ᠣᠢ᠌ᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠵᠢᠨ ᠵᠥᠪᠰᠢᠶᠡᠷᠡᠯ ᠵᠶ᠋ᠡᠷ᠂ ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠢᠨ ᠶᠡᠷᠦᠩᠬᠡᠢ ᠥᠷᠲᠡᠭᠡ᠎ᠪᠠᠷ ᠲᠦᠷᠦᠭᠦᠯᠡᠭᠦᠯᠦᠨ᠂ ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠭᠠᠵᠠᠷ ᠣᠷᠣᠯᠴᠠᠵᠤ ᠨᠠᠢ᠌ᠷᠠᠭᠤᠯᠤᠨ ᠵᠣᠬᠢᠶᠠᠭᠰᠠᠨ 《ᠣᠷᠣᠨ ᠪᠦᠰᠡ ᠵᠢᠨ ᠠᠮᠢ ᠠᠬᠤᠢ ᠵᠢᠨ ᠶᠠᠰᠤ ᠴᠢᠨᠠᠷ᠎ᠢ ᠬᠥᠳᠡᠯᠦᠩᠭᠦᠢ᠎ᠪᠠᠷ ᠦᠨᠡᠯᠡᠨ ᠵᠢᠱ᠌ᠢᠬᠦ ᠮᠡᠷᠭᠡᠵᠢᠯ᠎ᠤᠨ ᠵᠢᠷᠤᠮᠵᠢᠯ》᠎ᠢ ᠵᠢᠩᠬᠢᠨᠢ᠎ᠪᠠᠷ ᠨᠡᠢ᠌ᠲᠡᠯᠡᠵᠦ᠂ 2024 ᠣᠨ᠎ᠤ 10 ᠰᠠᠷ᠎ᠠ᠎ᠠᠴᠠ ᠡᠬᠢᠯᠡᠨ ᠬᠡᠷᠡᠭᠵᠢᠭᠦᠯᠪᠡ᠃
《ᠣᠷᠣᠨ ᠪᠦᠰᠡ ᠵᠢᠨ ᠠᠮᠢ ᠠᠬᠤᠢ ᠵᠢᠨ ᠶᠠᠰᠤ ᠴᠢᠨᠠᠷ᠎ᠢ ᠬᠥᠳᠡᠯᠦᠩᠭᠦᠢ᠎ᠪᠠᠷ ᠦᠨᠡᠯᠡᠨ ᠵᠢᠱ᠌ᠢᠬᠦ ᠮᠡᠷᠭᠡᠵᠢᠯ᠎ᠤᠨ ᠵᠢᠷᠤᠮᠵᠢᠯ》᠎ᠨᠢ ᠠᠮᠢ ᠠᠬᠤᠢ ᠵᠢᠨ ᠰᠢᠰᠲ᠋ᠧᠮ᠎ᠤᠨ ᠪᠦᠷᠢᠨ ᠪᠦᠲᠦᠨ ᠴᠢᠨᠠᠷ ᠵᠶ᠋ᠠᠷ ᠤᠨᠤᠯ᠎ᠤᠨ ᠰᠠᠭᠤᠷᠢ ᠪᠣᠯᠭ᠋ᠠᠵᠤ᠂ ᠣᠢ ᠰᠢᠭᠤᠢ᠂ ᠨᠤᠲᠤᠭ ᠪᠡᠯᠴᠢᠭᠡᠷ᠂ ᠴᠢᠭᠢᠭᠯᠢᠭ ᠭᠠᠵᠠᠷ᠂ ᠡᠯᠡᠰᠦᠨ ᠴᠥᠯ᠂ ᠡᠯᠡᠰᠦᠷᠬᠡᠭ ᠭᠠᠵᠠᠷ ᠵᠡᠷᠭᠡ ᠠᠮᠢ ᠠᠬᠤᠢ ᠵᠢᠨ ᠰᠢᠰᠲ᠋ᠧᠮ᠎ᠤᠨ ᠲᠥᠷᠥᠯ ᠵᠦᠢ᠍ᠯ᠎ᠢ ᠶᠡᠷᠦᠩᠬᠡᠢ᠌ᠯᠡᠨ ᠪᠣᠳᠣᠯᠬᠢᠯᠠᠵᠤ᠂ ᠭᠠᠵᠠᠷ ᠰᠢᠷᠣᠢ ᠵᠢᠨ ᠠᠰᠢᠭᠯᠠᠯᠲᠠ ᠵᠢᠨ ᠬᠤᠪᠢᠷᠠᠯᠲᠠ᠂ ᠤᠷᠭᠤᠮᠠᠯ᠎ᠤᠨ ᠬᠤᠴᠢᠯᠭ᠎ᠠ ᠵᠢᠨ ᠪᠠᠶ᠋ᠢᠳᠠᠯ᠂ ᠠᠮᠢ ᠠᠬᠤᠢ ᠵᠢᠨ ᠰᠢᠰᠲ᠋ᠧᠮ᠎ᠤᠨ ᠪᠠᠶ᠋ᠢᠳᠠᠯ ᠵᠡᠷᠭᠡ 3 ᠲᠠᠯ᠎ᠠ᠎ᠠᠴᠠ ᠦᠨᠡᠯᠡᠯᠲᠡ ᠬᠢᠵᠦ᠂ ᠠᠯᠤᠰ ᠰᠡᠷᠡᠯ ᠪᠠ ᠭᠠᠵᠠᠷ ᠳᠡᠭᠡᠷᠡᠬᠢ ᠬᠢᠨᠠᠨ ᠬᠡᠮᠵᠢᠯᠲᠡ ᠵᠢᠨ ᠦᠷ᠎ᠡ ᠳ᠋ᠦᠩ᠎ᠢ ᠳᠡᠭᠡᠳᠦ ᠬᠡᠮᠵᠢᠶ᠎ᠡ᠎ᠪᠠᠷ ᠠᠭᠤᠰᠤᠯᠴᠠᠭᠤᠯᠤᠨ᠂ ᠠᠳᠠᠯᠢ ᠪᠤᠰᠤ ᠠᠮᠢ ᠠᠬᠤᠢ ᠵᠢᠨ ᠶᠠᠰᠤ ᠴᠢᠨᠠᠷ᠎ᠤᠨ ᠲᠠᠰ᠎ᠤᠨ ᠲᠠᠯᠠᠪᠠᠶ ᠵᠢᠨ ᠬᠠᠷᠢᠴᠠᠯ ᠪᠠ ᠣᠷᠣᠨ ᠵᠠᠢ ᠵᠢᠨ ᠲᠠᠷᠬᠠᠯᠲᠠ ᠵᠢᠨ ᠵᠢᠷᠤᠭ᠎ᠢ ᠪᠤᠢ ᠪᠣᠯᠭ᠋ᠠᠵᠤ᠂ ᠥᠪᠥᠷ ᠮᠣᠩᠭᠣᠯ᠎ᠤᠨ ᠵᠡᠭᠦᠨ ᠪᠠᠷᠠᠭᠤᠨ ᠬᠡᠰᠡᠭ᠎ᠤᠨ ᠪᠠᠶ᠋ᠢᠭ᠋ᠠᠯᠢ ᠵᠢᠨ ᠨᠥᠬᠥᠴᠡᠯ᠎ᠤᠨ ᠠᠳᠠᠯᠢ ᠪᠤᠰᠤ᠎ᠠᠴᠠ ᠪᠣᠯᠤᠭᠰᠠᠨ ᠠᠮᠢ ᠠᠬᠤᠢ ᠵᠢᠨ ᠶᠠᠰᠤ ᠴᠢᠨᠠᠷ᠎ᠢ ᠦᠨᠡᠯᠡᠨ ᠵᠢᠱ᠌ᠢᠭᠰᠡᠨ ᠦᠷ᠎ᠡ ᠳ᠋ᠦᠩ᠎ᠤᠨ ᠵᠥᠷᠢᠶ᠎ᠡ ᠵᠢ ᠪᠠᠭᠤᠷᠠᠭᠤᠯᠬᠤ ᠣᠨᠴᠠᠯᠢᠭ᠎ᠲᠠᠢ ᠶᠤᠮ᠃
《ᠣᠷᠣᠨ ᠪᠦᠰᠡ ᠵᠢᠨ ᠠᠮᠢ ᠠᠬᠤᠢ ᠵᠢᠨ ᠶᠠᠰᠤ ᠴᠢᠨᠠᠷ᠎ᠢ ᠬᠥᠳᠡᠯᠦᠩᠭᠦᠢ᠎ᠪᠠᠷ ᠦᠨᠡᠯᠡᠨ ᠵᠢᠱ᠌ᠢᠬᠦ ᠮᠡᠷᠭᠡᠵᠢᠯ᠎ᠤᠨ ᠵᠢᠷᠤᠮᠵᠢᠯ》᠎ᠢ ᠨᠠᠢ᠌ᠷᠠᠭᠤᠯᠤᠨ ᠵᠣᠬᠢᠶᠠᠬᠤ ᠶᠠᠪᠤᠴᠠ᠎ᠳᠤ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ 《ᠣᠷᠣᠨ ᠪᠦᠰᠡ ᠵᠢᠨ ᠠᠮᠢ ᠠᠬᠤᠢ ᠵᠢᠨ ᠶᠠᠰᠤ ᠴᠢᠨᠠᠷ᠎ᠢ ᠦᠨᠡᠯᠡᠬᠦ ᠠᠷᠭ᠎ᠠ (ᠲᠤᠷᠰᠢᠨ ᠬᠡᠷᠡᠭᠵᠢᠭᠦᠯᠬᠦ)》 ᠵᠢ ᠤᠯᠠᠮᠵᠢᠯᠠᠨ ᠨᠠᠷᠢᠯᠢᠭᠵᠢᠭᠤᠯᠵᠤ᠂ ᠣᠷᠣᠨ᠎ᠤ ᠳᠣᠲᠣᠷ᠎ᠠ ᠭᠠᠳᠠᠨᠠᠬᠢ ᠲᠡᠷᠢᠭᠦᠨ᠎ᠤ ᠳᠡᠭᠡᠳᠦ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ ᠭᠠᠵᠠᠷ ᠪᠣᠯᠣᠨ ᠥᠪᠡᠷᠲᠡᠭᠡᠨ ᠵᠠᠰᠠᠬᠤ ᠣᠷᠣᠨ᠎ᠤ ᠬᠠᠮᠢᠶ᠎ᠠ ᠪᠦᠬᠦᠢ ᠰᠠᠯᠠᠭ᠎ᠠ ᠮᠥᠴᠢᠷ᠎ᠤᠨ ᠰᠠᠨᠠᠯ᠎ᠢ ᠬᠤᠷᠢᠶᠠᠵᠤ᠂ ᠤᠯᠤᠰ᠎ᠤᠨ ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠢᠨ ᠮᠡᠷᠭᠡᠵᠢᠯ᠎ᠤᠨ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠯᠦᠭᠡ ᠭᠦᠨᠵᠡᠭᠡᠢ ᠰᠣᠯᠢᠯᠴᠠᠨ ᠠᠰᠠᠭᠤᠨ ᠯᠠᠪᠯᠠᠵᠤ᠂ ᠦᠢ᠍ᠯᠡᠴᠢᠯᠡᠭᠡᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠨ ᠬᠢᠨᠠᠨ ᠬᠠᠮᠢᠶᠠᠷᠴᠤ ᠬᠢᠨᠠᠨ ᠰᠢᠯᠭ᠋ᠠᠬᠤ᠎ᠪᠠᠷ ᠬᠠᠷᠠᠯᠲᠠ ᠪᠣᠯᠭ᠋ᠠᠭᠰᠠᠨ᠂ ᠨᠠᠷᠢᠯᠢᠭ ᠣᠨᠣᠴᠠᠲᠠᠢ᠎ᠪᠠᠷ ᠲᠥᠷᠥ ᠵᠢᠨ ᠪᠣᠳᠣᠯᠭ᠎ᠠ ᠬᠡᠷᠡᠭᠵᠢᠭᠦᠯᠬᠦ᠎ᠳᠤ ᠰᠢᠨᠵᠢᠯᠡᠬᠦ ᠤᠬᠠᠭ᠋ᠠᠨᠴᠢ ᠤᠳᠤᠷᠢᠳᠤᠮᠵᠢ ᠵᠢ ᠬᠠᠩᠭ᠋ᠠᠭᠰᠠᠨ ᠠᠮᠢ ᠠᠬᠤᠢ ᠵᠢᠨ ᠶᠠᠰᠤ ᠴᠢᠨᠠᠷ᠎ᠢ ᠦᠨᠡᠯᠡᠨ ᠵᠢᠱ᠌ᠢᠬᠦ ᠪᠠᠷᠢᠮᠵᠢᠶ᠎ᠠ ᠵᠢ ᠪᠤᠢ ᠪᠣᠯᠭ᠋ᠠᠪᠠ᠃ ᠡᠨᠡ ᠪᠣᠯ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠵᠢᠨ ᠬᠢᠨᠠᠨ ᠬᠡᠮᠵᠢᠯᠲᠡ ᠵᠢᠨ ᠬᠦᠷᠢᠶᠡᠨ᠎ᠳᠠᠬᠢ ᠠᠯᠤᠰ ᠬᠡᠲᠦ ᠵᠢᠨ ᠠᠴᠢ ᠬᠣᠯᠪᠣᠭᠳᠠᠯ᠎ᠲᠠᠢ ᠨᠢᠭᠡ ᠵᠦᠢ᠍ᠯ᠎ᠤᠨ ᠰᠢᠪᠲᠤᠯᠤᠯᠲᠠ ᠵᠢᠨ ᠴᠢᠨᠠᠷᠲᠠᠢ ᠠᠬᠢᠴᠠ ᠪᠣᠯᠣᠨ᠎ᠠ᠃
ᠳᠠᠷᠠᠭ᠋ᠠᠴᠢ ᠵᠢᠨ ᠠᠯᠬᠤᠮ᠎ᠳᠤ᠂ ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠢᠨ ᠶᠡᠷᠦᠩᠬᠡᠢ ᠥᠷᠲᠡᠭᠡ᠎ᠠᠴᠠ ᠲᠤᠰ ᠪᠠᠷᠢᠮᠵᠢᠶ᠎ᠠ ᠵᠢ ᠪᠦᠬᠦ ᠣᠷᠣᠨ᠎ᠤ ᠬᠡᠪᠴᠢᠶᠡᠨ᠎ᠳᠤ ᠬᠡᠷᠡᠭᠯᠡᠬᠦ ᠪᠠ ᠳᠡᠯᠭᠡᠷᠡᠭᠦᠯᠬᠦ ᠵᠢ ᠤᠯᠠᠮ ᠴᠢᠨᠠᠭᠰᠢᠳᠠ ᠠᠬᠢᠭᠤᠯᠵᠤ᠂ ᠡᠭᠦᠨ᠎ᠤ ᠬᠠᠮᠲᠤ ᠲᠤᠰ ᠤᠳᠠᠭ᠎ᠠ ᠵᠢᠨ ᠪᠠᠷᠢᠮᠵᠢᠶ᠎ᠠ ᠵᠢ ᠨᠡᠢ᠌ᠲᠡᠯᠡᠬᠦ᠎ᠪᠠᠷ ᠠᠵᠠ ᠲᠣᠬᠢᠶᠠᠯ ᠪᠣᠯᠭ᠋ᠠᠵᠤ᠂ ᠴᠦᠯᠯᠡᠷᠬᠡᠭᠵᠢᠯ᠎ᠢ ᠰᠡᠷᠭᠡᠢ᠌ᠯᠡᠨ ᠵᠠᠰᠠᠭᠰᠠᠨ ᠦᠷ᠎ᠡ ᠪᠦᠲᠦᠮᠵᠢ ᠵᠢ ᠦᠨᠡᠯᠡᠨ ᠵᠢᠱ᠌ᠢᠬᠦ ᠴᠢᠨᠠᠷ ᠰᠠᠢ᠌ᠲᠠᠢ ᠪᠠᠷᠢᠮᠵᠢᠶ᠎ᠠ ᠵᠢᠨ ᠰᠢᠰᠲ᠋ᠧᠮ ᠵᠢᠴᠢ ᠪᠤᠰᠤᠳ ᠣᠷᠣᠨ ᠨᠤᠲᠤᠭ᠎ᠤᠨ ᠪᠠᠷᠢᠮᠵᠢᠶ᠎ᠠ ᠵᠢᠨ ᠰᠤᠳᠤᠯᠭ᠋ᠠᠨ᠎ᠢ ᠲᠦᠷᠭᠡᠳᠬᠡᠨ ᠠᠬᠢᠭᠤᠯᠵᠤ᠂ ᠥᠪᠥᠷ ᠮᠣᠩᠭᠣᠯ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠬᠢᠨᠠᠯᠲᠠ ᠬᠠᠮᠢᠶᠠᠷᠤᠯᠲᠠ ᠵᠢᠨ ᠠᠵᠢᠯ᠎ᠤᠨ ᠪᠠᠷᠢᠮᠵᠢᠶ᠎ᠠ ᠵᠢᠨ ᠰᠢᠰᠲ᠋ᠧᠮ᠎ᠢ ᠠᠯᠬᠤᠮ ᠠᠯᠬᠤᠮ ᠵᠶ᠋ᠠᠷ ᠪᠠᠢ᠌ᠭᠤᠯᠤᠨ ᠳᠠᠭᠤᠰᠬᠠᠵᠤ᠂ ᠦᠵᠡᠰᠬᠦᠯᠡᠩᠲᠦ ᠰᠠᠢ᠌ᠬᠠᠨ ᠥᠪᠥᠷ ᠮᠣᠩᠭᠣᠯ᠎ᠤᠨ ᠪᠦᠲᠦᠭᠡᠨ ᠪᠠᠢ᠌ᠭᠤᠯᠤᠯᠲᠠ ᠵᠢ ᠪᠦᠬᠦ ᠲᠠᠯ᠎ᠠ᠎ᠪᠠᠷ ᠠᠬᠢᠭᠤᠯᠬᠤ᠂ ᠮᠠᠨ᠎ᠤ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠡᠬᠢᠵᠢᠭᠦᠯᠬᠦ᠎ᠳᠤ ᠬᠦᠴᠦᠨ ᠴᠢᠳᠠᠯ ᠵᠶ᠋ᠠᠨ ᠡᠷᠭᠦᠨ᠎ᠡ᠃