ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠠᠭᠠᠷ ᠮᠠᠨᠳᠠᠯ᠎ᠤᠨ ᠣᠷᠴᠢᠨ ᠲᠣᠭᠤᠷᠢᠨ᠎ᠤ ᠬᠠᠮᠢᠶᠠᠷᠤᠯᠲᠠ
ᠥᠪᠥᠷ ᠮᠣᠩᠭᠣᠯ᠎ᠤᠨ ᠦᠪᠡᠷᠲᠡᠭᠡᠨ ᠵᠠᠰᠠᠬᠤ ᠣᠷᠤᠨ᠎ᠤ ᠠᠭ᠋ᠠᠷ ᠮᠠᠨᠳᠠᠯ᠎ᠤᠨ ᠪᠤᠬᠢᠷᠲᠤᠯ᠎ᠤᠨ ᠡᠬᠢ ᠵᠢ ᠠᠩᠬ᠎ᠠ ᠠᠯᠬᠤᠮ ᠵᠠᠳᠠᠯᠤᠨ ᠰᠢᠨᠵᠢᠯᠡᠭᠰᠡᠨ᠎ᠨᠢ
ᠨᠡᠶ᠋ᠢᠲᠡᠯᠡᠭᠰᠡᠨ ᠴᠠᠭ᠄ 2021-02-26

      ᠣᠷᠴᠢᠨ ᠲᠣᠭᠤᠷᠢᠨ᠎ᠢ ᠬᠠᠮᠠᠭ᠋ᠠᠯᠠᠬᠤ ᠲᠸᠭᠨᠢᠭ   ᠮᠡᠷᠭᠡᠵᠢᠯ᠎ᠤᠨ ᠬᠦᠷᠢᠶᠡᠯᠩ᠎ᠠᠴᠠ ᠴᠢᠬᠤᠯᠠ ᠪᠣᠯᠬᠤ ᠣᠷᠤᠨ ᠪᠦᠰᠡ᠂ ᠴᠢᠬᠤᠯᠠ ᠪᠦᠬᠦᠢ ᠬᠣᠲᠠ ᠵᠢᠨ ᠠᠭ᠋ᠠᠷ᠎ᠤᠨ ᠪᠤᠬᠢᠷᠲᠤᠯ᠎ᠤᠨ ᠡᠬᠢ ᠵᠢ ᠲᠤᠳᠤᠷᠠᠭᠤᠯᠬᠤ ᠠᠵᠢᠯ᠎ᠢ ᠦᠷᠨᠢᠭᠦᠯᠵᠦ᠂ ᠤᠨᠴᠠᠭ᠋ᠠᠢ᠌ᠯᠠᠨ ᠬᠦᠬᠡᠬᠤᠲᠠ᠂ ᠪᠤᠭᠤᠲᠤ ᠤᠷᠤᠨ ᠬᠢᠭᠡᠳ ᠦᠬᠠᠢ ᠵᠢᠨ ᠤᠢ᠌ᠷ᠎ᠠ ᠤᠷᠴᠢᠮ᠎ᠤᠨ ᠠᠭ᠋ᠠᠷ᠎ᠤᠨ ᠪᠤᠬᠢᠷᠲᠤᠯ᠎ᠤᠨ ᠡᠬᠢ᠎ᠳᠤ ᠠᠩᠬ᠎ᠠ ᠠᠯᠬᠤᠮ ᠵᠠᠳᠠᠯᠤᠯᠲᠠ ᠬᠢᠪᠡ᠃ ᠡᠨᠡᠬᠦ ᠵᠠᠳᠠᠯᠤᠯᠲᠠ᠎ᠨᠢ ᠬᠤᠲᠠ ᠵᠢᠨ ᠣᠷᠴᠢᠨ ᠲᠣᠭᠤᠷᠢᠨ᠂ ᠪᠤᠬᠢᠷᠳᠤᠯ᠎ᠤᠨ ᠡᠬᠢ᠂ ᠡᠬᠡ ᠬᠠᠭᠤᠷᠠᠢ ᠵᠢᠨ ᠭᠠᠳᠠᠷᠭᠤ ᠵᠢᠨ ᠪᠤᠬᠢᠷᠲᠤᠯ᠎ᠤᠨ ᠡᠬᠢ VOCS᠂ ᠣᠽᠤᠨ᠂ ᠰᠢᠪᠳᠤᠷ᠎ᠤᠨ ᠠᠭᠤᠰᠤᠮᠠᠯ ᠬᠢᠭᠡᠳ ᠨᠠᠷᠢᠨ ᠮᠦᠬᠦᠯᠢᠭᠲᠦ ᠵᠢᠨ ᠣᠳᠤᠬᠢ ᠪᠠᠢ᠌ᠳᠠᠯ ᠵᠢᠴᠢ ᠡᠳᠡᠭᠡᠷ᠎ᠤᠨ ᠡᠭᠦᠰᠦᠯ ᠪᠦᠷᠢᠯᠳᠦᠯ᠎ᠳᠤ ᠬᠠᠨᠳᠤᠭᠤᠯᠤᠨ ᠶᠠᠪᠤᠭᠳᠠᠵᠤ᠂ ᠪᠤᠬᠢᠷᠲᠤᠯ᠎ᠤᠨ ᠨᠡᠢ᠌ᠯᠡᠯᠴᠡᠭᠰᠡᠨ ᠨᠦᠯᠦᠭᠡᠯᠡᠯ᠂ ᠭᠠᠵᠠᠷ᠎ᠤᠨ ᠪᠠᠢ᠌ᠴᠠ ᠵᠢᠨ ᠦᠢ᠍ᠯᠡᠳᠦᠯᠴᠡᠯ᠂ ᠨᠠᠷᠠᠨ᠎ᠤ ᠰᠠᠴᠤᠷᠠᠭ᠎ᠤᠨ ᠦᠢ᠍ᠯᠡᠳᠦᠯᠴᠡᠯ ᠵᠡᠷᠭᠡ᠎ᠳᠤ ᠬᠠᠮᠢᠶ᠎ᠠ ᠪᠦᠬᠦᠢ ᠵᠠᠳᠠᠯᠤᠯᠲᠠ ᠬᠢᠵᠡᠢ᠃ ᠵᠠᠳᠠᠯᠤᠯᠲᠠ᠎ᠨᠢ ᠬᠤᠲᠠ ᠵᠢᠨ ᠣᠽᠤᠨ᠎ᠤ ᠪᠤᠬᠢᠷᠳᠤᠯ᠎ᠤᠨ ᠪᠤᠢ ᠪᠤᠯᠤᠭᠰᠠᠨ ᠰᠢᠯᠲᠠᠭ᠋ᠠᠨ᠎ᠳᠤ ᠬᠠᠷᠢᠭᠤᠯᠲᠠ ᠦᠭᠴᠦ᠂ VOCS᠎ᠯᠤᠭ᠎ᠠ ᠵᠢᠨ ᠬᠠᠷᠢᠴᠠᠭ᠋ᠠᠨ᠎ᠳᠤ ᠵᠠᠳᠠᠯᠤᠯᠲᠠ ᠬᠢᠵᠦ᠂ ᠣᠽᠤᠨ᠎ᠤ ᠪᠦᠷᠢᠯᠳᠦᠯ᠂ ᠵᠠᠳᠠᠷᠠᠯ᠂ ᠳᠠᠮᠵᠢᠯᠲᠠ ᠵᠢᠨ ᠣᠨᠴᠠᠯᠢᠭ᠎ᠢ ᠶᠡᠬᠡ ᠲᠥᠯᠦᠪ ᠵᠠᠳᠠᠯᠤᠨ ᠰᠢᠨᠵᠢᠯᠡᠵᠡᠢ᠃ ᠬᠦᠬᠡᠬᠣᠲᠠ᠂ ᠪᠤᠭᠤᠲᠤ ᠵᠢᠨ ᠣᠢ᠌ᠷ᠎ᠠ ᠬᠠᠪᠢ ᠵᠢᠨ ᠣᠷᠤᠨ᠎ᠤ ᠠᠭ᠋ᠠᠷ ᠮᠠᠨᠳᠠᠯ᠎ᠤᠨ ᠠᠮᠢ ᠠᠬᠤᠢ ᠣᠷᠴᠢᠨ ᠲᠤᠭᠤᠷᠢᠨ᠎ᠤ ᠠᠰᠠᠭᠤᠳᠠᠯ ᠵᠢᠴᠢ ᠪᠦᠷᠢᠯᠳᠦᠭᠰᠡᠨ ᠰᠢᠯᠲᠠᠭ᠋ᠠᠨ᠎ᠢ ᠵᠠᠳᠠᠯᠵᠠᠢ᠃ ᠠᠭᠤᠰᠬᠤ ᠴᠢᠨᠠᠷ ᠪᠦᠬᠦᠢ ᠬᠡᠢ ᠴᠠᠪᠠᠤᠯᠢᠭ ᠠᠭᠤᠰᠤᠮᠠᠯ᠎ᠤᠨ ᠳᠤᠤᠷ᠎ᠠ ᠳᠤᠯᠠᠭ᠋ᠠᠨ ᠦᠨᠳᠦᠷ ᠴᠢᠬᠢᠭᠯᠢᠭ ᠪᠠᠢ᠌ᠳᠠᠯ᠎ᠳᠠᠬᠢ ᠮᠦᠬᠦᠯᠢᠭ᠎ᠤᠨ ᠪᠦᠭᠡᠮᠨᠡᠷᠡᠯ᠎ᠤᠨ ᠦᠢ᠍ᠯᠡᠳᠦᠯᠴᠡᠯ ᠵᠢ ᠠᠩᠬ᠎ᠠ ᠠᠯᠬᠤᠮ ᠶᠠᠷᠢᠯᠴᠠᠨ   ᠰᠤᠳᠤᠯᠵᠠᠢ᠃ ᠪᠠᠢ᠌ᠴᠠᠭ᠋ᠠᠯᠲᠠ᠎ᠳᠤ᠂ ᠤᠷᠭᠤᠮᠠᠯ᠎ᠤᠨ ᠬᠤᠴᠢᠯᠭ᠎ᠠ ᠵᠢᠨ ᠡᠬᠡ ᠬᠠᠭᠤᠷᠠᠢ᠎ᠳᠠᠬᠢ ᠪᠤᠬᠢᠷᠲᠤᠯ᠂ ᠲᠠᠷᠢᠶᠠᠯᠠᠩ ᠦᠢ᠍ᠯᠡᠳᠪᠦᠷᠢᠯᠡᠯ᠎ᠤᠨ ᠪᠤᠬᠢᠷᠳᠤᠯ᠂ ᠠᠵᠤ ᠦᠢ᠍ᠯᠡᠳᠪᠦᠷᠢᠯᠡᠯ᠎ᠤᠨ ᠪᠤᠬᠢᠷᠳᠤᠯ᠂ ᠠᠵᠤ ᠠᠮᠢᠳᠤᠷᠠᠯ᠎ᠤᠨ ᠪᠤᠬᠢᠷᠲᠤᠯ᠂ ᠠᠮᠢᠳᠤ ᠪᠤᠳᠠᠰ᠎ᠤᠨ ᠰᠢᠲᠠᠭ᠋ᠠᠯᠲᠠ ᠵᠢᠨ ᠪᠤᠬᠢᠷᠳᠤᠯ᠂ ᠰᠢᠯᠵᠢᠮᠡᠯ ᠪᠤᠬᠢᠷᠳᠤᠯ ᠵᠢᠴᠢ ᠬᠠᠶᠠᠭᠳᠠᠮᠠᠯ ᠪᠤᠳᠠᠰ᠎ᠤᠨ ᠰᠢᠢ᠍ᠳᠪᠦᠷᠢᠯᠡᠯᠲᠡ ᠵᠢᠨ ᠪᠤᠬᠢᠷᠳᠤᠯ ᠵᠡᠷᠭᠡ ᠵᠢᠨ ᠭᠠᠳᠠᠭᠰᠢᠯᠠᠯᠲᠠ ᠵᠢᠨ ᠤᠨᠴᠠᠯᠢᠭ᠎ᠢ ᠪᠠᠭᠲᠠᠭ᠋ᠠᠵᠠᠢ᠃
      ᠠᠵᠢᠯ᠎ᠤᠨ ᠳᠤᠮᠳᠠ᠂ VOCS ᠬᠢᠭᠡᠳ ᠡᠬᠡ ᠬᠠᠭᠤᠷᠠᠢ ᠵᠢᠨ ᠭᠠᠳᠠᠷᠭᠤ ᠵᠢᠨ ᠨᠠᠷᠢᠨ ᠮᠦᠬᠦᠯᠢᠭ᠎ᠠᠴᠠ ᠦᠯᠢᠭᠡᠷ ᠠᠪᠤᠨ᠂ ᠰᠢᠪᠳᠤᠷᠲᠤ ᠴᠠᠪᠠᠤᠯᠢᠭ ᠠᠭᠤᠰᠤᠮᠠᠯ᠎ᠤᠨ ᠵᠠᠳᠠᠯᠤᠯᠲᠠ ᠬᠢᠭᠰᠡᠨ ᠵᠶ᠋ᠡᠷ᠂ ᠦᠪᠥᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠠᠭ᠋ᠠᠷ ᠮᠠᠨᠳᠠᠯ᠎ᠤᠨ ᠪᠤᠬᠢᠷᠳᠤᠯ᠎ᠤᠨ ᠡᠬᠢ ᠵᠢᠨ ᠠᠩᠬ᠎ᠠ ᠠᠯᠬᠤᠮ᠎ᠤᠨ ᠵᠠᠳᠠᠯᠤᠯᠲᠠ᠎ᠨᠢ ᠳᠠᠷᠠᠭ᠋ᠠᠬᠢ ᠬᠡᠳᠦᠨ ᠵᠦᠢ᠍ᠯ᠎ᠤᠨ ᠳ᠋ᠦᠩᠨᠡᠯᠲᠠ ᠵᠢ ᠭᠠᠷᠭ᠋ᠠᠪᠠ᠃ ᠦᠬᠠᠢ ᠬᠤᠲᠠ ᠵᠢᠴᠢ ᠲᠡᠭᠦᠨ᠎ᠤ ᠡᠷᠭᠢᠨ ᠲᠤᠭᠤᠷᠢᠨ᠎ᠤ ᠣᠷᠤᠨ᠎ᠤ ᠤᠨᠴᠠᠯᠢᠭ ᠪᠣᠯ ᠰᠢᠪᠲᠤᠷᠲᠤ ᠴᠠᠪᠠᠤᠯᠢᠭ ᠠᠭᠤᠰᠤᠮᠠᠯ᠎ᠤᠨ ᠠᠭᠤᠯᠤᠭᠳᠠᠴᠠ ᠦᠨᠳᠦᠷ᠂ ᠭᠣᠣᠯ᠎ᠨᠢ ᠰᠢᠪᠳᠤᠷ ᠬᠡᠢ ᠬᠢᠭᠡᠳ ᠤᠰᠤᠮᠠᠭᠲᠤ ᠠᠮᠮᠤᠨᠢ (ᠰᠢᠪᠳᠤᠷ᠎ᠤᠨ ᠤᠰᠤ) ᠪᠤᠯᠠᠬᠤ ᠶᠤᠮ᠃ ᠡᠨᠡ᠎ᠨᠢ ᠬᠦᠬᠡᠬᠤᠲᠠ᠂ ᠪᠤᠭᠤᠲᠤ ᠬᠤᠶᠠᠷ ᠬᠤᠲᠠ᠎ᠠᠴᠠ ᠢᠯᠭ᠋ᠠᠭᠳᠠᠬᠤ ᠤᠨᠴᠠᠯᠢᠭ ᠪᠣᠯᠤᠨ᠎ᠠ᠃ ᠡᠭᠦᠨ ᠵᠶ᠋ᠡᠷ ᠥᠯᠥ ᠪᠠᠷᠠᠮ ᠡᠷᠭᠢᠨ ᠲᠤᠭᠤᠷᠢᠨ᠎ᠤ ᠰᠢᠪᠳᠤᠷᠲᠤ ᠴᠠᠪᠠᠤᠯᠢᠭ ᠠᠭᠤᠰᠤᠮᠠᠯ᠎ᠤᠨ ᠦᠳᠭᠡᠴᠡ᠎ᠨᠢ ᠮᠠᠰᠢ ᠶᠡᠷᠦ ᠵᠢᠨ ᠪᠤᠰᠤ ᠪᠠᠢ᠌ᠵᠤ᠂ ᠦᠷᠭᠦᠯᠵᠢᠯᠡᠨ ᠪᠠᠢ᠌ᠴᠠᠭ᠋ᠠᠨ ᠰᠢᠯᠭ᠋ᠠᠷᠠᠭᠤᠯᠤᠯᠲᠠ ᠬᠢᠬᠦ ᠴᠢᠬᠤᠯᠠᠲᠠᠢ᠃ ᠦᠬᠠᠢ ᠬᠣᠲᠠ ᠵᠢᠨ ᠠᠭ᠋ᠠᠷ ᠮᠠᠨᠳᠠᠯ᠎ᠳᠤ ᠨᠠᠲ᠋ᠤᠷᠢ ᠢᠶᠤᠨ᠎ᠨᠢ ᠠᠷᠭ᠎ᠠ ᠢᠶᠤᠨ᠎ᠤ ᠬᠠᠭ᠋ᠠᠰ ᠬᠢᠷᠢᠲᠡᠢ ᠵᠢ ᠡᠵᠡᠯᠡᠵᠦ ᠪᠤᠢ᠃ ᠭᠣᠣᠯ᠎ᠨᠢ ᠬᠦᠬᠦᠷ ᠬᠦᠴᠢᠯ᠎ᠤᠨ ᠳᠠᠪᠤᠰᠤ᠂ ᠡᠨᠡ᠎ᠨᠢ ᠤᠢ᠌ᠷ᠎ᠠ ᠣᠷᠴᠢᠮ᠎ᠤᠨ ᠬᠤᠵᠢᠷᠯᠢᠭ ᠡᠯᠡᠰᠦᠨ ᠴᠥᠯ᠎ᠲᠠᠢ ᠬᠤᠯᠪᠤᠭ᠎ᠠ᠎ᠲᠠᠢ᠃ ᠰᠢᠪᠳᠤᠷᠲᠤ ᠴᠠᠪᠠᠤᠯᠢᠭ ᠠᠭᠤᠰᠤᠮᠠᠯ᠎ᠤᠨ ᠠᠭᠤᠯᠤᠭᠳᠠᠴᠠ᠎ᠨᠢ ᠨᠡᠭᠦᠷᠡᠰᠦᠨ ᠠᠭᠤᠷᠬᠠᠢ ᠵᠢᠨ ᠣᠷᠤᠨ ᠵᠢᠴᠢ ᠬᠡᠦᠷᠰᠢᠯᠲᠠ᠂ ᠵᠡᠭᠦᠨ ᠠᠭᠤᠯᠠ ᠵᠢᠨ ᠨᠡᠭᠦᠷᠡᠰᠦᠨ ᠴᠢᠯᠠᠭᠤᠯᠢᠭ᠎ᠤᠨ ᠠᠭᠤᠯᠠᠷᠬᠠᠭ ᠣᠷᠤᠨ᠎ᠳᠤ ᠬᠠᠮᠤᠭ᠎ᠤᠨ ᠦᠨᠳᠦᠷ᠃ ᠬᠦᠬᠡᠬᠤᠲᠠ᠂ ᠪᠤᠭᠤᠲᠤ ᠣᠷᠣᠨ᠎ᠳᠤ ᠦᠨᠳᠦᠷ ᠬᠤᠯᠠᠩ᠎ᠤᠨ ᠪᠤᠬᠢᠷᠳᠤᠯ ᠪᠤᠯᠤᠨ ᠬᠡᠲᠦ ᠳᠤᠤᠷ᠎ᠠ ᠭᠠᠳᠠᠭᠰᠢᠯᠠᠭᠤᠯᠤᠯᠲᠠ ᠵᠢᠨ ᠲᠥᠪᠯᠡᠷᠡᠭᠰᠡᠨ ᠣᠷᠤᠨ ᠪᠤᠯᠤᠨ᠎ᠠ᠃ ᠡᠪᠦᠯ᠎ᠤᠨ ᠤᠯᠠᠷᠢᠯ᠎ᠤᠨ ᠭᠣᠣᠯ ᠪᠣᠯᠬᠣ ᠪᠤᠬᠢᠷᠳᠤᠯ ᠪᠤᠳᠠᠰ ᠪᠣᠯ ᠠᠭᠤᠰᠬᠤ ᠴᠢᠨᠠᠷ ᠪᠦᠬᠦᠢ ᠲᠠᠪᠤᠰᠤ ᠪᠠᠢ᠌ᠵᠤ᠂ ᠡᠬᠦᠨ᠎ᠳᠤ   ᠬᠦᠬᠦᠷ ᠬᠦᠴᠢᠯ᠎ᠤᠨ ᠠᠮᠮᠤᠨᠢ ᠬᠢᠭᠡᠳ ᠬᠦᠬᠦᠷ ᠬᠦᠴᠢᠯ᠎ᠤᠨ ᠨᠠᠲ᠋ᠠᠷᠢ ᠪᠠᠭᠲᠠᠨ᠎ᠠ᠃ ᠦᠬᠠᠢ ᠬᠤᠲᠠ᠎ᠤᠨ ᠠᠵᠤ ᠦᠢ᠍ᠯᠡᠳᠪᠦᠷᠢ ᠲᠦᠪᠯᠡᠷᠡᠭᠰᠡᠨ ᠤᠷᠤᠨ᠎ᠳᠤ ᠰᠢᠪᠳᠤᠷ ᠬᠢᠭᠡᠳ ᠤᠰᠤᠮᠠᠭᠲᠤ ᠠᠮᠮᠤᠨᠢ (ᠰᠢᠪᠳᠤᠷ᠎ᠤᠨ ᠤᠰᠤ) ᠵᠢᠨ ᠠᠭᠤᠯᠤᠭᠳᠠᠴᠠ ᠬᠠᠮᠤᠭ᠎ᠤᠨ ᠦᠨᠳᠦᠷ᠃ ᠬᠦᠬᠦᠷ ᠬᠦᠴᠢᠯ᠎ᠤᠨ ᠲᠠᠪᠤᠰᠤ᠎ᠨᠢ ᠣᠽᠤᠨ᠎ᠤ ᠵᠠᠳᠠᠷᠠᠯ᠎ᠢ ᠬᠣᠷᠢᠭᠯᠠᠬᠤ ᠦᠭᠡᠷ᠎ᠡ ᠨᠢᠭᠡᠨ ᠴᠢᠬᠤᠯᠠ ᠰᠢᠯᠲᠠᠭ᠋ᠠᠨ ᠪᠣᠯᠳᠠᠭ᠃ ᠦᠬᠠᠢ ᠬᠣᠲᠠ ᠵᠢᠨ ᠡᠷᠭᠢᠨ ᠲᠤᠭᠤᠷᠢᠨ᠎ᠳᠤ ᠰᠢᠲᠠᠯᠲᠠ ᠵᠢᠨ ᠲᠣᠰᠤ᠂ ᠲᠦᠯᠡᠰᠢᠨ ᠨᠡᠭᠦᠷᠡᠰᠦ᠂ ᠬᠢᠮᠢ ᠵᠢᠨ ᠠᠵᠤ ᠦᠢ᠍ᠯᠡᠳᠪᠦᠷᠢ ᠵᠢᠨ ᠬᠡᠦᠷᠰᠢᠯᠲᠡ ᠬᠢᠭᠡᠳ ᠨᠡᠭᠦᠷᠡᠰᠦᠨ ᠴᠢᠯᠠᠭᠤᠯᠢᠭ᠎ᠤᠨ ᠪᠤᠬᠢᠷᠲᠤᠯ᠎ᠤᠨ ᠶᠡᠷᠦᠩᠬᠡᠢ᠌ᠯᠡᠭᠰᠡᠨ ᠰᠢᠨᠵᠢ᠎ᠲᠠᠢ᠃ ᠲᠠᠯ᠎ᠠ ᠨᠤᠲᠤᠭ᠎ᠤᠨ ᠣᠷᠤᠨ᠎ᠳᠤ VOCS   ᠨᠠᠮᠤᠷ᠎ᠤᠨ ᠰᠡᠭᠦᠯᠴᠢ᠎ᠳᠤ ᠳᠤᠤᠷ᠎ᠠ᠂ ᠣᠢ ᠰᠢᠭᠤᠢ ᠵᠢᠨ VOCS ᠨᠡᠯᠢᠶᠡᠳ ᠦᠨᠳᠦᠷ᠃ SVOC ᠵᠢᠨ ᠲᠠᠷᠬᠠᠯᠲᠠ᠎ᠨᠢ ᠵᠡᠭᠦᠨ ᠪᠠᠷᠠᠭᠤᠨ ᠬᠤᠶᠠᠷ ᠠᠭᠤᠯᠠ ᠵᠢᠨ ᠠᠭᠤᠷᠬᠠᠢ ᠵᠢᠨ ᠣᠷᠣᠨ᠂ ᠨᠡᠭᠦᠷᠡᠰᠦᠨ ᠴᠢᠯᠠᠭᠤᠯᠢᠭ ᠠᠭᠤᠯᠠ ᠵᠢᠨ ᠲᠥᠪᠯᠡᠷᠡᠭᠰᠡᠨ ᠣᠷᠤᠨ᠎ᠳᠤ ᠨᠢᠭᠲᠠᠷᠠᠵᠤ ᠪᠠᠢ᠌ᠳᠠᠭ᠃ ᠡᠨᠡ᠎ᠨᠢ ᠬᠡᠦᠷᠰᠢᠬᠦᠯᠬᠦ ᠠᠵᠤ ᠦᠢ᠍ᠯᠡᠰ᠎ᠤᠨ ᠲᠠᠷᠬᠠᠯᠲᠠ᠎ᠲᠠᠢ ᠲᠠᠪᠬᠤᠴᠠᠭᠰᠠᠨ ᠦᠭᠡᠢ ᠪᠠᠢ᠌ᠳᠠᠭ᠎ᠨᠢ ᠰᠢᠪᠳᠤᠷᠲᠤ ᠴᠠᠪᠠᠤᠯᠢᠭ ᠠᠭᠤᠰᠤᠮᠠᠯ᠎ᠲᠠᠢ ᠤᠨᠳᠤᠤ᠃ ᠪᠦᠬᠦᠯᠢ ᠲᠠᠯ᠎ᠠ᠎ᠠᠴᠠ ᠦᠵᠡᠪᠡᠯ᠂ ᠦᠬᠠᠢ ᠬᠣᠲᠠ ᠵᠢᠨ ᠡᠷᠭᠢᠨ ᠲᠤᠭᠤᠷᠢᠨ᠎ᠳᠤ VOCS ᠵᠢᠨ ᠦᠳᠭᠡᠴᠡ ᠦᠨᠳᠦᠷ᠃
      ᠭᠡᠬᠦ᠎ᠳᠡᠭᠡᠨ ᠵᠢᠨᠢᠩ᠎ᠤᠨ ᠵᠡᠭᠦᠨ ᠡᠮᠦᠨᠡᠬᠢ ᠰᠤᠮᠤᠨ ᠠᠭᠤᠯᠠ᠂ ᠤᠯᠠᠭ᠋ᠠᠨᠬᠠᠳᠠ ᠪᠤᠯᠤᠨ ᠴᠸᠩᠳ᠋ᠸ᠎ᠤᠨ ᠠᠭᠤᠯᠵᠠᠷ ᠣᠷᠤᠨ᠎ᠳᠤ VOCS ᠪᠠᠰᠠ ᠦᠨᠳᠦᠷ ᠪᠠᠢ᠌ᠳᠠᠭ᠃ ᠬᠠᠷᠢᠯᠴᠠᠨ ᠳᠠᠮᠵᠢᠭᠳᠠᠳᠠᠭ ᠡᠰᠡᠬᠦ ᠵᠢᠨ ᠲᠤᠬᠠᠢ ᠲᠤᠳᠤᠷᠬᠠᠢ ᠦᠭᠡᠢ᠃ ᠣᠽᠤᠨ᠎ᠨᠢ ᠶᠡᠬᠡ ᠲᠥᠯᠦᠪ   ᠪᠤᠭᠤᠨᠢ ᠦᠷᠭᠡᠷᠢᠭ᠎ᠤᠨ ᠣᠷᠤᠨ᠎ᠳᠤ ᠦᠨᠳᠦᠷ᠂ ᠦᠷᠭᠡᠷᠢᠭ᠎ᠨᠢ ᠨᠡᠮᠡᠭᠳᠡᠬᠦ ᠲᠣᠰᠤᠮ   ᠣᠽᠤᠨ᠎ᠤ ᠲᠤᠭᠲᠠᠮᠠᠯ ᠴᠢᠨᠠᠷ᠎ᠨᠢ ᠪᠠᠷᠢᠮᠵᠢᠶᠠᠨ᠎ᠳᠤ ᠨᠡᠢ᠌ᠴᠡᠳᠡᠭ᠃ ᠦᠬᠠᠢ ᠬᠤᠲᠠ ᠵᠢᠨ ᠡᠷᠭᠢᠨ ᠲᠤᠭᠤᠷᠢᠨ᠎ᠳᠤ ᠦᠳᠡᠰᠢ ᠤᠷᠤᠢ᠎ᠳᠠᠭᠠᠨ ᠣᠽᠤᠨ ᠪᠠᠭᠤᠷᠠᠨ   ᠵᠠᠳᠠᠷᠠᠬᠤ᠎ᠳᠤ ᠪᠡᠷᠭᠡ ᠠᠰᠠᠭᠤᠳᠠᠯ ᠣᠷᠤᠰᠢᠳᠠᠭ᠃
      ᠨᠠᠷᠢᠨ ᠮᠦᠬᠦᠯᠢᠭᠲᠦ᠎ᠨᠢ ᠦᠨᠳᠦᠷ ᠬᠤᠯᠠᠩ᠎ᠤᠨ ᠪᠤᠬᠢᠷᠲᠤᠯ᠎ᠤᠨ ᠭᠠᠳᠠᠭᠰᠢᠯᠠᠯᠲᠠ᠎ᠳᠠᠬᠢ ᠨᠠᠲ᠋ᠠᠷᠢ ᠵᠢᠨ ᠳᠠᠪᠤᠰᠤ᠂ ᠠᠮᠮᠤᠨᠢ ᠵᠢᠨ ᠳᠠᠪᠤᠰᠤ᠎ᠠᠴᠠ ᠢᠷᠡᠯᠲᠡ᠎ᠲᠠᠢ ᠪᠠᠢ᠌ᠵᠤ᠂ ᠬᠦᠬᠡᠬᠤᠲᠠ ᠪᠤᠭᠤᠲᠤ ᠵᠢᠨ ᠭᠠᠳᠠᠭᠰᠢᠯᠠᠯᠲᠠ ᠵᠢᠨ ᠬᠠᠭ᠋ᠠᠰ᠎ᠲᠤ ᠬᠦᠷᠳᠡᠭ᠃ ᠡᠬᠡ ᠬᠠᠭᠤᠷᠠᠢ ᠵᠢᠨ ᠭᠠᠳᠠᠷᠭᠤ ᠵᠢᠨ ᠭᠠᠳᠠᠭᠰᠢᠯᠠᠯᠲᠠ᠎ᠨᠢ ᠭᠣᠣᠯ᠎ᠨᠢ ᠱᠦᠯᠲᠦ ᠳᠠᠪᠤᠰᠤᠯᠢᠭ ᠰᠢᠷᠤᠢ᠂ ᠨᠤᠢ᠌ᠲᠠᠨ ᠰᠢᠷᠤᠢ᠂ ᠬᠦᠷᠡᠩ ᠬᠦᠷᠦᠰᠦᠲᠦ ᠰᠢᠷᠤᠢ ᠪᠠᠢ᠌ᠵᠤ᠂ ᠡᠯᠡᠰᠦᠨ ᠴᠥᠯ᠎ᠤᠨ ᠡᠯᠡᠰᠦᠨ ᠰᠢᠭᠤᠷᠭ᠋ᠠᠨ᠎ᠳᠤ ᠨᠠᠷᠢᠨ ᠮᠦᠬᠦᠯᠢᠭᠲᠦ ᠲᠣᠩ ᠪᠠᠭ᠎ᠠ ᠤᠴᠢᠷ᠎ᠠᠴᠠ ᠨᠠᠷᠢᠨ ᠮᠦᠬᠦᠯᠢᠭᠲᠦ ᠵᠢᠨ ᠢᠷᠡᠯᠲᠡ ᠪᠣᠯᠬᠤ ᠶᠤᠰᠤ ᠦᠭᠡᠢ ᠪᠢᠯᠡ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ
          
ᠬᠠᠮᠢᠶ᠎ᠡ ᠪᠦᠬᠦᠢ ᠰᠣᠨᠢᠨ
ᠵᠢᠶᠠᠩᠰᠦ ᠡᠨᠧᠷᠭᠢ ᠵᠢᠨ ᠤᠯᠠᠭ᠋ᠠᠶ᠎ᠳᠠᠬᠢ 2 × 1000MW ᠥᠨᠳᠥᠷ ᠪᠦᠲᠦᠮᠵᠢᠲᠡᠶ ᠬᠡᠲᠦ ᠬᠢᠵᠠᠭ᠋ᠠᠷ᠎ᠤᠨ ᠨᠡᠭᠦᠷᠡᠰᠦ ᠰᠢᠳᠠᠭ᠋ᠠᠵᠤ ᠴᠠᠬᠢᠯᠭ᠋ᠠᠨ ᠭᠠᠷᠭ᠋ᠠᠬᠤ ᠮᠠᠰᠢᠨ ᠴᠣᠭᠴᠠᠯᠠᠪᠤᠷᠢ ᠵᠢᠨ ᠢᠨᠵᠧᠨᠧᠷᠢᠩ᠎ᠤᠨ ᠲᠥᠷᠥᠯ ᠵᠦᠢ᠍ᠯ᠎ᠤᠨ ᠣᠷᠴᠢᠨ ᠲᠣᠭᠣᠷᠢᠨ᠎ᠳᠤ ᠦᠵᠡᠭᠦᠯᠬᠦ ᠨᠦᠯᠦᠭᠡ ᠵᠢ ᠦᠨᠡᠯᠡᠭᠰᠡᠨ ᠪᠢᠴᠢᠭ ᠮᠠᠲ᠋ᠧᠷᠢᠶᠠᠯ᠎ᠢ ᠭᠥᠯᠢᠶᠡᠨ ᠠᠪᠴᠤ ᠰᠢᠢ᠍ᠳᠪᠦᠷᠢᠯᠡᠭᠰᠡᠨ ᠪᠠᠶ᠋ᠢᠳᠠᠯ᠎ᠤᠨ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠶ ᠣᠷᠴᠢᠨ ᠲᠣᠭᠣᠷᠢᠨ᠎ᠤ ᠲᠢᠩᠬᠢᠮ᠎ᠤᠨ ᠵᠠᠷᠯᠠᠯ
