ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠠᠮᠢ ᠠᠬᠤᠢ᠎ᠶᠢᠨ ᠬᠠᠮᠠᠭᠠᠯᠠᠯᠲᠠ   -   ᠠᠭᠤᠷ ᠠᠮᠢᠰᠬᠤᠯ᠎ᠤᠨ ᠬᠤᠪᠢᠷᠠᠯᠲᠠ᠎ᠶᠢ ᠠᠷᠭᠠᠴᠠᠭᠠᠬᠤ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ ᠠᠮᠢ ᠠᠬᠤᠢ ᠵᠢᠨ ᠣᠷᠴᠢᠨ ᠲᠣᠭᠣᠷᠢᠨ᠎ᠤ ᠶᠠᠮᠤᠨ᠎ᠤ ᠬᠠᠲᠤᠨ ᠭᠣᠣᠯ᠎ᠤᠨ ᠰᠠᠪᠠ ᠭᠠᠵᠠᠷ᠎ᠤᠨ ᠮᠤᠵᠢ ᠵᠢᠨ ᠱᠠᠲᠤᠨ᠎ᠤ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠠᠵᠢᠯᠯᠠᠭ᠋ᠠᠨ᠎ᠤ ᠲᠥᠰᠥᠯ᠎ᠢ ᠨᠠᠢ᠌ᠷᠠᠭᠤᠯᠤᠨ ᠪᠢᠴᠢᠬᠦ ᠵᠣᠬᠢᠴᠠᠭᠤᠯᠬᠤ ᠪᠤᠯᠪᠠᠰᠤᠷᠠᠯ᠎ᠳᠤ ᠣᠷᠣᠯᠴᠠᠪᠠ
ᠨᠡᠶ᠋ᠢᠲᠡᠯᠡᠭᠰᠡᠨ ᠴᠠᠭ᠄ 2023-05-30


      5 ᠰᠠᠷ᠎ᠠ ᠵᠢᠨ 23 — 24᠎ᠤ ᠡᠳᠦᠷ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠠᠭᠤᠷ ᠠᠮᠢᠰᠬᠤᠯ᠎ᠤᠨ ᠵᠤᠷᠭ᠋ᠠᠨ᠎ᠤ ᠨᠠᠢ᠌ᠳᠠᠯᠭ᠎ᠠ᠎ᠪᠠᠷ᠂ ᠤᠯᠤᠰ᠎ᠤᠨ ᠠᠭᠤᠷ ᠠᠮᠢᠰᠬᠤᠯ᠎ᠤᠨ ᠪᠠᠢ᠌ᠯᠳᠤᠬᠤ ᠪᠣᠳᠣᠯᠭ᠎ᠠ ᠵᠢᠨ ᠲᠥᠪ᠎ᠠᠴᠠ ᠬᠠᠲᠤᠨ ᠭᠣᠣᠯ᠎ᠤᠨ ᠰᠠᠪᠠ ᠭᠠᠵᠠᠷ᠎ᠤᠨ ᠮᠤᠵᠢ ᠵᠢᠨ ᠱᠠᠲᠤᠨ᠎ᠤ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠠᠵᠢᠯᠯᠠᠭ᠎ᠠ ᠵᠢᠨ ᠲᠥᠰᠥᠯ᠎ᠢ ᠨᠠᠢ᠌ᠷᠠᠭᠤᠯᠤᠨ ᠪᠢᠴᠢᠬᠦ ᠪᠤᠯᠪᠠᠰᠤᠷᠠᠯ᠎ᠤᠨ ᠵᠣᠬᠢᠴᠠᠭᠤᠯᠬᠤ ᠪᠤᠯᠪᠠᠰᠤᠷᠠᠯ᠎ᠤᠨ ᠬᠤᠷᠠᠯ᠎ᠳᠤ ᠣᠷᠣᠯᠴᠠᠪᠠ᠃ ᠬᠥᠬᠡᠨᠠᠭᠤᠷ᠂ ᠰᠧᠴᠤᠸᠠᠨ ᠵᠡᠷᠭᠡ 9 ᠮᠤᠵᠢ ᠵᠢᠨ ᠬᠣᠯᠪᠣᠭᠳᠠᠯ ᠪᠦᠬᠦᠢ ᠬᠠᠷᠢᠭᠤᠴᠠᠯᠭ᠋ᠠᠲᠠᠨ᠂ ᠳᠤᠮᠳᠠᠳᠤ ᠤᠯᠤᠰ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ᠂ ᠳᠤᠮᠳᠠᠳᠤ ᠤᠯᠤᠰ᠎ᠤᠨ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠂ ᠤᠯᠤᠰ᠎ᠤᠨ ᠠᠭᠤᠷ ᠠᠮᠢᠰᠬᠤᠯ᠎ᠤᠨ ᠲᠥᠪ᠂ ᠳᠤᠮᠳᠠᠳᠤ ᠤᠯᠤᠰ᠎ᠤᠨ ᠤᠰᠤᠨ ᠠᠰᠢᠭᠯᠠᠯᠲᠠ ᠤᠰᠤᠨ ᠴᠠᠬᠢᠯᠭ᠋ᠠᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ᠎ᠤᠨ ᠲᠤᠰᠬᠠᠢ ᠮᠡᠷᠭᠡᠵᠢᠯᠲᠡᠨ ᠤᠷᠢᠯᠭ᠎ᠠ᠎ᠪᠠᠷ ᠬᠤᠷᠠᠯ᠎ᠳᠤ ᠣᠷᠣᠯᠴᠠᠵᠤ᠂ ᠮᠠᠨ᠎ᠤ ᠲᠢᠩᠬᠢᠮ᠎ᠤᠨ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ ᠪᠠ ᠤᠯᠠᠨ ᠤᠯᠤᠰ᠎ᠤᠨ ᠬᠠᠮᠲᠤᠷᠠᠯᠴᠠᠭ᠋ᠠᠨ᠎ᠤ ᠭᠠᠵᠠᠷ᠂ ᠨᠠᠭᠦᠷᠡᠰᠦᠲᠦ᠋ᠷᠦᠭᠴᠢ ᠪᠠᠭ᠎ᠠ ᠭᠠᠳᠠᠭᠰᠢᠯᠠᠭᠤᠯᠬᠤ ᠬᠥᠭᠵᠢᠯᠲᠡ ᠵᠢᠨ ᠲᠥᠪ᠎ᠠᠴᠠ ᠬᠥᠮᠥᠨ ᠲᠣᠮᠢᠯᠠᠨ ᠣᠷᠣᠯᠴᠠᠭᠤᠯᠵᠤ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ ᠵᠤᠷᠭ᠋ᠠᠨ᠎ᠤ ᠳᠡᠳ᠋ ᠳᠠᠷᠤᠭ᠎ᠠ ᠵᠢᠶᠠᠩ ᠵᠤᠤ ᠯᠢ ᠪᠣᠯᠪᠠᠰᠤᠷᠠᠯ᠎ᠤᠨ ᠬᠤᠷᠠᠯ᠎ᠳᠤ ᠣᠷᠣᠯᠴᠠᠵᠤ ᠶᠠᠷᠢᠶ᠎ᠠ ᠲᠠᠯᠪᠢᠵᠠᠢ᠃

      ᠳᠤᠮᠳᠠᠳᠤ ᠤᠯᠤᠰ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ᠂ ᠳᠤᠮᠳᠠᠳᠤ ᠤᠯᠤᠰ᠎ᠤᠨ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠂ ᠤᠯᠤᠰ᠎ᠤᠨ ᠠᠭᠤᠷ ᠠᠮᠢᠰᠬᠤᠯ᠎ᠤᠨ ᠲᠥᠪ᠂ ᠳᠤᠮᠳᠠᠳᠤ ᠤᠯᠤᠰ᠎ᠤᠨ ᠤᠰᠤᠨ ᠠᠰᠢᠭᠯᠠᠯᠲᠠ ᠤᠰᠤᠨ ᠴᠠᠬᠢᠯᠭ᠋ᠠᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ᠎ᠤᠨ ᠲᠤᠰᠬᠠᠢ ᠮᠡᠷᠭᠡᠵᠢᠯᠲᠡᠨ ᠨᠠᠷ᠎ᠠᠴᠠ ᠬᠠᠲᠤᠨ ᠭᠣᠣᠯ᠎ᠤᠨ ᠰᠠᠪᠠ ᠭᠠᠵᠠᠷ᠎ᠤᠨ ᠠᠭᠤᠷ ᠠᠮᠢᠰᠬᠤᠯ᠎ᠤᠨ ᠠᠶᠤᠯ ᠲᠦᠭᠰᠢᠭᠦᠷᠢ ᠵᠢᠨ ᠦᠨᠡᠯᠡᠯᠲᠡ ᠵᠢᠴᠢ ᠠᠶᠤᠯ ᠲᠦᠭᠰᠢᠭᠦᠷᠢ ᠵᠢᠨ ᠬᠠᠮᠢᠶᠠᠷᠤᠯᠲᠠ ᠵᠢ ᠬᠡᠷᠬᠢᠨ ᠥᠷᠨᠢᠭᠦᠯᠬᠦ ᠲᠤᠬᠠᠢ ᠬᠢᠴᠢᠶᠡᠯ ᠣᠷᠣᠪᠠ᠃ ᠬᠠᠲᠤᠨ ᠭᠣᠣᠯ᠎ᠤᠨ ᠰᠠᠪᠠ ᠭᠠᠵᠠᠷ᠎ᠤᠨ 9 ᠮᠤᠵᠢ ᠵᠢᠨ ᠲᠥᠯᠥᠭᠡᠯᠡᠭᠴᠢ 《ᠮᠤᠵᠢ ᠵᠢᠨ ᠱᠠᠲᠤᠨ᠎ᠤ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠠᠵᠢᠯᠯᠠᠭ᠋ᠠᠨ᠎ᠤ ᠲᠥᠰᠥᠯ》᠎ᠢ ᠨᠠᠢ᠌ᠷᠠᠭᠤᠯᠤᠨ ᠵᠣᠬᠢᠶᠠᠭᠰᠠᠨ ᠠᠬᠢᠴᠠ ᠵᠢᠨ ᠪᠠᠶ᠋ᠢᠳᠠᠯ ᠵᠶ᠋ᠠᠨ ᠰᠣᠯᠢᠯᠴᠠᠵᠤ᠂ ᠰᠧᠴᠤᠸᠠᠨ ᠮᠤᠵᠢ ᠵᠢᠨ ᠲᠥᠯᠥᠭᠡᠯᠡᠭᠴᠢ ᠲᠥᠰᠥᠯ ᠨᠠᠢ᠌ᠷᠠᠭᠤᠯᠤᠨ ᠵᠣᠬᠢᠶᠠᠭᠰᠠᠨ ᠲᠤᠷᠰᠢᠯᠭ᠎ᠠ᠎ᠪᠠᠨ ᠬᠤᠪᠢᠶᠠᠯᠴᠠᠪᠠ᠃

      ᠬᠤᠷᠠᠯ ᠳᠡᠭᠡᠷ᠎ᠡ᠂ ᠳᠡᠳ᠋ ᠵᠤᠷᠭ᠋ᠠᠨ᠎ᠤ ᠳᠠᠷᠤᠭ᠎ᠠ ᠵᠢᠶᠠᠩ ᠵᠣᠣ ᠯᠢ᠂ ᠬᠠᠲᠤᠨ ᠭᠣᠣᠯ᠎ᠤᠨ ᠰᠠᠪᠠ ᠭᠠᠵᠠᠷ᠎ᠤᠨ ᠡᠯ᠎ᠡ ᠮᠤᠵᠢ ᠵᠢᠨ᠎ᠬᠢᠨ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠠᠵᠢᠯ᠎ᠤᠨ ᠴᠢᠬᠤᠯᠠ ᠴᠢᠨᠠᠷ ᠪᠠ ᠲᠤᠯᠭ᠋ᠠᠮ᠎ᠠ ᠴᠢᠨᠠᠷ᠎ᠢ ᠦᠨᠡᠨ ᠬᠦ᠌ ᠲᠠᠨᠢᠵᠤ᠂ ᠭᠠᠵᠠᠷ ᠣᠷᠣᠨ᠎ᠤ ᠪᠠᠶ᠋ᠢᠳᠠᠯ᠎ᠳᠠᠭᠠᠨ ᠲᠣᠬᠢᠷᠠᠭᠰᠠᠨ᠂ ᠣᠷᠣᠨ ᠨᠤᠲᠤᠭ᠎ᠤᠨ ᠣᠨᠴᠠᠯᠢᠭ ᠪᠦᠬᠦᠢ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠠᠵᠢᠯᠯᠠᠭ᠎ᠠ ᠵᠢᠨ ᠲᠥᠰᠥᠯ᠎ᠢ ᠳᠤᠷᠠᠳᠤᠨ ᠭᠠᠷᠭ᠋ᠠᠬᠤ ᠬᠡᠷᠡᠭᠲᠡᠶ ᠭᠡᠵᠦ ᠴᠢᠬᠤᠯᠠᠴᠢᠯᠠᠪᠠ᠃ ᠭᠠᠵᠠᠷ᠎ᠤᠨ ᠳᠡᠳ᠋ ᠳᠠᠷᠤᠭ᠎ᠠ ᠾᠧᠦ ᠹᠠᠩ ᠲᠠᠷᠠᠭ᠋ᠠᠴᠢ ᠵᠢᠨ ᠱᠠᠲᠤᠨ᠎ᠤ ᠬᠠᠲᠤᠨ ᠭᠣᠣᠯ ᠳᠠᠭ᠋ᠠᠤ ᠵᠢᠨ ᠡᠯ᠎ᠡ ᠮᠤᠵᠢ ᠵᠢᠨ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠠᠵᠢᠯᠯᠠᠭ᠎ᠠ ᠵᠢᠨ ᠲᠥᠰᠥᠯ᠎ᠢ ᠨᠠᠢ᠌ᠷᠠᠭᠤᠯᠤᠨ ᠵᠣᠬᠢᠶᠠᠬᠤ ᠠᠵᠢᠯ᠎ᠳᠤ ᠪᠣᠳᠠᠲᠠᠢ ᠱᠠᠭ᠋ᠠᠷᠳᠠᠯᠭ᠎ᠠ ᠳᠤᠷᠠᠳᠪᠠ᠃

      ᠲᠠᠷᠠᠭ᠋ᠠᠴᠢ ᠵᠢᠨ ᠠᠯᠬᠤᠮ᠎ᠳᠤ᠂ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠠᠴᠠ ᠲᠣᠰ ᠤᠳᠠᠭ᠋ᠠᠨ᠎ᠤ ᠪᠤᠯᠪᠠᠰᠤᠷᠠᠯ᠎ᠤᠨ ᠬᠤᠷᠠᠯ᠎ᠤᠨ ᠵᠣᠷᠢᠭ ᠰᠠᠨᠠᠭ᠎ᠠ ᠵᠢ ᠬᠢᠨᠠᠮᠠᠭ᠋ᠠᠢ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠰᠤᠷᠤᠯᠴᠠᠬᠤ᠎ᠪᠠᠷ ᠬᠡᠷᠡᠭᠵᠢᠭᠦᠯᠬᠦ ᠵᠢ ᠠᠬᠢᠭᠤᠯᠵᠤ᠂ ᠰᠤᠷᠴᠤ ᠬᠡᠷᠡᠭᠯᠡᠬᠦ ᠵᠢ ᠤᠶᠠᠯᠳᠤᠭᠤᠯᠤᠨ᠂ ᠪᠤᠯᠪᠠᠰᠤᠷᠠᠯ᠎ᠤᠨ ᠦᠷ᠎ᠡ ᠪᠦᠲᠦᠭᠡᠯ᠎ᠢ ᠦᠨᠡᠨᠬᠦ ᠠᠵᠢᠯ᠎ᠤᠨ ᠦᠷ᠎ᠡ ᠪᠦᠲᠦᠮᠵᠢ ᠪᠣᠯᠭ᠋ᠠᠨ ᠬᠤᠪᠢᠷᠠᠭᠤᠯᠵᠤ᠂ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠠᠵᠢᠯ᠎ᠤᠨ ᠲᠥᠰᠥᠯ᠎ᠢ ᠨᠠᠢ᠌ᠷᠠᠭᠤᠯᠤᠨ ᠵᠣᠬᠢᠶᠠᠬᠤ ᠠᠵᠢᠯ᠎ᠢ ᠴᠢᠨᠠᠷ ᠰᠠᠢ᠌ᠲᠠᠢ ᠪᠡᠶᠡᠯᠡᠭᠦᠯᠬᠦ ᠵᠢ ᠪᠠᠲᠤᠯᠠᠵᠤ᠂ ᠠᠭᠤᠷ ᠠᠮᠢᠰᠬᠤᠯ᠎ᠤᠨ ᠬᠤᠪᠢᠷᠠᠯᠲᠠ᠎ᠳᠤ ᠵᠣᠬᠢᠴᠠᠬᠤ ᠭᠣᠣᠯᠳᠠᠯᠭ᠎ᠠ᠎ᠲᠠᠢ ᠡᠭᠦᠷᠭᠡ ᠵᠢ ᠪᠦᠲᠦᠮᠵᠢᠲᠡᠢ ᠠᠬᠢᠭᠤᠯᠪᠠ᠃


ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠰᠠᠢ᠌ᠳ ᠬᠤᠸᠠᠩ ᠷᠦᠨ ᠴᠢᠦ ᠨᠠᠮᠴᠠ ᠪᠠᠷᠸ᠎ᠠ — ᠲᠥᠪᠡᠳ᠎ᠤᠨ ᠤᠯᠤᠰ᠎ᠤᠨ ᠠᠮᠢ ᠠᠬᠤᠢ ᠵᠢᠨ ᠪᠣᠯᠪᠠᠰᠤᠨ᠎ᠤ ᠥᠨᠳᠥᠷᠯᠢᠭ᠎ᠢ ᠡᠭᠦᠳᠦᠨ ᠪᠠᠢ᠌ᠭᠤᠯᠬᠤ ᠶᠠᠷᠢᠶᠠᠨ᠎ᠤ ᠲᠠᠪᠴᠠᠩ᠎ᠳᠤ ᠣᠷᠣᠯᠴᠠᠵᠤ ᠪᠠᠶᠠᠷ᠎ᠤᠨ ᠦᠭᠡ ᠬᠡᠯᠡᠵᠡᠢ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ ᠪᠥᠬᠥ ᠤᠯᠤᠰ᠎ᠤᠨ ᠨᠠᠭᠦᠷᠡᠰᠦᠲᠦ᠋ᠷᠦᠭᠴᠢ ᠵᠢᠨ ᠵᠠᠬ᠎ᠠ ᠳᠡᠯᠭᠡᠭᠦᠷ᠎ᠤᠨ ᠭᠡᠷ᠎ᠡ ᠭᠦᠢ᠍ᠴᠡᠳᠬᠡᠬᠦ ᠠᠷᠠᠯᠵᠢᠶ᠎ᠠ ᠵᠢᠴᠢ ᠠᠭᠤᠷ ᠠᠮᠢᠰᠬᠤᠯ᠎ᠤᠨ ᠪᠡᠯᠡ ᠣᠷᠣᠭᠤᠯᠤᠯᠲᠠ ᠪᠡᠯᠡ ᠲᠣᠬᠢᠷᠠᠭᠤᠯᠭ᠎ᠠ ᠵᠢᠨ ᠲᠤᠰᠬᠠᠢ ᠰᠡᠳᠦᠪᠲᠦ ᠪᠣᠯᠪᠠᠰᠤᠷᠠᠯ᠎ᠤᠨ ᠠᠩᠭᠢ ᠵᠢ ᠡᠷᠭᠢᠯᠡᠪᠡ
ᠰᠢᠨ᠎ᠡ ᠰᠣᠷᠭᠣᠭ ᠲᠠᠷᠢᠶᠠᠯᠠᠩ᠎ᠤᠨ ᠨᠠᠭᠦᠷᠡᠰᠦᠲᠦ᠋ᠷᠦᠭᠴᠢ ᠦᠯᠦ ᠭᠠᠳᠠᠭᠰᠢᠯᠠᠭᠤᠯᠬᠤ ᠵᠢᠱ᠌ᠢᠶ᠎ᠡ ᠦᠵᠡᠭᠦᠯᠬᠦ ᠣᠷᠣᠨ᠎ᠢ ᠴᠣᠭᠴᠠᠯᠠᠨ᠎ᠠ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ ᠬᠦᠯᠡᠮᠵᠢ ᠵᠢᠨ ᠬᠡᠢ ᠪᠡᠶᠡᠲᠦ ᠵᠢᠨ ᠭᠠᠳᠠᠭᠰᠢᠯᠠᠭᠤᠯᠤᠯᠲᠠ ᠵᠢ ᠰᠠᠶ᠋ᠢᠨ ᠳᠤᠷ᠎ᠠ᠎ᠠᠴᠠ᠎ᠪᠠᠨ ᠪᠠᠭ᠋ᠠᠰᠬᠠᠬᠤ ᠠᠷᠠᠯᠵᠢᠶ᠎ᠠ ᠵᠢᠨ ᠪᠤᠯᠪᠠᠰᠤᠷᠠᠯ ᠡᠷᠬᠢᠯᠡᠪᠠ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ ᠪᠣᠯᠣᠨ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠭᠠᠳᠠᠭ᠋ᠠᠳᠤ ᠬᠠᠮᠲᠤᠷᠠᠯᠴᠠᠭ᠎ᠠ ᠰᠣᠯᠢᠯᠴᠠᠭ᠋ᠠᠨ᠎ᠤ ᠲᠥᠪ ᠰᠣᠯᠢᠯᠴᠠᠭ᠋ᠠᠨ᠎ᠤ ᠶᠠᠷᠢᠯᠴᠠᠬᠤ ᠬᠤᠷᠠᠯ ᠬᠢᠪᠡ
 
             蒙ICP备05000248号