ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠠᠮᠢ ᠠᠬᠤᠢ᠎ᠶᠢᠨ ᠬᠠᠮᠠᠭᠠᠯᠠᠯᠲᠠ   -   ᠠᠮᠢ ᠠᠬᠤᠢ ᠣᠷᠴᠢᠨ ᠲᠣᠭᠤᠷᠢᠨ᠎ᠢ ᠱᠠᠯᠠᠪᠳᠠᠭᠤᠯᠤᠨ ᠪᠠᠶ᠋ᠢᠴᠠᠭᠠᠬᠤ ᠮᠡᠷᠭᠡᠵᠢᠯ᠎ᠤᠨ ᠳᠡᠮᠵᠢᠯᠭᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠢ ᠱᠠᠯᠠᠪᠳᠠᠭᠤᠯᠤᠨ ᠪᠠᠢ᠌ᠴᠠᠭ᠋ᠠᠬᠤ ᠮᠡᠷᠭᠡᠵᠢᠯ᠎ᠤᠨ ᠳᠡᠮᠵᠢᠯᠭᠡ ᠵᠢᠨ ᠲᠥᠪ 2024 ᠣᠨ᠎ᠤ ᠨᠢᠭᠡᠳᠦᠭᠡᠷ ᠬᠤᠭᠤᠴᠠᠭ᠋ᠠᠨ᠎ᠤ ᠲᠤᠰᠬᠠᠢ ᠮᠡᠷᠭᠡᠵᠢᠯ᠎ᠤᠨ ᠴᠢᠳᠠᠪᠤᠷᠢ ᠵᠢᠨ ᠲᠤᠰᠬᠠᠢ ᠰᠡᠳᠦᠪᠲᠦ ᠪᠣᠯᠪᠠᠰᠤᠷᠠᠯ᠎ᠤᠨ ᠠᠩᠭᠢ ᠡᠷᠬᠢᠯᠡᠪᠡ
ᠨᠡᠶ᠋ᠢᠲᠡᠯᠡᠭᠰᠡᠨ ᠴᠠᠭ᠄ 2024-03-13

      ᠣᠢ᠌ᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠱᠠᠯᠠᠪᠳᠠᠭᠤᠯᠤᠨ ᠪᠠᠢ᠌ᠴᠠᠭ᠋ᠠᠬᠤ ᠮᠡᠷᠭᠡᠵᠢᠯ᠎ᠤᠨ ᠳᠡᠮᠵᠢᠯᠭᠡ ᠵᠢᠨ ᠲᠥᠪ 2024 ᠣᠨ᠎ᠤ ᠨᠢᠭᠡᠳᠦᠭᠡᠷ ᠬᠤᠭᠤᠴᠠᠭ᠋ᠠᠨ᠎ᠤ ᠲᠤᠰᠬᠠᠢ ᠮᠡᠷᠭᠡᠵᠢᠯ᠎ᠤᠨ ᠴᠢᠳᠠᠪᠤᠷᠢ ᠵᠢᠨ ᠲᠤᠰᠬᠠᠢ ᠰᠡᠳᠦᠪᠲᠦ ᠪᠣᠯᠪᠠᠰᠤᠷᠠᠯ᠎ᠤᠨ ᠠᠩᠭᠢ ᠵᠢ ᠡᠷᠭᠢᠯᠡᠵᠦ᠂ ᠺᠠᠳ᠋ᠷ᠎ᠤᠨ ᠲᠤᠰᠬᠠᠢ ᠮᠡᠷᠭᠡᠵᠢᠯ᠎ᠤᠨ ᠬᠢᠷᠢ ᠲᠦᠪᠰᠢᠨ᠎ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠂ 2024 ᠣᠨ᠎ᠤ ᠪᠥᠬᠥ ᠣᠷᠣᠨ᠎ᠤ 8 ᠠᠶ᠋ᠢᠮᠠᠭ ᠬᠣᠲᠠ ᠵᠢᠨ ᠥᠪᠡᠷᠲᠡᠭᠡᠨ ᠵᠠᠰᠠᠬᠤ ᠣᠷᠣᠨ᠎ᠤ ᠬᠣᠶᠠᠳᠠᠭᠢ ᠡᠭᠡᠯᠵᠢ ᠵᠢᠨ ᠵᠤᠷᠰᠢᠯᠲᠤ ᠱᠠᠯᠠᠪᠳᠠᠭᠤᠯᠤᠨ ᠪᠠᠢ᠌ᠴᠠᠭ᠋ᠠᠬᠤ ᠠᠵᠢᠯ᠎ᠢ ᠨᠠᠩ ᠰᠠᠶ᠋ᠢᠲᠤᠷ ᠪᠠᠲᠤᠯᠠᠪᠠ᠃ ᠪᠣᠯᠪᠠᠰᠤᠷᠠᠯ᠎ᠤᠨ ᠠᠩᠭᠢ ᠬᠣᠯᠪᠣᠭᠳᠠᠯ ᠪᠦᠬᠦᠢ ᠲᠤᠰᠬᠠᠢ ᠮᠡᠷᠭᠡᠵᠢᠯᠲᠡᠨ᠎ᠢ ᠤᠷᠢᠵᠤ ᠭᠠᠵᠠᠷ ᠳᠡᠭᠡᠷᠡᠬᠢ ᠤᠰᠤᠨ᠎ᠤ ᠣᠷᠴᠢᠨ ᠲᠣᠭᠣᠷᠢᠨ᠎ᠤ ᠶᠠᠰᠤ ᠴᠢᠨᠠᠷ᠎ᠤᠨ ᠪᠠᠶ᠋ᠢᠳᠠᠯ᠂ ᠭᠠᠵᠠᠷ ᠳᠡᠭᠡᠷᠡᠬᠢ ᠤᠰᠤᠨ᠎ᠤ ᠶᠠᠰᠤ ᠴᠢᠨᠠᠷ᠎ᠤᠨ ᠦᠨᠡᠯᠡᠯᠲᠡ ᠵᠡᠷᠭᠡ ᠠᠭᠤᠯᠭ᠎ᠠ ᠵᠢᠨ ᠲᠣᠭᠣᠷᠢᠨ᠎ᠳᠤ᠂ ᠠᠵᠢᠯ᠎ᠤᠨ ᠪᠣᠳᠠᠲᠤ ᠪᠠᠶ᠋ᠢᠳᠠᠯ ᠪᠣᠯᠣᠨ ᠨᠡᠢ᠌ᠲᠡᠯᠢᠭ ᠵᠢᠱ᠌ᠢᠶ᠎ᠡ᠎ᠲᠠᠢ ᠤᠶᠠᠯᠳᠤᠭᠤᠯᠵᠤ᠂ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢ ᠱᠠᠯᠠᠪᠳᠠᠭᠤᠯᠤᠨ ᠪᠠᠢ᠌ᠴᠠᠭ᠋ᠠᠬᠤ᠎ᠳᠤ ᠬᠣᠯᠪᠣᠭᠳᠠᠭᠰᠠᠨ ᠭᠠᠵᠠᠷ᠎ᠤᠨ ᠭᠠᠳᠠᠷᠭᠤ ᠵᠢᠨ ᠤᠰᠤᠨ᠎ᠤ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠢᠨ ᠬᠠᠮᠢᠶ᠎ᠠ ᠪᠦᠬᠦᠢ ᠪᠠᠷᠢᠮᠵᠢᠶ᠎ᠠ᠂ ᠵᠢᠷᠤᠮᠵᠢᠯ ᠵᠢᠴᠢ ᠠᠷᠭ᠎ᠠ ᠵᠢ ᠭᠣᠣᠯᠳᠠᠯᠭ᠎ᠠ᠎ᠲᠠᠢ ᠲᠠᠢ᠌ᠯᠪᠤᠷᠢᠯᠠᠬᠤ ᠵᠢᠨ ᠬᠠᠮᠲᠤ ᠪᠣᠯᠪᠠᠰᠤᠷᠠᠯ᠎ᠳᠤ ᠣᠷᠣᠯᠴᠠᠭᠰᠠᠳ᠎ᠤᠨ ᠡᠳᠦᠷ ᠲᠤᠲᠤᠮ᠎ᠤᠨ ᠠᠵᠢᠯ᠎ᠳᠤ ᠲᠤᠯᠭ᠋ᠠᠷᠠᠭᠰᠠᠨ ᠰᠡᠵᠢᠭ᠎ᠲᠠᠢ ᠵᠦᠢ᠍ᠯ᠂ ᠬᠦᠴᠢᠷ ᠠᠰᠠᠭᠤᠳᠠᠯ᠎ᠢ ᠲᠤᠬᠠᠢ ᠵᠢᠨ ᠲᠠᠯᠠᠪᠠᠢ᠎ᠳᠤ ᠬᠠᠷᠢᠭᠤᠯᠵᠠᠢ᠃

      ᠲᠣᠰ ᠤᠳᠠᠭ᠋ᠠᠨ᠎ᠤ ᠪᠣᠯᠪᠠᠰᠤᠷᠠᠯ᠎ᠨᠢ ᠡᠳᠦᠷ ᠲᠤᠲᠤᠮ᠎ᠤᠨ ᠲᠤᠬᠠᠢ᠌ᠯᠠᠭᠰᠠᠨ ᠠᠵᠢᠯ᠎ᠲᠠᠢ ᠨᠢᠭᠲᠠ ᠤᠶᠠᠯᠳᠤᠭᠤᠯᠤᠨ᠂ ᠬᠢᠴᠢᠶᠡᠯᠯᠡᠬᠦ ᠠᠭᠤᠯᠭ᠎ᠠ᠎ᠨᠢ ᠪᠠᠶᠠᠯᠢᠭ᠂ ᠲᠣᠭ᠎ᠠ ᠪᠠᠷᠢᠮᠲᠠ᠎ᠨᠢ ᠨᠠᠷᠢᠨ ᠪᠣᠳᠠᠲᠠᠢ ᠪᠠᠢ᠌ᠵᠤ᠂ ᠬᠠᠨᠳᠤᠯᠭ᠋ᠠᠲᠤ ᠴᠢᠨᠠᠷ ᠵᠶ᠋ᠠᠷ ᠴᠢᠩᠭ᠎ᠠ ᠪᠠᠢ᠌ᠵᠤ᠂ ᠤᠯᠠᠨ᠎ᠢ ᠬᠠᠪᠰᠤᠷᠤᠨ ᠭᠠᠵᠠᠷ᠎ᠤᠨ ᠭᠠᠳᠠᠷᠭᠤ ᠵᠢᠨ ᠤᠰᠤᠨ᠎ᠤ ᠣᠷᠴᠢᠨ ᠠᠬᠤᠢ ᠵᠢᠨ ᠲᠠᠯ᠎ᠠ ᠵᠢᠨ ᠲᠤᠰᠬᠠᠢ ᠮᠡᠷᠭᠡᠵᠢᠯ᠎ᠤᠨ ᠮᠡᠳᠡᠯᠭᠡ ᠵᠢᠨ ᠰᠠᠭᠤᠷᠢ ᠵᠢ ᠤᠯᠠᠮ ᠨᠢᠭᠡ ᠠᠯᠬᠤᠮ ᠪᠠᠲᠤᠳᠬᠠᠵᠤ᠂ ᠨᠠᠷᠢᠯᠢᠭ ᠣᠨᠣᠴᠠᠲᠠᠢ᠂ ᠰᠢᠨᠵᠢᠯᠡᠬᠦ ᠤᠬᠠᠭ᠋ᠠᠨᠴᠢ᠂ ᠬᠠᠤᠯᠢ ᠶᠣᠰᠣᠭ᠋ᠠᠷ ᠱᠠᠯᠠᠪᠳᠠᠭᠤᠯᠤᠨ ᠪᠠᠢ᠌ᠴᠠᠭ᠋ᠠᠬᠤ ᠵᠢ ᠳᠡᠭᠡᠭᠰᠢᠯᠡᠭᠦᠯᠬᠦ᠎ᠳᠤ ᠮᠡᠷᠭᠡᠵᠢᠯ᠎ᠤᠨ ᠲᠤᠯᠭ᠋ᠠᠭᠤᠷᠢᠯᠠᠯ ᠪᠠᠲᠤᠯᠠᠭ᠎ᠠ ᠬᠠᠩᠭ᠋ᠠᠭᠰᠠᠨ ᠪᠠᠢ᠌ᠨ᠎ᠠ᠃ ᠪᠣᠯᠪᠠᠰᠤᠷᠠᠯ ᠰᠣᠯᠢᠯᠴᠠᠭ᠎ᠠ᠎ᠪᠠᠷ ᠳᠠᠮᠵᠢᠨ᠂ ᠤᠯᠠᠨ ᠵᠶ᠋ᠠᠷ ᠵᠶ᠋ᠠᠨ ᠴᠤᠭ ᠪᠠᠳᠠᠷᠠᠩᠭᠤᠢ ᠲᠡᠮᠡᠴᠡᠯ᠎ᠤᠨ ᠵᠣᠷᠢᠭ᠂ ᠣᠷᠭᠢᠯᠤᠮ᠎ᠠ ᠬᠠᠯᠠᠭᠤᠨ ᠰᠡᠳᠬᠢᠯᠭᠡ ᠪᠣᠯᠣᠨ ᠴᠣ᠋ ᠰᠢᠨ᠎ᠡ ᠣᠶᠤᠨ ᠰᠠᠨᠠᠭ᠋ᠠᠨ᠎ᠤ ᠳᠦᠷᠰᠦ ᠪᠠᠶ᠋ᠢᠳᠠᠯ ᠵᠶ᠋ᠠᠷ ᠡᠯ᠎ᠡ ᠵᠦᠢ᠍ᠯ᠎ᠤᠨ ᠠᠵᠢᠯ᠎ᠳᠠᠭᠠᠨ ᠣᠷᠣᠯᠴᠠᠵᠤ᠂ 《ᠵᠢᠷᠭᠤᠭ᠎ᠠ ᠵᠢ ᠨᠢᠭᠡᠳᠦᠯᠲᠡᠢ ᠲᠥᠯᠥᠪᠵᠢᠭᠦᠯᠬᠦ》 ᠵᠢ ᠨᠠᠢ᠌ᠳᠠᠪᠤᠷᠢᠵᠢᠭᠤᠯᠬᠤ᠂ ᠮᠠᠨ᠎ᠤ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠡᠬᠢᠵᠢᠭᠦᠯᠬᠦ᠎ᠳᠤ ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠱᠠᠯᠠᠪᠳᠠᠭᠤᠯᠤᠨ ᠪᠠᠢ᠌ᠴᠠᠭ᠋ᠠᠬᠤ ᠬᠦᠴᠦᠨ ᠴᠢᠳᠠᠯ ᠵᠶ᠋ᠠᠨ ᠡᠷᠭᠦᠨ᠎ᠡ ᠭᠡᠵᠦ ᠰᠠᠨᠠᠯ ᠨᠢᠭᠡᠲᠡᠢ ᠢᠯᠡᠳᠬᠡᠪᠡ᠃


ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠱᠠᠯᠠᠪᠳᠠᠭᠤᠯᠤᠨ ᠪᠠᠢ᠌ᠴᠠᠭ᠋ᠠᠬᠤ ᠮᠡᠷᠭᠡᠵᠢᠯ᠎ᠤᠨ ᠳᠡᠮᠵᠢᠯᠭᠡ ᠵᠢᠨ ᠲᠥᠪ᠎ᠤᠨ᠎ᠬᠢᠨ ᠠᠯᠪᠠᠨ ᠪᠢᠴᠢᠭ᠎ᠤᠨ ᠰᠢᠢ᠍ᠳᠪᠦᠷᠢᠯᠡᠯᠲᠡ ᠵᠢᠨ ᠴᠢᠨᠠᠷ ᠴᠢᠨᠰᠠᠭ᠎ᠠ ᠦᠷ᠎ᠡ ᠠᠰᠢᠭ᠎ᠢ ᠳᠡᠭᠡᠭᠰᠢᠯᠡᠭᠦᠯᠬᠦ ᠪᠣᠯᠪᠠᠰᠤᠷᠠᠯ᠎ᠤᠨ ᠲᠠᠢ᠌ᠯᠤᠮᠵᠢ ᠥᠷᠨᠢᠭᠦᠯᠪᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠠᠯᠪᠠᠨ ᠭᠡᠷ᠎ᠤᠨ ᠨᠠᠮ᠎ᠤᠨ ᠡᠭᠦᠷ ᠪᠣᠯᠣᠨ ᠱᠠᠯᠠᠪᠳᠠᠭᠤᠯᠤᠨ ᠪᠠᠢ᠌ᠴᠠᠭ᠋ᠠᠬᠤ ᠮᠡᠷᠭᠡᠵᠢᠯ᠎ᠤᠨ ᠳᠡᠮᠵᠢᠯᠭᠡ ᠵᠢᠨ ᠲᠥᠪ᠎ᠤᠨ ᠨᠠᠮ᠎ᠤᠨ ᠡᠭᠦᠷ 《ᠬᠦᠰᠡᠯ ᠨᠠᠢ᠌ᠳᠠᠯᠭ᠎ᠠ ᠵᠢ ᠪᠠᠲᠤ ᠴᠡᠭᠡᠵᠢᠯᠡᠵᠦ ᠠᠴᠢ ᠬᠠᠷᠢᠭᠤᠯᠠᠵᠤ ᠡᠷᠡᠯᠬᠡᠭᠯᠡᠨ ᠤᠷᠤᠭᠰᠢᠯᠠᠶ᠎ᠠ》 ᠭᠡᠬᠦ ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠬᠠᠮᠲᠤᠷᠠᠨ ᠥᠷᠨᠢᠭᠦᠯᠪᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠢ ᠱᠠᠯᠠᠪᠳᠠᠭᠤᠯᠤᠨ ᠪᠠᠢ᠌ᠴᠠᠭ᠋ᠠᠬᠤ ᠮᠡᠷᠭᠡᠵᠢᠯ᠎ᠤᠨ ᠳᠡᠮᠵᠢᠯᠭᠡ ᠵᠢᠨ ᠲᠥᠪ᠎ᠤᠨ ᠨᠠᠮ᠎ᠤᠨ ᠡᠭᠦᠷ ᠠᠩᠬᠠᠳᠤᠭ᠋ᠠᠷ ᠬᠤᠭᠤᠴᠠᠭ᠋ᠠᠨ᠎ᠤ ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ᠎ᠤᠨ ᠨᠣᠮ ᠤᠩᠰᠢᠬᠤ ᠠᠩᠭᠢ ᠡᠷᠬᠢᠯᠡᠪᠡ
ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠰᠠᠢ᠌ᠳ ᠬᠤᠸᠠᠩ ᠷᠦᠨ ᠴᠢᠦ ᠭᠧᠷᠮᠠᠨ᠎ᠤ ᠬᠣᠯᠪᠣᠭ᠋ᠠᠨ᠎ᠤ ᠣᠷᠴᠢᠨ ᠲᠣᠭᠣᠷᠢᠨ᠂ ᠪᠠᠶ᠋ᠢᠭ᠋ᠠᠯᠢ ᠵᠢᠨ ᠬᠠᠮᠠᠭ᠋ᠠᠯᠠᠯᠲᠠ᠂ ᠴᠥᠮ᠎ᠡ ᠵᠢᠨ ᠠᠮᠤᠷ ᠲᠦᠪᠰᠢᠨ ᠪᠣᠯᠣᠨ ᠬᠡᠷᠡᠭᠯᠡᠭᠴᠢᠳ᠎ᠤᠨ ᠬᠠᠮᠠᠭ᠋ᠠᠯᠠᠯᠲᠠ ᠵᠢᠨ ᠶᠠᠮᠤᠨ᠎ᠤ ᠰᠠᠢ᠌ᠳ ᠯᠸᠮᠺᠸ᠎ᠲᠠᠢ ᠠᠭᠤᠯᠵᠠᠪᠠ
 
             蒙ICP备05000248号