ᠠᠭ᠋ᠠᠷ ᠮᠠᠨᠳᠠᠯ᠎ᠤᠨ ᠣᠷᠴᠢᠨ ᠲᠣᠭᠣᠷᠢᠨ᠎ᠤ ᠭᠠᠵᠠᠷ ᠪᠤᠭᠤᠲᠤ ᠬᠤᠳᠠ ᠪᠠ ᠣᠷᠳᠣᠰ ᠬᠤᠳᠠ᠎ᠲᠤ ᠭᠦᠨᠵᠡᠭᠡᠶ᠋ᠢᠷᠡᠨ ᠤᠮᠠᠷᠠᠲᠤ ᠤᠷᠤᠨ᠎ᠤ ᠠᠷᠢᠭᠤᠨ ᠴᠡᠪᠡᠷ ᠵᠶ᠋ᠠᠷ ᠲᠤᠯᠠᠭ᠋ᠠᠯᠠᠭ᠎ᠠ ᠠᠪᠬᠤ ᠠᠵᠢᠯ᠎ᠢ ᠪᠠᠶ᠋ᠢᠴᠠᠭ᠋ᠠᠨ ᠰᠤᠳᠤᠯᠪᠠ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠤᠤᠷ᠎ᠠ ᠨᠡᠭᠦᠷᠡᠰᠦᠳᠦ᠋ᠷᠦᠭᠴᠢᠳᠤ ᠬᠦᠭᠵᠢᠭᠦᠯᠦᠯᠳᠡ ᠵᠢᠨ ᠲᠥᠪ᠎ᠨᠢ ᠵᠢᠶᠠᠩᠰᠦ ᠮᠤᠵᠢ ᠪᠣᠯᠤᠨ ᠱᠠᠩᠬᠠᠢ ᠬᠤᠳᠠ᠎ᠳᠤ ᠬᠦᠷᠴᠦ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ ᠠᠵᠢᠯ᠎ᠤᠨ ᠪᠠᠶ᠋ᠢᠴᠠᠭ᠋ᠠᠨ ᠰᠤᠳᠤᠯᠤᠯᠲᠠ ᠬᠢᠪᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠤᠤᠷ᠎ᠠ ᠨᠡᠭᠦᠷᠡᠰᠦᠳᠦ᠋ᠷᠦᠭᠴᠢᠳᠤ ᠬᠦᠭᠵᠢᠭᠦᠯᠦᠯᠳᠡ ᠵᠢᠨ ᠲᠥᠪ᠎ᠨᠢ ᠵᠢᠶᠠᠩᠰᠦ ᠮᠤᠵᠢ ᠪᠣᠯᠤᠨ ᠱᠠᠩᠬᠠᠢ ᠬᠤᠳᠠ᠎ᠳᠤ ᠬᠦᠷᠴᠦ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ ᠠᠵᠢᠯ᠎ᠤᠨ ᠪᠠᠶ᠋ᠢᠴᠠᠭ᠋ᠠᠨ ᠰᠤᠳᠤᠯᠤᠯᠲᠠ ᠬᠢᠪᠡ
ᠥᠪᠥᠷ ᠮᠣᠩᠭᠣᠯ ᠨᠠᠮᠤᠷ ᠡᠪᠦᠯ᠎ᠤᠨ ᠤᠯᠠᠷᠢᠯ᠎ᠤᠨ ᠠᠭ᠋ᠠᠷ ᠮᠠᠨᠳᠠᠯ᠎ᠤᠨ ᠪᠣᠬᠢᠷᠲᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠳᠠᠢ᠌ᠯᠠᠯᠳᠤᠭ᠋ᠠᠨ᠎ᠢ ᠡᠬᠢᠯᠡᠭᠦᠯᠪᠡ
 
             蒙ICP备05000248号