ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ   -   ᠣᠷᠴᠢᠨ ᠲᠣᠭᠤᠷᠢᠨ᠎ᠤ ᠰᠤᠳᠤᠯᠭᠠᠨ
ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠶᠡᠷᠦ ᠵᠢᠨ ᠮᠡᠳᠡᠯᠭᠡ (ᠨᠢᠭᠡ ᠵᠠᠭᠤ ᠨᠠᠶᠠᠨ ᠲᠠᠪᠤ)
ᠨᠡᠶ᠋ᠢᠲᠡᠯᠡᠭᠰᠡᠨ ᠴᠠᠭ᠄ 2020-05-04

      ᠬᠤᠭᠤᠯᠠ ᠤᠮᠳᠠᠭ᠋ᠠᠨ᠎ᠤ ᠤᠳᠤᠭ᠎ᠠ ᠲᠤᠰᠤ ᠵᠢᠨ ᠠᠭ᠋ᠠᠷ ᠮᠠᠨᠳᠠᠯ᠎ᠤᠨ ᠣᠷᠴᠢᠨ ᠲᠣᠭᠣᠷᠢᠨ᠎ᠳᠤ ᠦᠵᠡᠭᠦᠯᠬᠦ ᠨᠥᠯᠥᠭᠡ
      ᠬᠤᠭᠤᠯᠠ ᠤᠮᠳᠠᠭ᠋ᠠᠨ᠎ᠤ ᠤᠳᠤᠭ᠎ᠠ ᠲᠤᠰᠤ ᠵᠢᠨ ᠲᠤᠬᠠᠢ ᠬᠦᠮᠦᠰ ᠲᠡᠬᠦᠨ᠎ᠢ ᠠᠭ᠋ᠠᠷ ᠮᠠᠨᠳᠠᠯ᠎ᠳᠤ ᠦᠵᠡᠬᠦᠯᠬᠦ ᠰᠦᠭᠡᠷᠬᠦ ᠨᠦᠯᠦᠭᠡ᠎ᠨᠢ ᠶᠠᠯᠢᠮ ᠦᠭᠡᠢ ᠦᠴᠦᠬᠡᠨ ᠪᠠᠢ᠌ᠬ᠎ᠠ ᠭᠡᠵᠦ ᠪᠤᠳᠤᠳᠠᠭ᠃ ᠭᠡᠪᠡᠴᠦ ᠦᠨᠡᠨ᠎ᠳᠡᠭᠡᠨ ᠲᠡᠷᠡ᠎ᠨᠢ ᠠᠵᠤ ᠦᠢ᠍ᠯᠡᠳᠪᠤᠷᠢ ᠵᠢᠨ ᠬᠠᠶᠠᠭᠳᠠᠮᠠᠯ ᠬᠡᠢ᠂ ᠮᠠᠰᠢᠨ ᠲᠡᠷᠭᠡᠨ᠎ᠤ ᠰᠡᠭᠦᠯ᠎ᠤᠨ ᠬᠡᠢ᠎ᠲᠠᠢ ᠨᠡᠢ᠌ᠯᠡᠭᠡᠳ ᠨᠢᠭᠡᠨᠲᠡ ᠬᠣᠲᠠ ᠵᠢᠨ ᠭᠤᠷᠪᠠᠨ ᠶᠡᠬᠡ 《ᠪᠣᠬᠢᠷᠲᠤᠯ 》᠎ᠤᠨ ᠨᠢᠭᠡ᠎ᠨᠢ ᠪᠤᠯᠵᠠᠢ᠃
      ᠲᠤᠰᠤᠨ ᠤᠲᠤᠭ᠋ᠠᠨ᠎ᠤ ᠪᠣᠬᠢᠷᠲᠤᠯ ᠪᠣᠳᠠᠰ᠎ᠤᠨ ᠪᠦᠷᠢᠯᠳᠦᠯ᠎ᠨᠢ ᠪᠤᠳᠤᠯᠢᠶᠠᠨᠲᠠᠢ᠂ ᠡᠭᠦᠨ᠎ᠳᠤ ᠭᠣᠣᠯᠳᠠᠭᠤ ᠮᠥᠬᠥᠯᠢᠭᠲᠦ ᠪᠣᠳᠠᠰ ᠪᠠ ᠭᠡᠢ ᠲᠥᠯᠥᠪᠲᠦ ᠣᠷᠭ᠋ᠠᠨᠢᠭ ᠪᠣᠳᠠᠰ ᠭᠡᠬᠦ ᠬᠣᠶᠠᠷ ᠵᠦᠢ᠍ᠯ ᠪᠠᠭᠲᠠᠨ᠎ᠠ᠃ ᠲᠣᠰᠣᠨ ᠤᠲᠤᠭ᠋ᠠᠨ᠎ᠤ ᠪᠦᠷᠢᠯᠳᠦᠬᠦᠨ᠎ᠨᠢ ᠲᠤᠶ᠋ᠢᠯ᠎ᠤᠨ ᠪᠤᠳᠤᠯᠢᠶᠠᠨᠲᠠᠶ᠂ ᠠᠳᠠᠯᠢ ᠪᠤᠰᠤ ᠲᠥᠷᠥᠯ᠎ᠤᠨ ᠢᠳᠡᠰᠢᠨ ᠲᠣᠰᠣ᠎ᠨᠢ ᠥᠨᠳᠥᠷ ᠳᠤᠯᠠᠭ᠋ᠠᠨ᠎ᠤ ᠳᠣᠣᠷ᠎ᠠ ᠣᠯᠠᠩᠬᠢ᠎ᠨᠢ 20 ᠭᠠᠷᠤᠶ ᠲᠥᠷᠥᠯ᠎ᠤᠨ ᠪᠦᠲᠦᠭᠡᠭᠳᠡᠭᠦᠨ᠎ᠢ ᠵᠠᠳᠠᠷᠠᠭᠤᠯᠵᠤ᠂ ᠭᠣᠤᠯᠳᠠᠭᠤ ᠠᠯᠳᠧᠭᠢᠳ᠋᠎ᠤᠨ ᠲᠥᠷᠥᠯ᠂ ᠺᠤᠲ᠋ᠣᠨ᠎ᠤ ᠲᠥᠷᠥᠯ᠂ ᠨᠡᠭᠦᠷᠦᠭᠴᠢ᠂ ᠥᠭᠡᠬᠦᠨ ᠬᠦᠴᠢᠯ᠂ ᠦᠨᠦᠷᠲᠦ ᠨᠢᠭᠡᠳᠪᠦᠷᠢ ᠵᠢᠴᠢ ᠬᠣᠯᠢᠮᠠᠭ ᠴᠠᠭ᠋ᠠᠷᠢᠭᠲᠤ ᠨᠢᠭᠡᠳᠪᠦᠷᠢ ᠵᠡᠷᠭᠡ ᠪᠠᠶ᠋ᠢᠵᠤ᠂ ᠠᠳᠠᠯᠢ ᠪᠤᠰᠤ ᠢᠳᠡᠭᠡᠨ᠎ᠨᠢ ᠥᠨᠳᠥᠷ ᠳᠤᠯᠠᠭ᠋ᠠᠨ᠎ᠳᠤ ᠠᠳᠠᠯᠢ ᠪᠤᠰᠤ ᠲᠥᠷᠥᠯ᠎ᠤᠨ ᠳᠡᠭᠳᠡᠮᠡᠬᠡᠶ ᠴᠢᠨᠠᠷᠲᠠᠶ ᠪᠣᠳᠠᠰ᠎ᠢ ᠡᠭᠦᠰᠬᠡᠵᠦ᠂ ᠡᠳᠡᠭᠡᠷ ᠪᠤᠳᠠᠰ᠎ᠨᠢ ᠬᠡᠳᠦᠨ ᠵᠠᠭᠤᠨ ᠲᠥᠷᠥᠯ᠎ᠳᠤ ᠬᠦᠷᠳᠡᠭ᠃
      ᠮᠥᠬᠥᠯᠢᠭᠲᠦ ᠪᠣᠳᠠᠰ᠎ᠤᠨ ᠪᠦᠷᠢᠯᠳᠦᠬᠦᠨ
      ᠮᠥᠬᠥᠯᠢᠭ᠎ᠤᠨ ᠳ᠋ᠢᠶᠠᠮᠧᠲᠷ᠎ᠤᠨ ᠣᠨᠴᠠᠯᠢᠭ᠄ ᠢᠳᠡᠭᠡᠨ ᠤᠮᠳᠠᠭ᠋ᠠᠨ᠎ᠤ ᠦᠢ᠍ᠯᠡᠰ᠎ᠤᠨ ᠭᠠᠳᠠᠭᠰᠢᠯᠠᠭᠤᠯᠤᠭᠰᠠᠨ ᠮᠥᠬᠥᠯᠢᠭᠲᠦ ᠪᠣᠳᠠᠰ (TSP)᠎ᠨᠢ PM2.5᠎ᠪᠠᠷ ᠭᠣᠣᠯᠯᠠᠵᠤ᠂ ᠪᠠᠷᠤᠭ ᠮᠥᠬᠥᠯᠢᠭᠲᠦ ᠪᠣᠳᠠᠰ᠎ᠤᠨ 76.91% ᠵᠢ ᠡᠵᠡᠯᠡᠨ᠎ᠡ᠃
      ᠮᠥᠬᠥᠯᠢᠭᠲᠦ ᠪᠣᠳᠠᠰ᠎ᠤᠨ ᠪᠦᠷᠢᠯᠳᠦᠬᠦᠨ᠎ᠤ ᠣᠨᠴᠠᠯᠢᠭ᠄ ᠠᠳᠠᠯᠢ ᠪᠤᠰᠤ ᠨᠣᠭᠣᠭ᠎ᠠ ᠬᠠᠭᠤᠷᠬᠤ ᠬᠡᠯᠪᠡᠷᠢ ᠪᠠ ᠲᠦᠭᠦᠬᠡᠢ ᠮᠠᠲ᠋ᠧᠷᠢᠶᠠᠯ᠎ᠨᠢ ᠮᠥᠬᠥᠯᠢᠭᠲᠦ ᠪᠣᠳᠠᠰ᠎ᠤᠨ ᠬᠢᠮᠢ ᠵᠢᠨ ᠪᠦᠷᠢᠯᠳᠦᠴᠡ ᠵᠢ ᠨᠥᠯᠥᠭᠡᠯᠡᠨ᠎ᠡ᠃ ᠣᠷᠭ᠋ᠠᠨᠢᠭ ᠮᠥᠬᠥᠯᠢᠭᠲᠦ ᠪᠣᠳᠠᠰ ᠪᠠᠷᠤᠭ 60% ᠵᠢ ᠡᠵᠡᠯᠡᠵᠦ᠂ ᠣᠷᠭ᠋ᠠᠨᠢᠭ ᠪᠤᠰᠤ ᠳᠠᠪᠤᠰᠤᠨ ᠮᠥᠬᠥᠯᠢᠭᠲᠦ ᠪᠣᠳᠠᠰ ᠪᠠᠷᠤᠭ 12%᠎ᠢ ᠡᠵᠡᠯᠡᠨ ᠣᠷᠭ᠋ᠠᠨᠢᠭ ᠪᠣᠳᠠᠰ ᠪᠠ ᠣᠷᠭ᠋ᠠᠨᠢᠭ ᠪᠤᠰᠤ ᠳᠠᠪᠤᠰᠤᠨ᠎ᠤ ᠨᠡᠶ᠋ᠢᠯᠡᠮᠡᠯ ᠮᠥᠬᠥᠯᠢᠭᠲᠦ ᠪᠣᠳᠠᠰ ᠪᠠᠷᠤᠭ 10% ᠵᠢ ᠡᠵᠡᠯᠡᠵᠦ᠂ ᠪᠤᠰᠤᠳ ᠦᠯᠦ ᠮᠡᠳᠡᠬᠦ ᠬᠢᠮᠢ ᠵᠢᠨ ᠪᠣᠳᠠᠰ ᠪᠠᠷᠤᠭ 18% ᠵᠢ ᠡᠵᠡᠯᠡᠨ᠎ᠡ᠃
