᠢᠶᠡᠷᠡᠬᠦ᠎ᠳᠦ ᠣᠨᠳᠣᠣ ᠰᠠᠨᠠᠯ᠎ᠲᠠᠢ ᠪᠠᠢᠪᠠᠯ᠂ ᠢᠯᠡ ᠨᠡᠢᠲᠡᠯᠡᠬᠦ ᠴᠠᠭ᠎ᠤᠨ ᠳᠣᠲᠣᠷ᠎ᠠ ᠮᠠᠨ᠎ᠤ ᠲᠢᠩᠬᠢᠮ᠎ᠳᠦ ᠰᠠᠨᠠᠯ᠎ᠢᠶᠠᠨ ᠲᠤᠰᠬᠠᠬᠤ ᠪᠤᠶᠤ ᠪᠢᠴᠢᠭ᠎ᠢᠶᠡᠷ ᠰᠠᠨᠠᠯ᠎ᠢᠶᠠᠨ ᠳᠤᠷᠠᠳᠴᠤ ᠪᠣᠯᠣᠨ᠎ᠠ᠃
      ᠬᠠᠷᠢᠯᠴᠠᠬᠤ ᠤᠲᠠᠰᠤ᠄ 0471-4632071
      ᠬᠠᠶᠢᠭ᠋᠄ ᠬᠥᠬᠡᠬᠣᠲᠠ᠎ᠶᠢᠨ ᠰᠠᠢᠬᠠᠨ ᠲᠣᠭᠣᠷᠢᠭ᠋᠎ᠤᠨ ᠲᠧᠩ ᠹᠧᠢ ᠵᠠᠮ᠎ᠤᠨ 39 ᠳ᠋ᠦ᠍ᠭᠡᠷ ᠨᠣᠮᠧᠷ
      ᠰᠢᠤᠳᠠᠨ ᠳ᠋ᠤᠭᠠᠷ᠄ 010011

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
             蒙ICP备05000248号