ᠱᠢᠨᠬᠤᠸᠠ ᠬᠣᠷᠢᠶ᠎ᠠ᠎ᠶ᠋ᠢᠨ ᠪᠡᠭᠡᠵᠢᠩ᠎ᠦᠨ 7 ᠰᠠᠷ᠎ᠠ᠎ᠶ᠋ᠢᠨ 17 ᠦ ᠴᠠᠬᠢᠯᠭᠠᠨ ᠮᠡᠳᠡᠭᠡ ᠳᠣᠮᠳᠠᠳᠣ ᠣᠯᠣᠰ᠎ᠤᠨ ᠡᠪ ᠬᠠᠮᠲᠤ ᠨᠠᠮ᠎ᠤᠨ ᠲᠦᠪ ᠬᠣᠷᠢᠶ᠎ᠠ᠎ᠶ᠋ᠢᠨ ᠨᠢᠭᠡᠳᠦᠮᠡᠯ ᠹᠷᠣᠨᠲ᠎ᠤᠨ ᠠᠵᠢᠯ᠎ᠤᠨ ᠬᠡᠯᠲᠡᠰ᠂ ᠣᠯᠣᠰ᠎ᠤᠨ ᠦᠨᠳᠦᠰᠦᠲᠡᠨ᠎ᠦ ᠬᠡᠷᠡᠭ ᠡᠷᠬᠢᠯᠡᠬᠦ᠌ ᠵᠦᠪᠯᠡᠯ᠎ᠡᠴᠡ ᠵᠣᠬᠢᠶᠠᠨ ᠪᠠᠢᠭᠤᠯᠵᠤ ᠨᠠᠢᠷᠠᠭᠤᠯᠤᠭ᠍ᠰᠠᠨ 《ᠶᠡᠷᠤᠩᠬᠢ ᠱᠦᠵᠢ ᠰᠢ ᠵᠢᠨ ᠫᠢᠩ᠎ᠦᠨ ᠦᠨᠳᠦᠰᠦᠲᠡᠨ᠎ᠦ ᠠᠵᠢᠯ᠎ᠢ ᠴᠢᠩᠭᠠᠳᠭᠠᠨ ᠰᠠᠢᠵᠢᠷᠠᠭᠤᠯᠬᠤ ᠲᠣᠬᠠᠢ ᠴᠢᠬᠤᠯᠠ ᠦᠵᠡᠯ ᠰᠠᠨᠠᠭ᠎ᠠ᠎ᠶ᠋ᠢᠨ ᠰᠣᠷᠣᠯᠴᠠᠭ᠎ᠠ᠎ᠶ᠋ᠢᠨ ᠣᠩᠱᠢᠬᠣ ᠪᠢᠴᠢᠭ》 ᠦᠨ ᠮᠣᠩᠭᠣᠯ ᠬᠡᠯᠡ᠂ ᠲᠦᠪᠡᠳ ᠬᠡᠯᠡ᠂ ᠣᠢᠭᠣᠷ ᠬᠡᠯᠡ᠂ ᠬᠠᠰᠠᠭ ᠬᠡᠯᠡ᠂ ᠰᠣᠯᠣᠩᠭᠣᠰ ᠬᠡᠯᠡ ᠵᠡᠷᠭᠡ 5 ᠵᠦᠢᠯ᠎ᠦᠨ ᠦᠨᠳᠦᠰᠦᠲᠡᠨ᠎ᠦ ᠦᠰᠦᠭ ᠪᠢᠴᠢᠭ᠎ᠦᠨ ᠬᠡᠪᠯᠡᠯ᠎ᠢ ᠨᠢᠭᠡᠨᠲᠡ ᠳᠣᠮᠳᠠᠳᠤ ᠣᠯᠣᠰ᠎ᠤᠨ ᠦᠨᠳᠦᠰᠦᠲᠡᠨ᠎ᠦ ᠬᠡᠯᠡ ᠪᠢᠴᠢᠭ᠎ᠦᠨ ᠣᠷᠴᠢᠭᠣᠯᠭ᠎ᠠ᠎ᠶ᠋ᠢᠨ ᠲᠣᠪᠴᠢᠶ᠎ᠠ᠎ᠠᠴᠠ ᠣᠷᠴᠢᠭᠤᠯᠵᠤ᠂ ᠦᠨᠳᠦᠰᠦᠲᠡᠨ᠎ᠦ ᠬᠡᠪᠯᠡᠯ᠎ᠦᠨ ᠬᠣᠷᠢᠶ᠎ᠠ᠎ᠠᠴᠠ ᠬᠡᠪᠯᠡᠭᠦᠯᠵᠦ᠍ ᠲᠣᠰ ᠡᠳᠦᠷ᠎ᠡᠴᠡ ᠡᠬᠢᠯᠡᠨ ᠪᠦᠬᠦ᠌ ᠤᠯᠤᠰ᠎ᠲᠤ ᠲᠠᠷᠬᠠᠭᠠᠪᠠ᠃