      ᠬᠡᠢ ᠪᠡᠶᠡᠲᠦ ᠣᠷᠭ᠋ᠠᠨᠢᠭ ᠪᠣᠳᠠᠰ᠎ᠤᠨ ᠪᠦᠷᠢᠯᠳᠦᠬᠦᠨ
      ᠲᠤᠰᠤᠨ ᠤᠳᠤᠭ᠋ᠠᠨ᠎ᠤ ᠪᠤᠬᠢᠷᠳᠤᠯ ᠪᠤᠳᠠᠰ᠎ᠳᠠᠬᠢ ᠲᠡᠭᠳᠡᠮᠡᠬᠡᠢ ᠴᠢᠨᠠᠷᠲᠠᠢ ᠤᠷᠭ᠋ᠠᠨᠢᠭ ᠪᠤᠳᠠᠰ (VOCs)᠎ᠤᠨ ᠪᠦᠷᠢᠯᠳᠦᠬᠦᠨ᠎ᠨᠢ ᠮᠠᠰᠢ ᠪᠤᠳᠤᠯᠢᠶᠠᠨᠳᠠᠢ᠂ ᠭᠤᠤᠯ ᠪᠦᠷᠢᠯᠳᠦᠬᠦᠨ᠎ᠨᠢ ᠨᠡᠬᠦᠷᠦᠭᠴᠢ ᠵᠢᠨ ᠲᠦᠷᠦᠯ᠎ᠤᠨ ᠪᠤᠳᠠᠰ ᠪᠤᠯᠤᠨ ᠬᠦᠴᠢᠯᠳᠦ᠋ᠷᠦᠭᠴᠢᠳᠦ ᠤᠷᠭ᠋ᠠᠨᠢᠭ ᠪᠤᠳᠠᠰ (  ᠡᠬᠦᠨ᠎ᠳᠤ ᠮᠸᠲ᠋ᠠᠨ ᠪᠤᠰᠤ ᠨᠡᠬᠦᠷᠦᠭᠴᠢ ᠵᠢᠨ ᠲᠦᠷᠦᠯ᠎ᠤᠨ ᠪᠤᠳᠠᠰ᠎ᠨᠢ ᠪᠠᠷᠤᠭ 68% ᠵᠢ ᠡᠵᠡᠯᠡᠵᠦ᠂ ᠬᠦᠴᠢᠯᠳᠦ᠋ᠷᠦᠭᠴᠢᠳᠦ ᠤᠷᠭ᠋ᠠᠨᠢᠭ ᠪᠤᠳᠠᠰ᠎ᠨᠢ ᠪᠠᠷᠤᠭ 32% ᠵᠢ ᠡᠵᠡᠯᠡᠨ᠎ᠡ) ᠪᠠᠢ᠌ᠵᠤ᠂ ᠪᠠᠰᠠ ᠪᠸᠨ᠋ᠽᠤᠯ᠂ ᠠᠯᠺᠠᠨ ᠪᠠ ᠺᠸᠲ᠋ᠤᠨ᠎ᠤ ᠲᠦᠷᠦᠯ ᠵᠶ᠋ᠡᠷ ᠭᠤᠤᠯᠯᠠᠵᠤ᠂ ᠤᠨᠴᠠᠯᠢᠭᠳᠦ ᠪᠤᠳᠠᠰ᠎ᠨᠢ ᠮᠸᠲ᠋ᠢᠯᠳᠦ ᠪᠸᠨ᠋ᠽᠸᠨ᠂ ᠬᠤᠶᠠᠷ ᠮᠸᠲ᠋ᠢᠯᠳᠦ ᠪᠸᠨ᠋ᠽᠸᠨ᠂ ᠡᠲ᠋ᠢᠯᠳᠦ ᠪᠸᠨ᠋ᠽᠸᠨ᠂ ᠫᠢᠷᠤᠪᠠ ᠺᠸᠲ᠋ᠤᠨ᠂ ᠫᠢᠷᠤᠫᠸᠨ ᠵᠡᠷᠭᠡ ᠪᠤᠯᠤᠨ᠎ᠠ᠃ᠳᠡᠭᠳᠡᠮᠡᠬᠡᠶ ᠴᠢᠨᠠᠷᠲᠠᠶ ᠣᠷᠭ᠋ᠠᠨᠢᠭ ᠪᠣᠳᠠᠰ (VOCs) ᠪᠣᠯ ᠪᠣᠬᠢᠷ ᠮᠠᠨᠠᠨ ᠪᠠ ᠣᠽᠣᠨ᠎ᠤ ᠤᠷᠢᠳᠠᠬᠢ ᠴᠣᠭᠴᠠ ᠵᠢᠨ ᠪᠣᠳᠠᠰ᠎ᠤᠨ ᠨᠢᠭᠡ ᠪᠣᠯᠤᠨ᠎ᠠ᠃

      ᠬᠤᠭᠤᠯᠠ ᠤᠮᠳᠠᠭ᠋ᠠᠨ᠎ᠤ ᠲᠣᠰᠣᠨ ᠣᠲᠣᠭ᠎ᠠ᠎ᠨᠢ ᠠᠭ᠋ᠠᠷ ᠮᠠᠨᠳᠠᠯ᠎ᠤᠨ ᠣᠷᠴᠢᠨ ᠲᠣᠭᠣᠷᠢᠨ᠎ᠢ ᠬᠡᠷᠬᠢᠨ ᠨᠥᠯᠥᠭᠡᠯᠡᠳᠡᠭ ᠪᠣᠶ?
      ᠬᠤᠭᠤᠯᠠ ᠤᠮᠳᠠᠭ᠋ᠠᠨ᠎ᠤ ᠲᠣᠰᠣᠨ ᠤᠲᠤᠭ᠎ᠠ ᠪᠤᠯ PM2.5 ᠵᠢᠨ ᠰᠢᠭᠤᠳ ᠭᠠᠳᠠᠭᠰᠢᠯᠠᠭᠤᠯᠬᠤ ᠡᠬᠢ ᠰᠤᠷᠪᠤᠯᠵᠢ ᠵᠢᠨ ᠨᠢᠭᠡ ᠮᠦᠨ᠃ ᠳᠠᠷᠠᠭ᠎ᠠ᠎ᠨᠢ ᠲᠣᠰᠣᠨ ᠤᠲᠤᠭ᠎ᠠ ᠳᠣᠲᠣᠷ᠎ᠠ ᠣᠯᠠᠨ ᠵᠤᠢ᠌ᠯ᠎ᠤᠨ ᠳᠡᠭᠳᠡᠮᠡᠬᠡᠶ ᠣᠷᠭ᠋ᠠᠨᠢᠭ ᠪᠣᠳᠠᠰ ᠠᠭᠤᠯᠵᠤ ᠪᠠᠢ᠌ᠨ᠎ᠠ᠃ ᠲᠡᠷᠡ᠎ᠨᠢ ᠣᠷᠴᠢᠨ ᠲᠣᠭᠣᠷᠢᠨ᠎ᠳᠠᠬᠢ ᠠᠽᠣᠲ᠎ᠤᠨ ᠢᠰᠦᠮᠡᠭ᠎ᠲᠠᠢ ᠤᠷᠪᠠᠯ ᠡᠭᠦᠰᠴᠦ ᠪᠤᠯᠬᠤ ᠪᠦᠭᠡᠳ ᠠᠭ᠋ᠠᠷ ᠮᠠᠨᠳᠠᠯ᠎ᠤᠨ ᠢᠰᠦᠯᠳᠦᠬᠦ ᠴᠢᠨᠠᠷ᠎ᠢ ᠨᠡᠮᠡᠭᠳᠡᠭᠦᠯᠦᠨ ᠬᠣᠶᠠᠳᠠᠬᠢ ᠮᠥᠬᠥᠯᠢᠭᠲᠦ ᠪᠣᠳᠠᠰ᠎ᠤᠨ ᠪᠦᠷᠢᠯᠳᠦᠯ᠎ᠢ ᠲᠦᠷᠭᠡᠳᠬᠡᠨ᠎ᠡ᠃

      ᠲᠣᠰᠣᠨ ᠤᠲᠤᠭ᠋ᠠᠨ᠎ᠤ ᠪᠣᠬᠢᠷᠲᠤᠯ ᠪᠣᠳᠠᠰ ᠳᠠᠮ ᠵᠶ᠋ᠠᠷ ᠣᠽᠣᠨ ᠡᠭᠦᠰᠭᠡᠨ᠎ᠡ᠃ ᠶᠡᠬᠡ ᠬᠡᠮᠵᠢᠶᠡᠨ᠎ᠤ   ᠰᠢᠢ᠍ᠳᠪᠤᠷᠢᠯᠡᠭᠡᠳᠦᠢ ᠳᠤᠰᠤᠨ ᠤᠲᠤᠭ᠋ᠠᠨ᠎ᠤ ᠪᠣᠬᠢᠷᠲᠤᠯ ᠪᠣᠳᠠᠰ᠎ᠢ ᠠᠭ᠋ᠠᠷ ᠮᠠᠨᠳᠠᠯ᠎ᠳᠤ ᠢᠯᠭ᠋ᠠᠷᠠᠭᠤᠯᠤᠨ ᠭᠠᠷᠭ᠋ᠠᠪᠠᠯ ᠳᠠᠮ ᠵᠶ᠋ᠠᠷ ᠶᠡᠬᠡ ᠬᠡᠮᠵᠢᠶᠡᠨ᠎ᠤ ᠣᠽᠣᠨ ᠡᠭᠦᠰᠭᠡᠨ᠎ᠡ᠃ ᠳᠣᠣᠷ᠎ᠠ ᠥᠳᠬᠡᠴᠡ᠎ᠲᠠᠢ ᠣᠽᠣᠨ᠎ᠢ ᠠᠷᠢᠭᠤᠳᠬᠠᠵᠤ ᠪᠣᠯᠤᠨ᠎ᠠ᠃ ᠡᠩ᠎ᠤᠨ ᠪᠠᠢ᠌ᠳᠠᠯ᠎ᠳᠤ ᠣᠶ ᠰᠢᠭᠤᠢ᠌ᠲᠤ ᠭᠠᠵᠠᠷ ᠣᠷᠣᠨ᠎ᠤ ᠣᠽᠣᠨ᠎ᠤ ᠥᠳᠬᠡᠴᠡ᠎ᠨᠢ 0.1 ppm ᠬᠦᠷᠳᠡᠭ᠂ ᠭᠡᠲᠡᠯ᠎ᠡ ᠪᠠᠷᠢᠮᠵᠢᠶ᠎ᠠ᠎ᠠᠴᠠ ᠬᠡᠲᠦᠷᠡᠭᠰᠡᠨ ᠣᠽᠣᠨ ᠪᠣᠯ ᠬᠠᠷᠢᠨ ᠳᠠᠯᠳᠠ ᠬᠦᠨᠦᠭᠡᠯ ᠶᠡᠬᠡ ᠪᠠᠢ᠌ᠳᠠᠭ᠃

      ᠲᠣᠰᠣᠨ ᠤᠲᠤᠭ᠋ᠠᠨ᠎ᠤ ᠪᠣᠬᠢᠷᠲᠤᠯ ᠪᠣᠳᠠᠰ ᠪᠣᠬᠢᠷ ᠮᠠᠨᠠᠨ ᠪᠦᠷᠢᠯᠳᠦᠬᠦ᠎ᠳᠤ ᠨᠥᠯᠥᠭᠡᠯᠡᠳᠡᠭ᠃ ᠬᠤᠭᠤᠯᠠ ᠤᠮᠳᠠᠭ᠋ᠠᠨ᠎ᠤ ᠦᠢ᠍ᠯᠡᠰ᠎ᠤᠨ ᠭᠠᠳᠠᠭᠰᠢᠯᠠᠭᠤᠯᠤᠭᠰᠠᠨ ᠮᠥᠬᠥᠯᠢᠭᠲᠦ ᠪᠣᠳᠠᠰ (TSP)᠎ᠨᠢ PM2.5᠎ᠪᠠᠷ ᠭᠣᠣᠯᠯᠠᠵᠤ᠂ ᠪᠠᠷᠤᠭ ᠮᠥᠬᠥᠯᠢᠭᠲᠦ ᠪᠣᠳᠠᠰ᠎ᠤᠨ 76.91% ᠵᠢ ᠡᠵᠡᠯᠡᠳᠡᠭ᠂ PM2.5 ᠪᠣᠯ ᠪᠣᠬᠢᠷ ᠮᠠᠨᠠᠨ ᠡᠭᠦᠰᠬᠦ ᠭᠣᠣᠯ ᠡᠯᠧᠮᠧᠨ᠋ᠲ ᠪᠣᠯᠤᠨ᠎ᠠ᠃ ᠪᠣᠬᠢᠷ ᠮᠠᠨᠠᠨ᠎ᠨᠢ ᠬᠥᠮᠦᠰ᠎ᠤᠨ ᠪᠡᠶ᠎ᠡ ᠮᠠᠬᠠᠪᠣᠳ᠎ᠤᠨ ᠡᠷᠡᠭᠦᠯ ᠴᠢᠭᠢᠷᠠᠭ᠂ ᠰᠡᠳᠬᠢᠴᠡ ᠵᠢᠨ ᠡᠷᠡᠭᠦᠯ ᠮᠡᠨᠳᠦ᠂ ᠶᠠᠪᠤᠵᠤ ᠰᠠᠭᠤᠬᠤ ᠠᠮᠤᠷ ᠲᠦᠪᠰᠢᠨ᠂ ᠣᠷᠣᠨ ᠪᠦᠰᠡ ᠵᠢᠨ ᠠᠭᠤᠷ ᠠᠮᠢᠰᠬᠤᠯ ᠵᠡᠷᠭᠡ᠎ᠳᠤ ᠴᠥᠮ ᠨᠡᠯᠢᠶᠡᠳ ᠶᠡᠬᠡ ᠨᠥᠯᠥᠭᠡ ᠦᠵᠡᠭᠦᠯᠳᠡᠭ᠃

      ᠣᠷᠣᠨ ᠪᠦᠰᠡ ᠵᠢᠨ ᠠᠭᠤᠷ ᠠᠮᠢᠰᠬᠤᠯ᠎ᠢ ᠨᠥᠯᠥᠭᠡᠯᠡᠨ᠎ᠡ᠃ ᠣᠷᠣᠨ ᠪᠦᠰᠡ ᠵᠢᠨ ᠬᠡᠳᠦᠷᠮᠡᠬᠡᠢ ᠠᠭᠤᠷ ᠠᠮᠢᠰᠬᠤᠯ᠎ᠤᠨ ᠬᠡᠷᠡᠭ᠎ᠢ ᠣᠯᠠᠨᠲᠠ ᠡᠭᠦᠰᠬᠡᠨ᠂ ᠴᠠᠭ ᠠᠭ᠋ᠠᠷ᠎ᠤᠨ ᠭᠠᠮᠰᠢᠭ ᠪᠠᠢ᠌ᠨ ᠲᠠᠬᠢᠨ ᠡᠭᠦᠰᠦᠨ᠎ᠡ᠃ ᠪᠣᠬᠢᠷ ᠮᠠᠨᠠᠨ ᠪᠠᠰᠠ ᠬᠣᠲᠠ ᠵᠢᠨ ᠭᠡᠷᠡᠯ ᠬᠢᠮᠢ ᠵᠢᠨ ᠤᠲᠤᠭ᠎ᠠ ᠤᠨᠢᠶᠠᠷ᠎ᠤᠨ ᠪᠣᠬᠢᠷᠲᠤᠯ᠎ᠢ ᠤᠷᠢᠳᠴᠢᠯᠠᠨ ᠢᠷᠡᠬᠦ ᠵᠢ ᠲᠦᠷᠭᠡᠳᠬᠡᠵᠡᠶ᠃ ᠭᠡᠷᠡᠯ ᠬᠢᠮᠢ ᠵᠢᠨ ᠤᠳᠦᠭ᠎ᠠ ᠤᠨᠢᠶᠠᠷ ᠪᠣᠯ ᠨᠢᠭᠡ ᠵᠦᠢ᠍ᠯ᠎ᠤᠨ ᠭᠦᠢ᠍ᠬᠡᠨ ᠴᠡᠩᠬᠡᠷ ᠦᠩᠭᠡ᠎ᠲᠠᠢ ᠤᠳᠤᠭ᠎ᠠ ᠤᠨᠢᠶᠠᠷ ᠪᠣᠯᠣᠨ᠎ᠠ᠂ ᠲᠡᠭᠦᠨ᠎ᠤ ᠭᠣᠣᠯ ᠪᠦᠷᠢᠯᠳᠦᠬᠦᠨ᠎ᠨᠢ ᠨᠢᠭᠡ ᠰᠢᠷᠢᠰ ᠢᠰᠦᠯᠳᠦᠭᠦᠯᠦᠭᠴᠢ ᠪᠠᠢ᠌ᠳᠠᠭ᠂ ᠵᠢᠱ᠌ᠢᠶᠡᠯᠡᠪᠡᠯ ᠣᠽᠣᠨ᠂ ᠠᠯᠳᠧᠭᠢᠳ᠋᠎ᠤᠨ ᠲᠤᠢ᠍ᠷᠦᠯ᠂ ᠺᠤᠲ᠋ᠦᠠ ᠵᠡᠷᠭᠡ᠂ ᠮᠠᠰᠢ ᠬᠣᠣᠷᠲᠠᠢ᠂ ᠬᠥᠮᠦᠨ᠎ᠤ ᠪᠡᠶ᠎ᠡ᠎ᠳᠤ ᠴᠢᠩᠭ᠎ᠠ ᠰᠡᠳᠡᠯᠲᠡ ᠵᠢᠨ ᠦᠢ᠍ᠯᠡᠳᠦᠯ᠎ᠲᠠᠢ᠂ ᠬᠦᠨᠳᠦ ᠨᠣᠴᠢᠲᠠᠢ ᠦᠶ᠎ᠡ᠎ᠳᠤ ᠬᠥᠮᠦᠨ ᠠᠮᠢᠰᠬᠤᠬᠤ᠎ᠳᠤ ᠬᠦᠴᠢᠷᠳᠡᠬᠦ᠂ ᠬᠠᠷᠠᠭ᠎ᠠ ᠮᠠᠭᠤᠳᠠᠬᠤ᠂ ᠭᠠᠷ ᠬᠦᠯ ᠲᠠᠲᠠᠪᠠᠯᠵᠠᠬᠤ ᠵᠡᠷᠭᠡ ᠦᠵᠡᠭᠳᠡᠯ ᠭᠠᠷᠳᠠᠭ᠃

      ᠵᠠᠮ ᠬᠠᠷᠢᠯᠴᠠᠭ᠋ᠠᠨ᠎ᠤ ᠠᠮᠤᠷ ᠲᠦᠪᠰᠢᠨ᠎ᠢ ᠨᠥᠯᠥᠭᠡᠯᠡᠨ᠎ᠡ᠃ ᠪᠣᠬᠢᠷ ᠮᠠᠨᠠᠨ ᠡᠭᠦᠰᠬᠦ ᠦᠶᠡᠰ ᠭᠠᠳᠠᠨᠠᠬᠢ ᠬᠠᠷᠠᠭᠳᠠᠴᠠ ᠲᠤᠩ ᠳᠣᠣᠷ᠎ᠠ᠂ ᠪᠣᠬᠢᠷᠲᠤᠯ ᠦᠷᠭᠦᠯᠵᠢᠯᠡᠪᠡᠯ᠂ ᠵᠠᠮ ᠬᠠᠷᠢᠯᠴᠠᠭ᠎ᠠ ᠲᠥᠭᠵᠢᠷᠡᠵᠦ᠂ ᠣᠰᠣᠯ ᠡᠨᠳᠡᠯ ᠣᠯᠠᠨᠲᠠ ᠡᠭᠦᠰᠳᠡᠭ᠃

      ᠬᠡᠷᠬᠢᠨ ᠲᠣᠰᠣᠨ ᠤᠲᠤᠭ᠎ᠠ ᠡᠭᠦᠰᠬᠦ ᠵᠢ ᠪᠠᠭ᠋ᠠᠰᠬᠠᠬᠤ ᠪᠤᠢ?
      ᠠᠯᠢ ᠴᠢᠳᠠᠬᠤ᠎ᠪᠠᠷ ᠵᠢᠩᠨᠡᠬᠦ᠂ ᠴᠢᠨᠠᠬᠤ᠂ ᠬᠠᠯᠠᠭ᠋ᠠᠬᠤ᠎ᠪᠠᠷ ᠭᠣᠣᠯᠯᠠᠵᠤ᠂ ᠬᠠᠭ᠋ᠠᠷᠢᠬᠤ᠂ ᠬᠠᠭᠤᠷᠬᠤ᠂ ᠰᠢᠷᠠᠬᠤ ᠵᠢ ᠪᠠᠭ᠋ᠠᠰᠬᠠᠪᠠᠯ ᠲᠣᠰᠣᠨ ᠤᠲᠤᠭ᠎ᠠ ᠵᠢ ᠨᠡᠯᠢᠶᠡᠳ ᠪᠠᠭ᠋ᠠᠰᠬᠠᠵᠤ ᠴᠢᠳᠠᠨ᠎ᠠ᠃
ᠴᠢᠨᠠᠷ ᠰᠠᠶ᠋ᠢᠲᠠᠶ ᠢᠳᠡᠰᠢᠨ ᠲᠣᠰᠣ ᠵᠢ ᠰᠣᠩᠭᠣᠨ ᠬᠡᠷᠡᠭᠯᠡᠪᠡᠯ ᠪᠠᠰᠠ ᠲᠣᠰᠣᠨ ᠣᠲᠣᠭ᠎ᠠ ᠡᠭᠦᠰᠬᠦ ᠵᠢ ᠪᠦᠲᠦᠮᠵᠢᠲᠡᠶ ᠪᠠᠭ᠋ᠠᠰᠬᠠᠵᠤ ᠪᠣᠯᠤᠨ᠎ᠠ᠃
      ᠪᠦᠳᠦᠭᠦᠯᠢᠭ ᠲᠣᠰᠣ᠂ ᠦᠯᠡᠳᠡᠪᠦᠷᠢ ᠲᠣᠰᠣ ᠬᠡᠷᠡᠭᠯᠡᠵᠦ ᠪᠣᠯᠬᠤ ᠦᠭᠡᠢ᠃ ᠨᠠᠷᠢᠯᠢᠭ ᠪᠣᠯᠪᠠᠰᠤᠷᠠᠭᠤᠯᠤᠭᠰᠠᠨ ᠦᠭᠡᠢ ᠲᠤᠰᠤ ᠪᠣᠯᠤᠨ ᠦᠯᠡᠳᠡᠭᠳᠡᠯ ᠲᠤᠰᠤᠨ᠎ᠤ ᠬᠣᠯᠢᠴᠠ᠎ᠨᠢ ᠠᠷᠪᠢᠨ᠂ ᠨᠣᠭᠣᠭ᠎ᠠ ᠬᠠᠭᠤᠷᠬᠤ ᠦᠶ᠎ᠡ᠎ᠳᠤ ᠨᠡᠩ ᠤᠯᠠᠨ ᠲᠤᠰᠤᠨ ᠤᠳᠤᠭ᠎ᠠ ᠡᠭᠦᠰᠬᠡᠳᠡᠭ᠃
      ᠬᠠᠭᠤᠷᠤᠯᠭ᠎ᠠ ᠵᠢᠨ ᠲᠣᠰᠣᠨ᠎ᠤ ᠳᠤᠯᠠᠭ᠋ᠠᠨ᠎ᠢ ᠪᠠᠭᠤᠷᠠᠭᠤᠯᠤᠨ᠎ᠠ᠃ ᠴᠡᠪᠡᠷ ᠥᠭᠡᠬᠦ ᠲᠣᠰᠣᠨ᠎ᠤ ᠤᠲᠤᠭ᠋ᠠᠨ ᠴᠡᠭ 190 ᠭ᠋ᠷᠠᠳᠦ᠋ᠰ᠎ᠠᠴᠠ ᠥᠨᠳᠥᠷ ᠪᠠᠶ᠋ᠢᠵᠤ᠂ ᠢᠯᠡᠷᠬᠡᠶ ᠤᠲᠤᠭ᠎ᠠ ᠭᠠᠷᠬᠤ ᠥᠬᠡᠶ ᠪᠣᠯ ᠳᠠᠷᠤᠶ ᠬᠡᠪ᠎ᠤᠨ ᠨᠣᠭᠣᠭ᠎ᠠ ᠬᠠᠭᠤᠷᠬᠤ ᠳᠤᠯᠠᠭ᠋ᠠᠨ᠎ᠤ ᠬᠡᠮᠵᠢᠶ᠎ᠡ᠎ᠳᠤ ᠬᠦᠷᠴᠦ ᠴᠢᠳᠠᠨ᠎ᠠ᠃
      ᠲᠣᠭᠣᠭ᠋ᠠᠨ᠎ᠳᠤ ᠬᠡᠲᠦᠷᠬᠡᠶ ᠬᠠᠯᠠᠭᠤᠨ ᠵᠶ᠋ᠠᠷ ᠬᠣᠭᠣᠯᠠ ᠬᠢᠬᠦ ᠠᠷᠭ᠎ᠠ ᠵᠢ ᠲᠠᠰᠤ ᠵᠣᠭᠰᠣᠭ᠋ᠠᠬᠤ ᠬᠡᠷᠡᠭᠲᠡᠶ᠂ ᠡᠨᠡ ᠠᠷᠭ᠎ᠠ᠎ᠨᠢ ᠲᠣᠰᠣᠨ ᠣᠲᠣᠭ᠎ᠠ ᠡᠭᠦᠰᠭᠡᠬᠦ᠎ᠪᠠᠷ ᠪᠠᠷᠠᠬᠤ ᠥᠬᠡᠶ᠂ ᠪᠠᠰᠠ ᠢᠳᠡᠭᠡᠨ᠎ᠤ ᠮᠠᠲ᠋ᠧᠷᠢᠶᠠᠯ᠎ᠢ ᠰᠢᠭᠤᠳ ᠥᠨᠳᠥᠷ ᠳᠤᠯᠠᠭᠠ᠎ᠤ ᠨᠥᠯᠥᠭᠡ ᠵᠢ ᠬᠦᠷᠲᠡᠭᠡᠵᠦ ᠥᠮᠡᠨ ᠡᠭᠦᠰᠭᠡᠬᠦ ᠪᠣᠳᠠᠰ᠎ᠢ ᠨᠠᠩ ᠣᠯᠠᠨ ᠪᠣᠶ ᠪᠣᠯᠭ᠋ᠠᠳᠠᠭ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠣᠷᠴᠢᠨ ᠲᠤᠭᠤᠷᠢᠨ᠎ᠢ ᠬᠠᠮᠠᠭ᠋ᠠᠯᠠᠬᠤ ᠮᠡᠳᠡᠯᠭᠡ (203)
《ᠭᠤᠷᠪᠠᠨ ᠱᠤᠭᠤᠮ ᠨᠢᠭᠡ ᠬᠠᠭᠤᠳᠠᠰᠤ》 ᠵᠢ ᠪᠣᠳᠠᠲᠠᠢ᠍ᠢ᠍ᠵᠢᠭᠤᠯᠤᠨ ᠬᠡᠷᠡᠭᠵᠢᠭᠦᠯᠬᠦ ᠵᠢ ᠦᠨᠡᠨ ᠬᠦ᠌ ᠠᠬᠢᠭᠤᠯᠤᠨ ᠬᠦᠨᠵᠡᠭᠡᠢ᠍ᠢ᠍ᠷᠡᠭᠦᠯᠪᠡ
ᠣᠷᠴᠢᠨ ᠠᠬᠤᠶ ᠵᠢ ᠬᠠᠮᠠᠭ᠋ᠠᠯᠠᠬᠤ ᠮᠡᠳᠡᠯᠭᠡ (226)
ᠬᠦᠰᠡᠯ ᠨᠠᠢ᠌ᠳᠠᠯᠭ᠎ᠠ ᠵᠢ ᠪᠠᠲᠤ ᠴᠡᠭᠡᠵᠢᠯᠡᠵᠦ ᠠᠴᠢ ᠬᠠᠷᠢᠭᠤᠯᠠᠵᠤ ᠡᠷᠡᠯᠬᠡᠭᠯᠡᠨ ᠤᠷᠤᠭᠰᠢᠯᠠᠵᠤ ᠡᠬᠡ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠠᠲᠤ ᠴᠣᠭᠴᠠᠯᠠᠨ᠎ᠠ — ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠵᠢᠨ ᠣᠷᠴᠢᠨ ᠲᠣᠭᠣᠷᠢᠨ᠎ᠤ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠨᠠᠮ᠎ᠤᠨ ᠶᠡᠷᠦᠩᠬᠡᠢ ᠡᠭᠦᠷ᠎ᠤᠨ᠎ᠬᠢᠨ ᠬᠠᠮᠲᠤᠷᠠᠨ ᠰᠢ ᠵᠢᠨ ᠫᠢᠩ ᠶᠡᠷᠦᠩᠬᠡᠢ ᠱᠦᠵᠢ ᠵᠢᠨ ᠥᠪᠥᠷ ᠮᠣᠩᠭᠣᠯ᠎ᠳᠤ ᠰᠢᠨᠵᠢᠯᠡᠨ ᠪᠠᠢ᠌ᠴᠠᠭ᠋ᠠᠬᠤ ᠦᠶ᠎ᠡ ᠵᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠬᠤ᠂ ᠥᠪᠥᠷ ᠮᠣᠩᠭᠣᠯ᠎ᠤᠨ ᠪᠠᠶ᠋ᠢᠳᠠᠯ᠎ᠢ ᠣᠢ᠌ᠯᠠᠭ᠋ᠠᠬᠤ ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠥᠷᠨᠢᠭᠦᠯᠪᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠵᠢᠨ ᠣᠷᠴᠢᠨ ᠲᠣᠭᠣᠷᠢᠨ᠎ᠤ ᠰᠢᠨᠵᠢᠯᠡᠬᠦ ᠤᠬᠠᠭ᠋ᠠᠨ᠎ᠤ ᠬᠦᠷᠢᠶᠡᠯᠡᠩ 2023 ᠣᠨ᠎ᠤ ᠳᠡᠭᠡᠷ᠎ᠡ ᠬᠠᠭ᠋ᠠᠰ ᠵᠢᠯ᠎ᠤᠨ ᠠᠵᠢᠯ᠎ᠤᠨ ᠬᠠᠷᠢᠭᠤ ᠮᠡᠳᠡᠭᠦᠯᠦᠯᠲᠡ ᠵᠢᠴᠢ ᠲᠥᠪ (ᠶᠠᠮᠤᠨ ᠲᠠᠰᠤᠭ)᠎ᠤᠨ ᠣᠨ᠎ᠤ ᠳᠤᠮᠳᠠ ᠵᠢᠨ ᠬᠢᠨᠠᠨ ᠰᠢᠯᠭ᠋ᠠᠯᠲᠠ ᠵᠢᠨ ᠬᠤᠷᠠᠯ ᠬᠤᠷᠠᠯᠳᠤᠭᠤᠯᠪᠠ
 
             蒙ICP备05000248号